ᠮᠦᠩᠭᠡ᠎ᠶ᠋ᠢᠨ ᠬᠦᠱᠢᠶ᠎ᠡ ᠡᠵᠢ ᠮᠢᠨᠢ
2026-05-06 14:59:09
ᠵᠣᠬᠢᠶᠠᠭ᠍ᠴᠢ᠄
ᠪᠡ᠊·ᠠᠯᠳᠠᠨᠴᠡᠴᠡᠭ
ᠣᠩᠱᠢᠭ᠍ᠰᠠᠨ ᠣᠳᠠᠭ᠎ᠠ᠄
★★★☆☆

ᠪᠠᠢᠩᠭᠤ ᠯᠠ ᠬᠦᠭ᠌ᠳᠡᠢ ᠱᠤᠭ᠍ᠳᠠᠢ ᠶᠠᠭᠤᠮ᠎ᠠ ᠶᠠᠷᠢᠵᠤ ᠠᠭᠤᠯᠵᠠᠭ᠍ᠰᠠᠨ ᠤᠴᠠᠷᠠᠭ᠍ᠰᠠᠨ ᠪᠦᠬᠦᠳᠡ᠎ᠶ᠋ᠢ ᠢᠨᠢᠶᠡᠯᠭᠡᠵᠦ᠍ ᠪᠠᠶᠠᠰᠭᠠᠵᠤ ᠶᠠᠪᠤᠳᠠᠭ ᠮᠠᠨ᠎ᠤ ᠰᠠᠭᠤᠭᠠᠯᠢ ᠲᠤᠭᠤᠷᠢᠭ᠎ᠤᠨ ᠨᠤᠷᠵᠢᠮ᠎ᠠ ᠡᠭᠡᠴᠢ 《ᠰᠠᠢᠨ ᠤᠤ? ᠭᠡᠷ ᠲᠠᠶᠠᠭᠠᠷ᠎ᠢᠶᠠᠨ ᠰᠠᠢᠨ ᠪᠠᠢᠵᠠᠭᠠᠨ᠎ᠠ ᠤᠤ?》 ᠭᠡᠭ᠌ᠰᠡᠭᠡᠷ ᠤᠷᠤᠵᠤ ᠢᠷᠡᠪᠡ᠃ ᠴᠢᠷᠠᠢ᠎ᠨᠢ ᠨᠢᠬᠡ ᠯᠡ ᠲᠦᠩᠰᠦᠭᠡᠷ᠃

《ᠰᠠᠢᠨ᠂ ᠰᠠᠢᠨ ᠤᠤ? ᠲᠡᠨ᠎ᠤ ᠪᠡᠶ᠎ᠡ ᠭᠠᠢᠭᠤᠢ ᠪᠢᠵᠡ?》 ᠭᠡᠰᠡᠨ᠎ᠳᠤ 《ᠰᠠᠢᠨ᠂ ᠰᠠᠢᠨ᠃ ᠰᠠᠢᠨ ᠯᠠ ᠪᠠᠢᠨ᠎ᠠ!》 ᠭᠡᠰᠡᠨ᠎ᠢᠶᠠᠨ《ᠤᠷᠢᠳᠦ ᠰᠦᠨᠢ ᠪᠢ ᠡᠵᠢ᠎ᠪᠠᠨ ᠢᠨᠢᠶᠡᠳᠦ ᠠᠯᠳᠠᠨ ᠤᠷᠤᠵᠤ ᠢᠷᠡᠵᠦ᠍ ᠪᠠᠢᠨ᠎ᠠ ᠭᠡᠵᠤ ᠵᠡᠬᠦᠳᠦᠯᠡᠯ᠎ᠡ᠃ ᠰᠠᠢᠬᠠᠨ ᠵᠡᠬᠦᠳᠦ ᠳ᠋ᠠ᠃ ᠰᠡᠳᠭᠢᠯ ᠨᠢᠬᠡ ᠯᠡ ᠬᠡᠬᠡᠯᠵᠡᠭᠡᠳ᠃ ᠪᠢ ᠴᠦ᠍ ᠡᠵᠢ᠎ᠪᠠᠨ ᠭᠤᠮᠤᠳᠠᠭᠠᠵᠤ ᠬᠦᠢᠴᠡᠭ᠌ᠰᠡᠨ ᠡ》 ᠭᠡᠳ ᠨᠢᠯᠪᠤᠰᠤ ᠡᠷᠬᠢᠯᠳᠦᠪᠡ᠃ 《ᠲᠠᠨ᠎ᠤ ᠡᠵᠢ ᠦᠷ᠎ᠡ ᠬᠡᠦᠬᠡᠳ᠎ᠲᠡᠭᠡᠨ ᠪᠠᠷ᠎ᠠ᠎ᠪᠠᠨ ᠬᠠᠷᠠᠭᠤᠯᠵᠤ᠂ ᠴᠢᠮᠠᠯᠠᠬᠤ᠎ᠪᠠᠷ ᠦᠭᠡᠢ ᠦᠨᠳᠦᠷ ᠨᠠᠰᠤᠯᠠᠭ᠍ᠰᠠᠨ᠂ ᠡᠪᠡᠳᠴᠦ᠍ ᠵᠤᠪᠠᠭ᠍ᠤ᠎ᠶ᠋ᠢᠨ ᠲᠠᠷᠴᠢᠯᠠᠭᠠᠯ ᠦᠭᠡᠢ ᠠᠮᠠᠷᠬᠠᠨ ᠴᠦ᠍ ᠮᠤᠷᠢᠯᠠᠭ᠍ᠰᠠᠨ᠃ ᠬᠦᠮᠦᠨ᠎ᠳᠤ ᠠᠮᠠᠷᠬᠠᠨ ᠨᠠᠰᠤᠯᠠᠬᠤ ᠱᠢᠭ᠋ ᠵᠢᠷᠭᠠᠯ ᠬᠠᠮᠢᠭ᠎ᠠ ᠪᠠᠢᠬᠤ ᠪᠤᠢ᠂ ᠴᠤᠪᠤᠵᠤ ᠲᠦᠷᠦᠨ ᠰᠤᠪᠤᠷᠠᠵᠤ ᠮᠤᠷᠢᠯᠠᠳᠠᠭ᠎ᠨᠢ ᠶᠢᠷᠳᠢᠨᠴᠦ᠍᠎ᠶ᠋ᠢᠨ ᠵᠢᠮ᠎ᠡ ᠬᠤᠢᠨ᠎ᠠ᠂ ᠶᠠᠭᠠᠬᠢᠶ᠎ᠠ ᠭᠡᠬᠦ᠌ ᠪᠤᠢ ᠲᠡ ᠰᠡᠳᠭᠢᠯ᠎ᠢᠶᠠᠨ ᠪᠡᠷᠢ ᠳ᠋ᠠ!》 ᠭᠡᠰᠡᠨ᠎ᠳᠤ᠂ 《ᠲᠡᠢᠮᠦ᠍᠎ᠨᠢ ᠴᠦ᠍ ᠲᠡᠢᠮᠦ᠍ ᠡ᠃ ᠲᠡᠭᠡᠭ᠌ᠰᠡᠨ ᠴᠦ᠍ ᠰᠠᠨᠠᠭᠠᠨ᠎ᠠᠴᠠ ᠶᠡᠷᠦ᠍ ᠭᠠᠷᠬᠤ ᠦᠭᠡᠢ ᠶᠤᠮ》 ᠭᠡᠳ ᠰᠠᠨᠠᠭ᠎ᠠ ᠠᠯᠳᠠᠪᠠ᠃

《ᠲᠡ ᠶᠡᠷᠦ᠍᠎ᠨᠢ ᠡᠵᠢ᠎ᠶ᠋ᠢᠨ᠎ᠢᠶᠠᠨ ᠲᠤᠬᠠᠢ ᠰᠡᠳᠭᠢᠯ᠎ᠢᠶᠠᠨ ᠠᠭᠤᠵᠢᠷᠠᠳᠠᠯ᠎ᠠ ᠶᠠᠷᠢᠴᠢᠬ᠎ᠠ᠂ ᠲᠤᠳᠤᠷ᠎ᠠ ᠤᠩᠭᠤᠢᠳᠠᠭ ᠶᠤᠮ》 ᠭᠡᠰᠡᠨ᠎ᠳᠤ᠂ 《ᠲᠡᠭᠡᠶ᠎ᠡ᠂ ᠲᠡᠭᠡᠶ᠎ᠡ᠃ ᠴᠢᠮ᠎ᠡ᠎ᠠᠴᠠ ᠶᠠᠭᠤ᠎ᠪᠠᠨ ᠨᠢᠭᠤᠬᠤ ᠪᠤᠢ》 ᠭᠡᠳ ᠶᠠᠷᠢᠶᠠᠨ᠎ᠳᠠᠭᠠᠨ ᠤᠷᠤᠯ᠎ᠠ ᠁ ᠠᠪᠤ ᠮᠢᠨᠢ ᠡᠷᠳᠡ ᠪᠤᠷᠬᠠᠨ ᠪᠤᠯᠵᠤ᠂ ᠤᠯᠠᠨ ᠦᠨᠦᠴᠢᠨ ᠬᠡᠦᠬᠡᠳ ᠬᠤᠴᠤᠷᠤᠭ᠍ᠰᠠᠨ ᠳ᠋ᠠ᠂ ᠵᠠᠢᠯᠠᠭᠤᠯ! ᠡᠵᠢ ᠮᠢᠨᠢ ᠵᠠᠯᠠᠭᠤ᠎ᠠᠴᠠ᠎ᠪᠠᠨ ᠮᠠᠭᠤ ᠡᠷ᠎ᠡ᠎ᠶ᠋ᠢ ᠲᠠᠭᠠᠭᠤᠯᠬᠤ᠎ᠪᠠᠷ ᠦᠭᠡᠢ ᠠᠵᠢᠯᠴᠢ ᠬᠦᠳᠡᠯᠮᠤᠷᠢᠴᠢ ᠴᠢᠳᠠᠪᠤᠷᠢᠯᠢᠭ ᠬᠦᠮᠦᠨ ᠪᠠᠢᠭ᠍ᠰᠠᠨ᠃ ᠬᠦᠳᠡᠭᠡᠨ᠎ᠤ ᠠᠢᠯ᠎ᠳᠤ ᠰᠠᠭᠠᠯᠢ ᠰᠦ ᠪᠠᠷᠢᠬᠤ᠂ ᠬᠡᠦᠬᠡᠳ ᠪᠠᠭᠠᠴᠤᠳ᠎ᠢᠶᠠᠨ ᠦᠰᠭᠡᠬᠦ᠂ ᠬᠦᠨᠡᠰᠦ ᠬᠤᠭᠤᠯᠠ᠎ᠪᠠᠨ ᠲᠦᠬᠦᠭᠡᠷᠬᠦ᠂ ᠤᠳᠤᠷ ᠨᠡᠬᠦᠳᠡᠯ ᠬᠢᠬᠦ᠌᠎ᠠᠴᠠ ᠦᠭ᠌ᠰᠦᠬᠦᠯᠦᠭᠡᠳ ᠲᠡᠭᠡᠰᠦ ᠪᠤᠷᠠᠨᠳᠠᠭ ᠲᠠᠮᠤᠬᠤ᠂ ᠡᠷᠢᠯ ᠰᠤᠷᠠᠯ᠎ᠳᠤ ᠶᠠᠪᠤᠬᠤ ᠁ ᠭᠡᠳ ᠭᠡᠷ ᠭᠠᠳᠠᠨ᠎ᠠ᠎ᠶ᠋ᠢᠨ ᠠᠷᠪᠢᠨ ᠠᠵᠢᠯ᠎ᠬᠦᠭ᠌ᠯᠡᠷᠡᠳᠡᠭ᠃ ᠲᠡᠷᠡ ᠪᠦᠬᠦᠨ᠎ᠢ ᠬᠦᠭᠡᠷᠦᠬᠦᠢ ᠡᠵᠢ ᠮᠢᠨᠢ ᠦᠪᠡᠷ᠎ᠤᠨ ᠪᠡᠶ᠎ᠡ᠎ᠪᠠᠷ᠎ᠢᠶᠠᠨ ᠦᠯᠢᠭᠡᠷᠯᠡᠵᠦ᠍᠂ ᠦᠢᠯᠡ ᠠᠵᠢᠯ᠎ᠳᠤ ᠰᠤᠷᠭᠠᠨ᠂ ᠦᠷ᠎ᠡ ᠬᠡᠦᠬᠡᠳ᠎ᠢ ᠮᠢᠨᠢ ᠦᠰᠭᠡᠯᠴᠡᠵᠦ᠍᠂ ᠦᠷᠦᠭᠡᠯ᠎ᠤᠨ ᠴᠢᠷᠠᠢ᠎ᠶ᠋ᠢ ᠬᠠᠷᠠᠬᠤ᠎ᠪᠠᠷ ᠦᠭᠡᠢ ᠠᠮᠢᠳᠤᠷᠠᠬᠤ᠎ᠶ᠋ᠢᠨ ᠤᠬᠠᠭᠠᠨ᠎ᠢ ᠦᠪᠯᠡᠬᠦᠯᠦᠭ᠌ᠰᠡᠨ ᠪᠤᠶᠠᠨᠳᠠᠨ ᠶᠤᠮ᠃

ᠬᠤᠶᠠᠷ᠎ᠤᠨ ᠬᠤᠶᠠᠷ ᠠᠢᠯ᠎ᠤᠨ ᠭᠡᠷ᠎ᠤᠨ ᠡᠵᠡᠭ᠌ᠳᠡᠢ ᠪᠤᠯᠤᠭ᠍ᠰᠠᠨ ᠡᠵᠢ ᠪᠢᠳᠡ ᠬᠤᠶᠠᠷ᠎ᠤᠨ ᠪᠦᠬᠡᠴᠡᠢᠯᠡᠭᠡ᠎ᠪᠠᠷ ᠲᠦᠷᠪᠡᠨ ᠲᠡᠬᠦᠦ᠂ ᠲᠠᠪᠤᠨ ᠦᠷ᠎ᠡ ᠮᠢᠨᠢ ᠦᠰᠴᠦ᠍ ᠦᠨᠳᠡᠢᠨ ᠠᠢᠯ ᠡᠷᠦᠬᠡ ᠪᠤᠰᠭᠠᠵᠤ᠂ ᠠᠰ ᠠᠰ᠎ᠲᠠᠭᠠᠨ ᠠᠵᠤ ᠠᠮᠢᠳᠤᠷᠠᠯ᠎ᠢᠶᠠᠨ ᠬᠦᠭᠡᠭᠡᠴᠡᠯᠳᠦᠨ᠂ ᠦᠩᠭᠡ᠎ᠲᠠᠢ ᠦᠬᠡᠳᠡ᠎ᠲᠠᠢ ᠰᠠᠢᠬᠠᠨ ᠯᠠ ᠠᠮᠢᠳᠤᠷᠠᠵᠠᠭᠠᠵᠤ ᠶᠠᠪᠤᠨ᠎ᠠ᠃ ᠬᠡᠯᠡᠯᠭᠡᠨ ᠦᠭᠡᠢ ᠬᠤᠶᠠᠷ ᠠᠢᠯ᠎ᠤᠨ ᠭᠠᠭ᠍ᠴᠠ ᠨᠤᠶᠠᠨ ᠨᠢᠷᠤᠭᠤ ᠪᠤᠯᠤᠭ᠍ᠰᠠᠨ ᠬᠠᠨᠢ᠎ᠶ᠋ᠢᠨ ᠮᠢᠨᠢ ᠦᠮᠦᠭ ᠲᠦᠱᠢᠭ᠂ ᠲᠡᠮᠵᠢᠯᠭᠡ ᠲᠤᠰᠠᠯᠠᠯᠴᠠᠭ᠎ᠠ ᠪᠠᠢᠯᠬᠦᠢ ᠶᠠᠭᠠᠬᠢᠬᠤ ᠪᠤᠢ᠃ ᠲᠡᠭᠡᠭ᠌ᠰᠡᠨ ᠴᠦ᠍ ᠠᠢᠯ ᠭᠡᠷ᠎ᠲᠤ ᠡᠬᠡᠨᠡᠷ ᠬᠦᠮᠦᠨ᠎ᠤ ᠤᠶᠤᠨ ᠤᠬᠠᠭᠠᠨ᠂ ᠬᠦᠳᠡᠯᠮᠦᠷᠢ ᠬᠦᠴᠦ᠍ ᠶᠠᠭᠠᠬᠢᠨ ᠲᠤᠳᠠᠭ᠍ᠳᠠᠵᠤ ᠪᠤᠯᠬᠤ ᠪᠤᠢ᠃ ᠡᠳᠡᠭᠡᠷ ᠪᠦᠬᠦᠨ᠎ᠢ ᠵᠢᠭᠠᠵᠤ ᠵᠢᠯᠤᠭᠤᠳᠤᠨ᠂ ᠬᠠᠪᠰᠤᠷᠴᠤ᠌ ᠡᠪᠰᠡᠯᠴᠡᠨ ᠬᠦᠳᠦᠯᠦᠯᠴᠡᠵᠦ᠍ ᠶᠠᠪᠤᠭ᠍ᠰᠠᠨ ᠭᠠᠪᠢᠶᠠᠳᠠᠨ ᠪᠤᠯ ᠶᠠᠭᠠᠬᠢᠬᠤ᠎ᠶ᠋ᠢᠨ ᠠᠷᠭ᠎ᠠ ᠦᠭᠡᠢ ᠡᠵᠢ ᠮᠢᠨᠢ ᠪᠢᠯᠡ᠃

ᠠᠪᠤ᠎ᠠᠴᠠ ᠬᠤᠢᠰᠢ ᠡᠵᠢ ᠮᠢᠨᠢ ᠬᠠᠮᠢᠭᠠᠨ᠎ᠠ ᠴᠠᠭᠠᠨ᠎ᠠ ᠨᠡᠷᠡᠮᠡᠯ᠎ᠠᠴᠠ᠎ᠪᠠᠨ ᠭᠠᠭ᠍ᠴᠠ ᠬᠤᠶᠠᠷ ᠪᠠᠯᠭᠤᠵᠤ ᠪᠠᠢᠬᠤ ᠬᠠᠷᠠᠭ᠍ᠳᠠᠳᠠᠭ᠃ 《ᠨᠡᠷᠡᠮᠡᠯ᠎ᠤᠨ᠎ᠢᠶᠠᠨ ᠴᠢᠩᠭ᠎ᠠ ᠰᠤᠯᠠ᠎ᠶ᠋ᠢ ᠱᠢᠯᠭᠠᠵᠤ ᠪᠠᠢᠭ᠎ᠠ ᠶᠤᠮ ᠪᠠᠢᠯᠬᠦᠢ》 ᠭᠡᠵᠤ ᠪᠤᠳᠤᠭᠠᠳ ᠰᠠᠨᠠᠭᠠᠨ᠎ᠳᠠᠭᠠᠨ ᠶᠠᠷᠤ ᠠᠪᠳᠠᠭ ᠦᠭᠡᠢ᠃ ᠲᠡᠭᠡᠵᠦ᠍ ᠪᠠᠢᠭ᠍ᠰᠠᠨ ᠴᠢᠨᠢ ᠪᠡᠶᠡᠨ᠎ᠠᠴᠠ᠎ᠨᠢ ᠠᠷᠢᠬᠢ ᠬᠠᠩᠬᠤᠯᠳᠠᠭ ᠪᠤᠯᠤᠯ᠎ᠠ᠃ 《ᠲᠠᠨ᠎ᠠᠴᠠ ᠠᠷᠢᠬᠢ ᠬᠠᠩᠬᠤᠯᠵᠤ ᠪᠠᠢᠨ᠎ᠠ ᠤᠤ ᠳ᠋ᠠ?》 ᠭᠡᠰᠡᠨ᠎ᠳᠤ᠂ 《ᠦ᠂ ᠶᠠᠭᠠᠬᠢᠬᠤ ᠪᠤᠢ᠃ ᠪᠤᠳᠤᠩ᠎ᠤᠨ ᠠᠮᠠ ᠪᠤᠭᠤᠬᠤ ᠭᠡᠳ ᠴᠠᠯᠬᠢᠯᠠᠭᠤᠯᠴᠢᠬᠠᠭ᠍ᠰᠠᠨ ᠶᠤᠮ》 ᠭᠡᠵᠤ ᠪᠠᠢᠨ᠎ᠠ᠃ ᠦᠷᠯᠦᠭᠡ ᠡᠪ ᠡᠷᠡᠬᠦᠯ ᠰᠡᠮᠪᠡᠯᠵᠡᠵᠦ᠍ ᠪᠠᠢᠭ᠍ᠰᠠᠨ ᠬᠦᠮᠦᠨ᠂ ᠤᠷᠤᠢᠬᠠᠨ ᠪᠤᠯᠬᠤ᠎ᠳᠤ ᠠᠳᠡ ᠲᠡᠨᠳᠡ ᠬᠢᠰᠭᠢᠯᠡᠨ ᠭᠡᠯᠡ ᠠᠮᠠ᠎ᠨᠢ ᠴᠤᠯᠴᠠᠷᠢᠭᠠᠳ ᠤᠯᠢᠭ᠍ᠳᠠᠢᠬᠠᠨ ᠢᠳᠡᠵᠦ᠍ ᠤᠤᠭᠤᠵᠤ ᠴᠢᠳᠠᠯ ᠦᠭᠡᠢ ᠲᠡᠷ᠎ᠡ ᠲᠤᠯᠤᠭᠠᠢ ᠨᠡᠢᠯᠡᠬᠦᠯᠦᠨ᠎ᠡ᠃ 《ᠬᠠᠷ᠎ᠠ ᠤᠰᠤ ᠵᠠᠯᠬᠢᠯᠠᠵᠤ ᠪᠠᠢᠬᠤ᠎ᠪᠠᠷ ᠬᠤᠭᠤᠯᠠ ᠪᠤᠳᠠᠭ᠎ᠠ᠎ᠪᠠᠨ ᠢᠳᠡᠳᠡᠭ ᠴᠦ᠍ ᠪᠤᠯᠤᠭᠠᠰᠠᠢ!》 ᠭᠡᠰᠡᠨ᠎ᠳᠤ᠂ 《ᠠᠷᠢᠬᠢ ᠭᠡᠭ᠌ᠴᠢ ᠷᠠᠱᠢᠶᠠᠨ᠂ ᠶᠠᠳᠠᠷᠠᠬᠤ᠎ᠶ᠋ᠢᠨ ᠴᠠᠭ᠎ᠲᠤ ᠲᠦᠱᠢᠵᠦ᠍ ᠲᠤᠯᠳᠠᠭ ᠲᠠᠶᠠᠭ᠂ ᠵᠤᠪᠠᠭ᠍ᠤ᠎ᠶ᠋ᠢᠨ ᠴᠠᠭ᠎ᠲᠤ ᠰᠡᠳᠭᠢᠯ ᠠᠭᠤᠵᠢᠷᠠᠭᠤᠯᠳᠠᠭ ᠲᠠᠷᠨᠢ ᠶᠤᠮ》 ᠭᠡᠳᠡᠭ᠃ 《ᠲᠠ ᠶᠡᠷᠦ᠍᠎ᠨᠢ ᠲᠡᠷᠡ ᠠᠷᠢᠬᠢ ᠤᠤᠭᠤᠳᠠᠭ ᠠᠮᠠ᠎ᠪᠠᠷ᠎ᠢᠶᠠᠨ ᠮᠠᠨᠢ ᠮᠡᠭ᠌ᠵᠡᠮ ᠤᠩᠱᠢᠭ᠍ᠰᠠᠨ᠎ᠨᠢ ᠠᠷᠠᠢ ᠲᠡᠭᠡᠷ᠎ᠡ ᠪᠠᠢᠯᠬᠦᠢ!》 ᠭᠡᠳᠡᠯ᠎ᠡ 《ᠪᠢ ᠲᠡᠭᠡᠭᠡᠳ ᠢᠳᠡᠵᠦ᠍ ᠤᠤᠭᠤᠬᠤ᠎ᠪᠠᠨ ᠴᠢᠮ᠎ᠠ᠎ᠪᠠᠷ ᠵᠢᠭᠠᠯᠭᠠᠬᠤ ᠪᠤᠯᠵᠤ ᠪᠠᠢᠨ᠎ᠠ ᠤᠤ?》 ᠭᠡᠳ ᠪᠠᠷᠢᠵᠤ ᠪᠠᠢᠭ᠍ᠰᠠᠨ ᠮᠤᠳᠤ ᠲᠤᠯᠤᠭᠠᠢ᠎ᠪᠠᠷ᠎ᠢᠶᠠᠨ ᠲᠠᠳᠠᠭᠠᠳ ᠠᠪᠤᠪᠠ᠃ ᠮᠢᠨᠦ᠍ ᠢᠨᠢᠶᠡᠳᠦ ᠬᠦᠷᠴᠦ᠍᠄ 《ᠤᠳᠤ ᠪᠦᠷ ᠵᠤᠳᠤᠬᠤ᠎ᠨᠢ》 ᠬᠡᠰᠡᠨ᠎ᠳᠤ᠂《ᠦ᠂ ᠬᠦᠭᠡᠷᠦᠬᠦᠢ! ᠡᠪᠡᠳᠭᠡᠴᠢᠬᠡᠪᠡ ᠤᠤ?》 ᠭᠡᠳ ᠰᠤᠭ᠍ᠳᠤᠭᠤ ᠨᠢᠳᠦ᠍᠎ᠪᠠᠨ ᠰᠦᠮᠡᠢᠯᠬᠡᠨ ᠤᠷᠤᠭᠤᠯ᠎ᠢᠶᠠᠨ ᠴᠦᠷᠪᠦᠢᠯᠭᠡᠵᠦ᠍ ᠪᠠᠢᠭ᠎ᠠ ᠬᠦᠮᠦᠨ᠎ᠢ ᠴᠢᠨᠢ ᠶᠠᠭᠠᠬᠢᠯᠳᠠᠢ ᠴᠦ᠍ ᠪᠢᠯᠡ ᠳ᠋ᠠ᠃

ᠪᠠᠯᠠᠭ᠎ᠲᠠᠢ ᠬᠠᠷ᠎ᠠ ᠠᠷᠢᠬᠢᠨ᠎ᠠᠴᠠ ᠪᠤᠯᠵᠤ᠂ ᠡᠵᠢ᠎ᠶ᠋ᠢᠨ ᠪᠡᠶ᠎ᠡ ᠲᠤᠷᠤᠢᠳᠠᠨ ᠴᠢᠰᠦᠨ ᠲᠡᠷᠦᠯᠳᠡ᠎ᠨᠢ ᠦᠨᠳᠦᠷᠳᠡᠵᠦ᠍᠂ ᠵᠢᠷᠦᠭᠡᠨ ᠴᠤᠬᠢᠯᠭ᠎ᠠ᠎ᠨᠢ ᠲᠦᠷᠭᠡᠰᠦᠭᠡᠳ ᠡᠮᠴᠢ᠎ᠠᠴᠠ ᠠᠷᠢᠬᠢ ᠤᠤᠭᠤᠬᠤ᠎ᠶ᠋ᠢ᠎ᠨᠢ ᠲᠠᠰᠤ ᠬᠢᠵᠠᠭᠠᠷᠯᠠᠬᠤ᠎ᠶ᠋ᠢ ᠰᠠᠨᠠᠭᠤᠯᠪᠠ᠃ ᠰᠡᠬᠦᠯᠳᠡᠵᠦ᠍ ᠢᠷᠡᠭᠡᠳ ᠡᠵᠢ ᠮᠢᠨᠢ ᠪᠦᠷ ᠴᠠᠭᠠᠨ᠎ᠳᠠᠭᠠᠨ ᠭᠠᠷᠴᠤ᠌᠂ ᠲᠠᠯᠳᠠᠭᠤᠷ ᠤᠤᠭᠤᠬᠤ᠎ᠪᠠᠨ ᠪᠤᠯᠢᠭᠠᠳ ᠭᠡᠷ ᠤᠷᠤᠨ᠂ ᠬᠤᠳᠠ ᠬᠤᠷᠤᠭ᠎ᠠ ᠁ ᠬᠠᠮᠢᠭ᠎ᠠ ᠪᠤᠯ ᠬᠠᠮᠢᠭ᠎ᠠ ᠠᠷᠢᠬᠢ ᠲᠠᠯᠪᠢᠨ ᠤᠷᠤᠨ ᠭᠠᠷᠤᠨ ᠯᠤᠩᠬᠤ᠎ᠪᠠᠷ᠎ᠨᠢ ᠬᠦᠨᠳᠦᠷᠡᠳᠡᠭ ᠪᠤᠯᠤᠯ᠎ᠠ ᠃ ᠨᠢᠭᠡ ᠡᠳᠦᠷ ᠤᠳᠭᠤᠨ ᠲᠡᠬᠦᠦ᠍᠎ᠶ᠋ᠢ ᠠᠷᠢᠬᠢ ᠠᠪᠴᠢᠷᠠᠬᠤ᠎ᠪᠠᠷ᠎ᠨᠢ ᠲᠡᠰᠴᠦ᠍ ᠴᠢᠳᠠᠯ ᠦᠭᠡᠢ᠂ 《ᠡᠵᠢ᠎ᠶ᠋ᠢᠨ ᠴᠢᠰᠦᠨ ᠲᠠᠷᠤᠯᠳᠠ ᠦᠨᠳᠦᠷ᠎ᠢ ᠮᠡᠳᠡᠭ᠌ᠰᠡᠭᠡᠷ ᠪᠠᠢᠭᠠᠳ ᠶᠠᠭᠠᠬᠢᠬᠤᠯᠠᠷ᠎ᠢᠶᠠᠨ ᠵᠠᠪᠠᠯ ᠠᠷᠢᠬᠢ ᠠᠪᠴᠢᠷᠠᠵᠤ ᠪᠠᠢᠳᠠᠭ ᠶᠤᠮ?》 ᠭᠡᠰᠡᠨ᠎ᠳᠤ᠂《ᠪᠦᠷᠢᠳᠭᠡᠯ᠎ᠠᠴᠠ᠎ᠨᠢ ᠬᠤᠶᠠᠷ ᠲᠤᠳᠠᠭᠠᠵᠤ ᠭᠤᠮᠤᠳᠠᠭᠠᠭᠠᠳ ᠶᠠᠭᠠᠬᠢᠬᠤ ᠪᠤᠢ?》 ᠭᠡᠵᠤ ᠪᠠᠢᠨ᠎ᠠ᠃ 《ᠪᠦᠷᠢᠳᠭᠡᠯ ᠮᠦᠷᠢᠳᠭᠡᠯ ᠭᠡᠳ ᠶᠠᠭᠤ᠎ᠪᠠᠨ ᠶᠠᠷᠢᠭᠠᠳ ᠪᠠᠢᠭ᠎ᠠ ᠶᠤᠮ?》 ᠭᠡᠰᠡᠨ᠎ᠳᠤ᠂ 《ᠡᠵᠢ ᠴᠠᠭᠠᠨ ᠰᠠᠷ᠎ᠠ ᠬᠡᠳᠦᠨ ᠯᠤᠩᠬᠤ ᠠᠷᠢᠬᠢ᠎ᠲᠠᠢ ᠪᠤᠯᠬᠤ᠎ᠪᠠᠨ ᠠᠯᠢ ᠭᠡᠳᠦᠢᠨ ᠪᠦᠷᠢᠳᠭᠡᠭᠡᠳ ᠲᠠᠯᠪᠢᠴᠢᠬᠠᠳᠠᠭ ᠶᠤᠮ》 ᠬᠡᠯ᠎ᠡ᠃《ᠠᠷᠠᠢ ᠦᠭᠡᠢ ᠪᠠᠢᠯᠬᠦᠢ》 ᠭᠡᠰᠡᠨ᠎ᠳᠤ᠂ 《ᠨᠢᠳᠤᠨᠤᠨ ᠴᠠᠭᠠᠨ ᠰᠠᠷ᠎ᠠ ᠪᠢ ᠵᠤᠯᠭᠠᠬᠤ᠎ᠪᠠᠷ ᠤᠷᠤᠬᠤ᠎ᠳᠤ᠂ ᠡᠵᠢ ᠲᠠᠷᠠᠨ ᠲᠤᠤᠷ᠎ᠠ᠎ᠠᠴᠠ᠎ᠪᠠᠨ ᠬᠠᠳᠠᠭ ᠠᠪᠬᠤ ᠭᠡᠳ ᠨᠢᠭᠡ ᠬᠠᠭᠤᠳᠠᠰᠤ ᠤᠨᠠᠭᠠᠪᠠ᠃ ᠦᠨᠦᠬᠢ ᠲᠡᠭᠡᠷ᠎ᠡ᠎ᠨᠢ 〈ᠪᠠᠭᠠᠳᠤᠷ᠎ᠤᠨ ᠬᠤᠶᠠᠷ ᠱᠢᠯ᠂ ᠪᠠᠷᠬᠠᠰ᠎ᠤᠨ ᠬᠤᠶᠠᠷ ᠱᠢᠯ᠂ ᠪᠠᠳᠮ᠎ᠠ᠎ᠶ᠋ᠢᠨ ᠬᠤᠶᠠᠷ ᠱᠢᠯ ᠁〉 ᠭᠡᠳ ᠲᠠᠪᠢ ᠭᠠᠷᠤᠢ ᠯᠤᠩᠬᠤ ᠠᠷᠢᠬᠢᠨ᠎ᠤ ᠪᠦᠷᠢᠳᠭᠡᠯ ᠪᠢᠴᠢᠭᠡᠰᠦᠳᠡᠢ ᠪᠠᠢᠯ᠎ᠠ᠃ ᠦᠷᠦ᠍ ᠡᠪᠡᠳᠦᠭᠡᠳ ᠶᠠᠭᠤ ᠴᠦ᠍ ᠲᠤᠤᠭᠠᠷᠴᠤ᠌ ᠴᠢᠳᠠᠭ᠍ᠰᠠᠨ ᠦᠭᠡᠢ ᠲᠡᠷᠡᠨ ᠲᠤᠤᠭᠤᠷ᠎ᠨᠢ ᠪᠤᠴᠠᠭᠠᠭᠠᠳ ᠬᠢᠴᠢᠬᠡᠭ᠌ᠰᠡᠨ᠃ ᠠᠷᠢᠬᠢ ᠭᠤᠷᠢᠳᠠᠵᠤ ᠰᠠᠭᠤᠭ᠎ᠠ ᠡᠵᠢ᠎ᠪᠠᠨ ᠶᠠᠭᠠᠬᠢᠵᠤ ᠭᠤᠮᠤᠳᠠᠭᠠᠬᠤ ᠪᠤᠢ᠃ ᠨᠠᠰᠤ ᠶᠠᠪᠤᠭ᠍ᠰᠠᠨ ᠬᠦᠮᠦᠨ ᠬᠡᠳᠦᠢᠬᠡᠨ ᠯᠡ ᠠᠮᠢᠳᠤᠷᠠᠨ᠎ᠠ ᠭᠡᠵᠤ ᠁ ᠤᠤᠭᠤᠪᠠᠯ ᠤᠤᠭᠤᠭ ᠳ᠋ᠠ!》 ᠭᠡᠪᠡ᠃

ᠲᠡᠬᠦᠦ᠍᠎ᠶ᠋ᠢᠨ ᠬᠡᠯᠡᠬᠦ᠌ ᠵᠦᠪ ᠭᠡᠰᠡᠨ ᠴᠦ᠍ ᠦᠷ᠎ᠡ ᠬᠤᠢᠴᠢᠰ᠎ᠲᠠᠭᠠᠨ ᠢᠯᠡᠬᠦᠦ ᠭᠡᠳᠦᠨ ᠡᠳᠦᠷ ᠪᠠᠷ᠎ᠠ᠎ᠪᠠᠨ ᠬᠠᠷᠠᠭᠤᠯᠵᠤ᠂ ᠱᠢᠨ᠎ᠡ ᠴᠠᠭ᠎ᠤᠨ ᠰᠠᠢᠬᠠᠨ ᠠᠮᠢᠳᠤᠷᠠᠯ᠎ᠢ ᠡᠳ᠋ᠯᠡᠭᠡᠰᠡᠢ ᠭᠡᠵᠤ ᠪᠤᠳᠤᠭᠠᠳ ᠦᠨᠦᠬᠢ ᠪᠦᠷᠢᠳᠭᠡᠯ᠎ᠢᠶᠠᠷ ᠴᠤᠭ᠍ᠯᠠᠷᠠᠭ᠍ᠰᠠᠨ ᠠᠷᠢᠬᠢ ᠲᠠᠷᠠᠰᠤ᠎ᠨᠤᠭᠤᠳ᠎ᠢ᠎ᠨᠢ ᠬᠤᠷᠢᠶᠠᠯᠳᠠ᠎ᠲᠠᠢ ᠲᠦᠯᠡᠭᠡ᠂ ᠤᠪᠤᠭᠠᠯᠠᠭᠠᠳᠠᠢ ᠠᠷᠭᠠᠯ᠂ ᠭᠡᠷ᠎ᠤᠨ ᠵᠠᠪᠠᠭ᠂ ᠤᠷᠪᠤᠭ᠎ᠤᠨ ᠡᠩᠭᠡᠷ᠂ ᠬᠠᠳᠠᠨ᠎ᠤ ᠬᠤᠩᠭᠢᠯ ᠳ᠋ᠦ ᠬᠦᠷᠳᠡᠯ᠎ᠡ ᠠᠪᠠᠴᠢᠵᠤ ᠨᠢᠭᠤᠨ᠎ᠠ᠃ 

《ᠡᠨᠡ ᠮᠠᠭᠤ ᠼᠧᠮᠧᠨ᠋ᠲ ᠵᠤᠯᠢᠭ ᠴᠢᠨᠢ ᠤᠰᠤᠨ ᠮᠠᠬᠠᠪᠤᠳ᠎ᠲᠠᠢ ᠶᠤᠮ ᠪᠠᠢᠨ᠎ᠠ᠃ ᠶᠢᠰᠦᠨ ᠵᠤᠭᠤᠰ ᠤᠷᠬᠢᠬᠤ᠎ᠳᠤ᠂ ᠤᠰᠤ ᠪᠠᠭᠤᠭᠠᠳ ᠪᠠᠢᠬᠤ᠎ᠪᠠᠷ᠎ᠨᠢ ᠤᠩᠭᠤᠴᠠᠨ᠎ᠤ ᠲᠡᠷᠡᠯᠡᠭᠡ᠂ ᠬᠤᠳᠳᠤᠭ᠎ᠤᠨ ᠬᠠᠱᠢᠶ᠎ᠠ᠎ᠪᠠᠷ ᠡᠷᠢᠭᠡᠳ ᠪᠦᠷ ᠴᠦᠬᠦᠷᠡᠭ᠌ᠰᠡᠨ᠃ ᠬᠠᠷᠢᠨ ᠤᠪᠤᠭᠠᠯᠠᠭᠠᠳᠠᠢ ᠼᠧᠮᠧᠨ᠋ᠲ᠎ᠤᠨ ᠵᠠᠪᠰᠠᠷ᠎ᠲᠤ ᠱᠢᠷᠭᠤᠯᠠᠭᠠᠳᠠᠢ ᠭᠡᠪᠳᠡᠨ᠎ᠡ》 ᠭᠡᠴᠢᠭᠡᠭ᠌ᠰᠡᠨ ᠯᠤᠩᠬᠤ᠎ᠲᠠᠢ ᠠᠷᠢᠬᠢ ᠪᠠᠷᠢᠭᠠᠳ ᠢᠨᠢᠶᠡᠳᠦ ᠠᠯᠳᠠᠨ ᠤᠷᠤᠵᠤ ᠢᠷᠡᠵᠦ᠍ ᠪᠠᠢᠭ᠎ᠠ ᠡᠵᠢ᠎ᠶ᠋ᠢᠨ᠎ᠢᠶᠠᠨ ᠦᠭᠡᠳᠡ᠎ᠠᠴᠠ ᠢᠨᠢᠶᠡᠬᠦ᠌ ᠴᠦ᠍ ᠪᠢᠰᠢ᠂ ᠬᠠᠨᠢᠶᠠᠬᠤ ᠴᠦ᠍ ᠪᠢᠰᠢ ᠬᠠᠴᠢᠨ ᠪᠠᠢᠳᠠᠯ᠎ᠳᠤ ᠭᠠᠴᠠᠭᠠᠭ᠍ᠳᠠᠪᠠ᠃

《ᠲᠠ ᠴᠢᠨᠢ ᠱᠢᠯᠢᠷᠡᠭ᠌ᠰᠡᠨ ᠢᠩᠭᠡᠨ᠎ᠳᠤ ᠮᠡᠷᠭᠡᠯᠡᠬᠦ᠌᠎ᠪᠠᠨ ᠪᠤᠯᠢᠭᠠᠳ᠂ ᠱᠢᠯ᠎ᠲᠠᠢ ᠠᠷᠢᠬᠢᠨ᠎ᠳᠠᠭᠠᠨ ᠮᠡᠷᠭᠡᠯᠡᠳᠡᠭ ᠪᠤᠯᠤᠭ᠍ᠰᠠᠨ ᠤᠤ?》 ᠭᠡᠰᠡᠨ᠎ᠳᠤ᠂ 《ᠲᠡᠷᠡ ᠲᠡᠷᠡ᠎ᠶ᠋ᠢ ᠴᠢᠨᠢ ᠪᠢ ᠬᠢᠬᠦ᠌᠎ᠪᠠᠷ᠎ᠢᠶᠠᠨ ᠪᠤᠯᠤᠭ᠍ᠰᠠᠨ᠃ ᠦᠪᠡᠷ᠎ᠤᠨ ᠲᠤᠯᠤᠭ᠎ᠠ ᠪᠢᠳᠡᠬᠡᠢ ᠬᠡᠯᠡ᠂ ᠦᠷᠦᠭᠡᠯ᠎ᠤᠨ ᠲᠠᠪᠤ᠎ᠶ᠋ᠢ ᠦᠰᠭᠡᠯᠴᠡᠨ ᠨᠠᠰᠤᠨ᠎ᠤ ᠡᠬᠦᠷᠭᠡ᠎ᠪᠠᠨ ᠠᠯᠢ ᠬᠡᠳᠦᠢᠨ ᠪᠡᠶᠡᠯᠡᠬᠦᠯᠴᠢᠬᠡᠭ᠌ᠰᠡᠨ᠃ ᠡᠭᠡᠯᠵᠢ ᠬᠠᠯᠠᠭ᠎ᠠ ᠭᠡᠵᠤ ᠪᠠᠢᠳᠠᠭ ᠪᠠᠢᠭ᠎ᠠ! ᠠᠷᠢᠬᠢ ᠤᠤᠭᠤᠯ᠎ᠠ ᠭᠡᠳ ᠪᠢ ᠲᠠ ᠨᠠᠷ᠎ᠢ ᠶᠠᠭᠤ᠎ᠪᠠᠷ ᠬᠤᠬᠢᠷᠠᠭᠠᠪᠠ? ᠲᠤᠰᠠ᠎ᠶ᠋ᠢ ᠪᠤᠳᠤᠬᠤ ᠦᠭᠡᠢ ᠴᠦ᠍ ᠦᠬᠦᠬᠦ᠌᠎ᠶ᠋ᠢᠨ ᠦᠵᠦᠬᠦᠷ ᠴᠦ᠍ ᠤᠤᠭᠤᠵᠤ ᠡᠳ᠋ᠯᠡᠬᠦ᠌᠎ᠶ᠋ᠢ ᠬᠡᠷᠡᠵᠦ᠍ ᠬᠡᠮᠵᠢᠬᠦ᠌ ᠦᠭᠡᠢ ᠪᠠᠢᠵᠤ ᠪᠤᠯᠤᠨ᠎ᠠ ᠪᠢᠵᠡ ᠳ᠋ᠡ!》 ᠭᠡᠮᠡᠨ ᠢᠮᠠᠭ᠎ᠠ ᠲᠠᠭᠤᠯ᠎ᠠ(ᠠᠷᠢᠬᠢᠨ᠎ᠤ ᠬᠠᠯᠠᠭᠤᠨ᠎ᠢᠶᠠᠷ ᠠᠭ᠍ᠰᠤᠮ ᠲᠠᠯᠪᠢᠬᠤ)᠃ 《ᠵᠠ᠂ ᠵᠠ᠂ ᠤᠤᠭᠤᠬᠤ᠎ᠪᠠᠨ ᠮᠡᠳᠡ!》 ᠭᠡᠳ ᠬᠡᠳᠦ ᠬᠡᠳᠦᠨ ᠱᠢᠯ ᠠᠷᠢᠬᠢ ᠠᠪᠴᠢᠷᠠᠵᠤ ᠡᠮᠦᠨ᠎ᠡ᠎ᠨᠢ ᠱᠤᠪᠤᠢᠯᠭᠠᠵᠤ ᠬᠠᠶᠠᠭᠠᠳ ᠡᠬᠦᠳᠡ ᠰᠠᠪᠠᠨ ᠭᠠᠷᠪᠠ᠃ 《ᠤᠤᠭᠤᠨ᠎ᠠ᠂ ᠤᠤᠭᠤᠬᠤ ᠦᠭᠡᠢ ᠶᠠᠭᠠᠬᠢᠬᠤ ᠶᠤᠮ? ᠤᠤᠭᠤᠵᠤ ᠪᠠᠢᠭᠠᠳ ᠯᠠ ᠦᠬᠦᠨ᠎ᠡ᠃ ᠮᠠᠭᠤ ᠠᠮᠢᠳᠤᠷᠠᠭ᠍ᠰᠠᠨ᠎ᠠᠴᠠ ᠰᠠᠢᠬᠠᠨ ᠦᠬᠦᠭ᠌ᠰᠡᠨ᠎ᠨᠢ ᠲᠡᠭᠡᠷ᠎ᠡ!》 ᠭᠡᠮᠡᠨ ᠬᠠᠰᠭᠢᠷᠬᠤ ᠲᠤᠭᠤᠯᠳᠠᠪᠠ᠃

《ᠠᠷᠠᠢ ᠯᠡ ᠱᠢᠷᠦᠬᠦᠨ ᠬᠠᠨᠳᠤᠴᠢᠬᠠᠯ᠎ᠠ᠃ ᠨᠠᠳᠠ ᠭᠤᠮᠤᠳᠠᠵᠤ ᠬᠦᠢᠴᠡᠭ᠌ᠰᠡᠨ ᠳ᠋ᠠ᠃ ᠦᠷᠯᠦᠭᠡ ᠱᠢᠷᠠᠳᠠᠭᠠᠳ ᠶᠠᠭᠤᠮ᠎ᠠ ᠢᠳᠡᠵᠦ᠍ ᠤᠤᠭᠤᠭ᠎ᠠ ᠦᠭᠡᠢ ᠦᠯᠦᠨ ᠡᠯᠢᠬᠡᠨ ᠲᠡᠭᠡᠷ᠎ᠡ᠎ᠪᠠᠨ ᠠᠷᠢᠬᠢ ᠵᠠᠯᠬᠢᠯᠠᠭᠠᠳ ᠤᠳᠤ ᠪᠦᠷ ᠱᠠᠯ ᠰᠤᠭ᠍ᠳᠤᠭᠤ ᠬᠡᠪᠳᠡᠵᠦ᠍ ᠪᠤᠢ᠃ ᠪᠠᠰᠠ ᠯᠠ ᠬᠡᠯᠡᠬᠦ᠂ ᠬᠡᠯᠡᠬᠦ᠌ ᠦᠭᠡᠢ ᠦᠬᠡ᠎ᠪᠠᠷ ᠵᠠᠩᠨᠠᠬᠤ ᠪᠠᠢᠯᠬᠦᠢ!》 ᠭᠡᠵᠤ ᠪᠤᠳᠤᠭᠠᠳ ᠡᠬᠦᠳᠡᠨ᠎ᠳᠤᠨᠢ ᠬᠡᠳᠦ ᠲᠠᠬᠢᠨ ᠤᠴᠢᠭ᠍ᠰᠠᠨ ᠴᠦ᠍ ᠤᠷᠤᠵᠤ ᠵᠢᠷᠦᠭᠡᠯᠡᠭ᠌ᠰᠡᠨ ᠦᠭᠡᠢ᠃ ᠨᠡᠷᠡ ᠪᠠᠷᠠᠭᠤᠨ ᠬᠤᠢᠰᠢ᠎ᠪᠠᠨ ᠲᠤᠩᠭᠤᠢᠨ ᠬᠠᠷᠢᠭᠤ ᠦᠭᠡᠢ ᠱᠢᠩᠭᠡᠬᠦ᠌᠎ᠨᠢ᠃ 《ᠶᠠᠭᠤ ᠴᠦ᠍ ᠪᠤᠯᠤᠭ᠍ᠰᠠᠨ ᠤᠷᠤᠶ᠎ᠠ᠃ ᠶᠠᠳᠠᠵᠤ ᠰᠠᠢᠬᠠᠨ ᠦᠬᠡ᠎ᠪᠠᠷ ᠰᠡᠳᠭᠢᠯ᠎ᠢ᠎ᠨᠢ ᠲᠠᠢᠳᠭᠤᠷᠠᠭᠤᠯᠤᠶ᠎ᠠ!》 ᠭᠡᠵᠤ ᠪᠤᠳᠤᠭᠠᠳ ᠬᠠᠷ᠎ᠠ ᠱᠦᠯᠦ᠍ ᠪᠤᠴᠠᠯᠭᠠᠨ ᠠᠪᠴᠤ᠌ ᠤᠷᠤᠪᠠᠯ᠄ 《ᠡᠵᠢ᠎ᠨᠢ ᠰᠤᠭ᠍ᠳᠤᠴᠢᠬᠠᠭᠠᠳ ᠯᠠ ᠲᠡᠮᠡᠢ ᠪᠠᠯᠠᠢ ᠶᠠᠭᠤᠮ᠎ᠠ ᠴᠠᠯᠴᠢᠵᠤ ᠪᠠᠢᠬᠤ᠎ᠠᠴᠠ᠃ ᠮᠢᠨᠦ᠍ ᠲᠦᠯᠦᠭᠡ ᠭᠡᠳᠡᠭ᠎ᠢ ᠴᠢᠨᠢ ᠮᠡᠳᠡᠵᠦ᠍ ᠯᠡ ᠪᠠᠢᠭ᠎ᠠ᠃ ᠲᠠᠬᠢᠵᠤ ᠬᠠᠷ᠎ᠠ ᠤᠰᠤ ᠵᠠᠯᠬᠢᠯᠠᠵᠤ᠂ ᠦᠷ᠎ᠡ ᠬᠡᠦᠬᠡᠳ᠎ᠢᠶᠠᠨ ᠵᠤᠪᠠᠭᠠᠬᠤ᠎ᠪᠠᠨ ᠪᠤᠯᠢᠶ᠎ᠠ!》 ᠭᠡᠳ ᠬᠠᠯᠠᠭᠤᠨ ᠱᠦᠯᠦᠨ᠎ᠠᠴᠠ ᠬᠡᠳᠦ ᠤᠭᠤᠴᠢᠯᠠᠪᠠ᠃ ᠬᠠᠷ᠎ᠠ ᠱᠦᠯᠦ᠍ ᠤᠤᠭᠤᠵᠤ ᠪᠡᠶ᠎ᠡ᠎ᠨᠢ ᠲᠠᠯᠪᠢᠭᠣᠷᠠᠨ ᠲᠤᠤᠷᠠᠬᠠᠨ᠎ᠢᠶᠠᠨ ᠤᠨᠳᠠᠭᠠᠳ ᠦᠭ᠌ᠬᠦᠯ᠎ᠡ᠃

ᠲᠡᠬᠦᠨ᠎ᠠᠴᠠ ᠬᠤᠢᠰᠢ ᠡᠵᠢ ᠮᠢᠨᠢ ᠠᠷᠢᠬᠢ ᠬᠠᠪᠢᠳᠠᠭᠤᠯᠬᠤ᠎ᠪᠠᠨ ᠪᠤᠯᠢᠨ᠂ ᠢᠳᠡᠵᠦ᠍ ᠤᠤᠭᠤᠬᠤ᠎ᠨᠢ ᠰᠠᠢᠵᠢᠷᠠᠵᠤ᠂ ᠬᠦᠷᠡᠩ ᠤᠯᠠᠭᠠᠨ ᠴᠢᠷᠠᠢ᠎ᠨᠢ ᠱᠢᠩᠭᠡᠷᠡᠨ ᠬᠦᠳᠡᠯᠵᠦ᠍ ᠪᠠᠷᠢᠬᠤ᠎ᠨᠢ ᠴᠦ᠍ ᠬᠦᠩᠭᠡᠨ ᠱᠢᠩᠭᠡᠨ ᠪᠤᠯᠤᠯ᠎ᠠ᠃ ᠢᠯᠡᠬᠦᠦ ᠬᠡᠳᠦᠨ ᠵᠢᠯ ᠪᠢᠳᠠᠨ᠎ᠳᠤ ᠪᠠᠷ᠎ᠠ᠎ᠪᠠᠨ ᠬᠠᠷᠠᠭᠤᠯᠬᠤ᠎ᠨᠢ ᠭᠡᠵᠤ ᠬᠡᠨ ᠠᠯᠢ ᠨᠢ ᠦᠭᠡᠢ ᠪᠠᠶᠠᠷᠳᠠᠢ ᠪᠠᠢᠳᠠᠭ ᠪᠤᠯᠵᠠᠭᠠᠯ᠎ᠠ᠃ ᠵᠢᠯ ᠲᠤᠭᠤᠷᠢᠭᠤᠬᠠᠨ ᠪᠤᠯᠤᠭᠠᠳ ᠨᠢᠬᠡᠨ ᠦᠷᠯᠦᠭᠡ ᠤᠨᠳᠠᠭ᠎ᠠ᠎ᠪᠠᠷ᠎ᠢᠶᠠᠨ ᠠᠮᠤᠭᠤᠯᠠᠩ ᠲᠠᠢᠪᠤᠩ ᠮᠤᠷᠢᠯᠠᠴᠢᠬᠠᠭ᠍ᠰᠠᠨ ᠪᠠᠢᠵᠤ ᠪᠢᠯᠡ᠃ ᠬᠡᠴᠢᠨᠡᠨ ᠤᠯᠠᠨ ᠬᠡᠦᠬᠡᠳ ᠦᠰᠭᠡᠭ᠌ᠰᠡᠨ ᠴᠦ᠍ ᠲᠤᠯᠤᠭᠠᠢ᠎ᠶ᠋ᠢ᠎ᠨᠢ ᠲᠦᠱᠢᠭ᠌ᠰᠡᠨ ᠬᠦᠮᠦᠨ ᠭᠠᠷᠤᠭ᠍ᠰᠠᠨ ᠦᠭᠡᠢ᠃ ᠪᠢ ᠬᠠᠵᠠᠭᠤ᠎ᠳᠤᠨᠢ ᠲᠤᠭ ᠨᠤᠢᠷ᠎ᠲᠠᠭᠠᠨ ᠲᠤᠭ᠍ᠵᠢᠷᠠᠨ ᠬᠦᠭᠡᠷᠦᠬᠦᠢ ᠡᠵᠢ᠎ᠶ᠋ᠢᠨ᠎ᠢᠶᠠᠨ ᠲᠤᠯᠤᠭᠠᠢ᠎ᠶ᠋ᠢ᠎ᠨᠢ ᠲᠦᠱᠢᠬᠦ᠌ ᠵᠠᠶᠠᠭ᠎ᠠ ᠲᠤᠳᠠᠴᠢᠬᠠᠭ᠍ᠰᠠᠨ ᠶᠤᠮ᠃

ᠡᠵᠢ ᠮᠢᠨᠢ ᠬᠡᠯᠡᠭ᠌ᠰᠡᠨ᠎ᠳᠡᠭᠡᠨ ᠬᠦᠷᠳᠡᠭ ᠲᠡᠪᠴᠢᠶᠡᠷᠢ᠎ᠲᠠᠢ ᠬᠦᠮᠦᠨ ᠪᠠᠢᠭ᠍ᠰᠠᠨ ᠳ᠋ᠠ᠂ ᠬᠦᠭᠡᠷᠦᠬᠦᠢ᠃ ᠬᠠᠷ᠎ᠠ ᠦᠷᠯᠦᠭᠡᠬᠦᠷ ᠴᠠᠭ᠎ᠠ ᠴᠢᠨᠠᠨ ᠠᠷᠢᠬᠢ ᠨᠡᠷᠡᠵᠦ᠍᠂ ᠨᠡᠷᠡᠮᠡᠯ᠎ᠤᠨ᠎ᠢᠶᠠᠨ ᠴᠢᠩᠭ᠎ᠠ ᠰᠤᠯᠠ᠎ᠶ᠋ᠢ ᠱᠢᠯᠭᠠᠬᠤ ᠭᠡᠵᠤ ᠠᠮᠰᠠᠭ᠍ᠰᠠᠭᠠᠷ ᠪᠠᠢᠭᠠᠳ ᠠᠷᠢᠬᠢᠨ᠎ᠳᠤ ᠤᠷᠤᠴᠢᠬᠠᠭ᠍ᠰᠠᠨ ᠮᠠᠭᠠᠳ᠃ ᠭᠠᠭ᠍ᠴᠠ ᠪᠠᠶ᠎ᠠ ᠪᠡᠯᠪᠡᠰᠦᠨ ᠬᠤᠴᠤᠷᠤᠭ᠍ᠰᠠᠨ ᠪᠦᠰᠡᠬᠦᠢ ᠬᠦᠮᠦᠨ᠎ᠳᠤ ᠠᠪᠴᠤ᠌ ᠬᠡᠯᠡᠪᠡᠯ ᠲᠤᠯᠤᠭ᠎ᠠ᠎ᠶ᠋ᠢᠨ ᠲᠤᠯᠤᠭᠠᠨ ᠦᠨᠦᠴᠢᠨ ᠬᠡᠦᠬᠡᠳ᠎ᠢ ᠦᠰᠭᠡᠵᠦ᠍ ᠦᠨᠳᠡᠢᠯᠬᠡᠨ᠂ ᠠᠰ ᠠᠰ᠎ᠲᠤᠨᠢ ᠠᠢᠯ ᠡᠷᠦᠬᠡ ᠪᠤᠰᠭᠠᠬᠤ ᠬᠡᠴᠡᠬᠦᠦ ᠪᠠᠢᠭ᠍ᠰᠠᠨ᠎ᠨᠢ ᠦᠨᠡᠨ᠃ ᠲᠡᠭᠡᠷ᠎ᠡ᠎ᠨᠢ ᠪᠠᠰᠠ ᠮᠠᠨ᠎ᠤ ᠲᠠᠪᠤᠨ ᠬᠡᠦᠬᠡᠳ ᠨᠡᠮᠡᠨ᠎ᠡ᠃ ᠪᠢᠳᠠ ᠬᠤᠶᠠᠷ᠎ᠢᠶᠠᠷ ᠬᠠᠨᠢ ᠪᠠᠷ᠎ᠠ ᠲᠠᠳᠠᠵᠤ ᠬᠠᠶᠠᠭᠠᠨ᠎ᠠᠴᠠ᠎ᠪᠠᠨ ᠰᠠᠯᠭᠠᠳᠠᠭ ᠦᠭᠡᠢ ᠪᠠᠢᠭ᠍ᠰᠠᠨ᠎ᠢ᠎ᠨᠢ ᠤᠢᠯᠠᠭᠠᠬᠤ ᠦᠭᠡᠢ ᠶᠠᠭᠠᠬᠢᠬᠤ ᠪᠤᠢ᠂ ᠤᠢᠯᠠᠭᠠᠬᠤ᠎ᠶ᠋ᠢᠨ ᠲᠡᠭᠡᠳᠦ᠍᠎ᠪᠠᠷ ᠤᠢᠯᠠᠭᠠᠳᠠᠭ᠃ ᠲᠡᠷᠡ ᠲᠤᠰᠤᠮ᠎ᠢᠶᠠᠨ ᠮᠠᠨ᠎ᠤ ᠭᠡᠷ ᠪᠦᠯᠢ᠎ᠳᠤ ᠴᠢᠮᠠᠯᠠᠰᠢ ᠦᠭᠡᠢ ᠶᠡᠭᠡ ᠬᠠᠢᠷ᠎ᠠ ᠡᠨᠡᠷᠢᠯ᠂ ᠬᠠᠪᠰᠤᠷᠤᠯᠭ᠎ᠠ ᠲᠡᠮᠵᠢᠯᠭᠡ ᠦᠵᠡᠬᠦᠯᠵᠦ᠍ ᠶᠠᠪᠤᠭ᠍ᠰᠠᠨ᠎ᠢ᠎ᠨᠢ ᠶᠠᠭᠠᠬᠢᠨ ᠮᠠᠷᠳᠠᠵᠤ ᠪᠤᠯᠬᠤ ᠪᠤᠢ᠃ ᠬᠦᠮᠦᠨ ᠶᠡᠷᠦ᠍᠎ᠨᠢ ᠪᠤᠰᠤᠳ᠎ᠤᠨ ᠠᠴᠢ ᠭᠠᠪᠢᠶ᠎ᠠ᠂ ᠦᠩᠭᠡ᠎ᠲᠠᠢ ᠦᠬᠡᠳᠡ᠎ᠲᠠᠢ ᠭᠡᠭᠡᠯᠢᠭ ᠲᠠᠯ᠎ᠠ᠎ᠶ᠋ᠢ ᠪᠤᠷᠬᠠᠨ ᠪᠤᠯᠤᠭ᠍ᠰᠠᠨ ᠬᠤᠢᠨ᠎ᠠ᠎ᠨᠢ ᠰᠠᠶᠢ ᠤᠯᠵᠤ ᠬᠠᠷᠠᠳᠠᠭ ᠲᠤᠷᠤᠢ ᠵᠠᠩ᠎ᠲᠠᠢ ᠬᠠᠷᠠᠯᠭᠠᠨ ᠠᠮᠢᠳᠠᠨ ᠶᠤᠮ᠃ ᠡᠵᠢ᠎ᠶ᠋ᠢ᠎ᠪᠠᠨ ᠵᠠᠭᠤ ᠨᠠᠰᠤᠯᠠᠬᠤ ᠶᠤᠮ ᠱᠢᠭ᠋ ᠲᠤᠷᠠᠳᠠᠢ ᠵᠦᠢᠯ᠎ᠢ᠎ᠨᠢ ᠬᠤᠷᠢᠵᠤ ᠬᠠᠱᠢᠨ᠂ ᠨᠢᠭᠤᠵᠤ ᠲᠠᠯᠳᠠᠯᠠᠨ ᠨᠢᠬᠦᠯ ᠬᠤᠷᠢᠶᠠᠵᠤ ᠶᠠᠪᠤᠭ᠍ᠰᠠᠨ᠎ᠳᠠᠭᠠᠨ ᠬᠠᠷᠠᠮᠰᠠᠬᠤ᠎ᠶ᠋ᠢᠨ ᠶᠡᠭᠡ᠎ᠪᠠᠷ ᠬᠠᠷᠠᠮᠰᠠᠳᠠᠭ ᠭᠡᠳ ᠨᠢᠯᠪᠤᠰᠤ᠎ᠪᠠᠨ ᠲᠤᠰᠤᠯᠠᠭᠤᠯᠤᠨ ᠶᠠᠷᠢᠶ᠎ᠠ᠎ᠪᠠᠨ ᠲᠠᠭᠤᠰᠭᠠᠪᠠ᠃

《ᠤᠷᠢᠳᠤ ᠰᠦᠨᠢ ᠲᠡ ᠡᠵᠢ᠎ᠶ᠋ᠢ᠎ᠪᠠᠨ ᠢᠨᠢᠶᠡᠳᠦ ᠠᠯᠳᠠᠨ ᠤᠷᠤᠵᠤ ᠢᠷᠡᠯ᠎ᠡ ᠭᠡᠵᠤ ᠵᠡᠬᠦᠳᠦᠯᠡᠭ᠌ᠰᠡᠨ ᠪᠢᠵᠡ ᠳ᠋ᠡ? ᠲᠠᠨ᠎ᠤ ᠡᠵᠢ ᠲᠦᠷᠦᠭ᠌ᠰᠡᠨ ᠨᠤᠳᠤᠭ᠎ᠤᠨ᠎ᠢᠶᠠᠨ ᠠᠷᠢᠭᠤᠨ ᠬᠦᠷᠦᠰᠦᠨ ᠲᠡᠭᠡᠷ᠎ᠡ ᠲᠠ ᠨᠠᠷ᠎ᠤᠨ᠎ᠢᠶᠠᠨ ᠰᠠᠢᠨ ᠰᠠᠢᠬᠠᠨ᠎ᠢ ᠬᠠᠷᠠᠨ ᠪᠠᠶᠠᠷᠳᠠᠢ ᠨᠤᠢᠷᠰᠤᠵᠤ ᠪᠠᠢᠭ᠎ᠠ ᠶᠤᠮ ᠪᠠᠢᠨ᠎ᠠ》 ᠭᠡᠳ ᠨᠢᠯᠪᠤᠰᠤ᠎ᠶ᠋ᠢ᠎ᠨᠢ ᠠᠷᠴᠢᠭ᠍ᠰᠠᠨ᠎ᠳᠤ᠂ 《ᠪᠠᠶᠠᠷᠯᠠᠯ᠎ᠠ᠂ ᠴᠢᠮ᠎ᠠ᠎ᠳᠤ᠃ ᠰᠡᠳᠭᠢᠯ ᠤᠩᠭᠤᠢᠭᠠᠳ ᠰᠠᠢᠬᠠᠨ ᠪᠤᠯᠤᠯ᠎ᠠ᠃ ᠡᠭᠡᠴᠢ᠎ᠨᠢ ᠬᠠᠷᠢᠵᠤ ᠠᠴᠢ ᠦᠬᠢᠨ᠎ᠤ᠎ᠪᠠᠨ ᠬᠤᠭᠤᠯᠠ ᠴᠠᠢ᠎ᠶ᠋ᠢ ᠪᠡᠯᠡᠳᠭᠡᠶ᠎ᠡ!》 ᠭᠡᠳ ᠪᠤᠰᠪᠠ᠃

ᠡᠵᠢ ᠭᠡᠵᠤ ᠰᠡᠳᠭᠢᠯ ᠰᠠᠨᠠᠭᠠᠨ᠎ᠤ ᠮᠦᠩᠬᠡ᠎ᠶ᠋ᠢᠨ ᠬᠦᠱᠢᠶ᠎ᠡ ᠶᠤᠮ ᠳ᠋ᠠ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号