ᠲᠤᠭᠤᠨᠤᠪᠠᠷ ᠳᠤᠰᠭᠤ ᠨᠠᠷᠠ ᠱᠢᠭ᠋ ᠮᠢᠨᠤ ᠡᠵᠢ
ᠳᠣᠷᠣᠨᠠᠳᠠᠭᠢᠨᠤ ᠬᠦᠳᠡᠭᠡᠶ᠋ᠢᠨ
ᠵᠢᠷᠤᠨ ᠨᠢᠭᠡ ᠪᠦᠰᠡᠭᠦᠢ
ᠭᠠᠷ ᠳᠠᠲᠠᠭᠤ ᠦᠯᠦᠰᠭᠦᠯᠡᠩ ᠤᠨ ᠰᠠᠷᠠᠶ᠋ᠢ
ᠭᠠᠨᠵᠤᠭᠠ ᠳᠦᠭᠦᠷᠡᠩ ᠪᠠᠶᠠᠨ ᠴᠠᠳᠭᠤᠯᠠᠩ
ᠠᠪᠴᠤ᠌ ᠢᠷᠡᠭ᠌ᠰᠡᠨ
ᠵᠢᠷᠤᠨ ᠪᠤᠰᠤ ᠪᠦᠰᠡᠭᠦᠢ
ᠭᠡᠭᠡᠪᠴᠢᠪᠠᠷ ᠠᠰᠭᠠᠷᠠᠬᠤ ᠰᠠᠷᠠ ᠱᠢᠭ᠋ ᠮᠢᠨᠤ ᠡᠵᠢ
ᠭᠠᠷᠴᠠᠭᠠ ᠦᠭᠡᠢ ᠬᠦᠳᠡᠭᠡᠶ᠋ᠢᠨ
ᠵᠢᠷᠤᠨ ᠨᠢᠭᠡ ᠪᠦᠰᠡᠭᠦᠢ
ᠡᠪᠦᠳᠦᠭ ᠴᠤᠭᠤᠷᠬᠠᠢ ᠬᠦᠢᠲᠡᠨ ᠣᠯᠠᠷᠢᠯᠳᠤ
ᠦᠶᠦᠭ ᠳᠣᠯᠠᠭᠠᠬᠠᠨ ᠡᠯᠢᠭᠡ ᠪᠦᠲᠦᠨ
ᠠᠮᠢᠳᠣᠷᠠᠵᠤ ᠢᠷᠡᠭ᠌ᠰᠡᠨ
ᠵᠢᠷᠤᠨ ᠪᠤᠰᠤ ᠪᠦᠰᠡᠭᠦᠢ
ᠰᠦᠨ ᠭᠡᠷᠡᠯᠢᠶᠠᠷᠢᠶᠠᠨ
ᠰᠦᠨᠢᠶ᠋ᠢ ᠬᠦᠷᠲᠡᠯᠡ ᠠᠷᠭᠠᠳᠠᠳᠠᠭ
ᠮᠢᠨᠤ ᠡᠵᠢ
ᠰᠡᠳᠭᠢᠯᠤᠨ ᠭᠡᠷᠡᠯᠢᠶᠠᠷᠢᠶᠠᠨ
ᠰᠡᠭᠦᠳᠡᠷᠢ ᠮᠢᠨᠢ ᠬᠦᠷᠲᠡᠯᠡ ᠤᠬᠢᠶᠠᠳᠠᠭ
ᠮᠢᠨᠤ ᠡᠵᠢ
ᠳᠣᠯᠠᠭᠠᠨ ᠡᠪᠦᠷᠲᠡᠭᠡᠨ
ᠳᠡᠯᠡᠬᠡᠢᠶ᠋ᠢ ᠬᠦᠷᠲᠡᠯᠡ ᠪᠦᠪᠡᠢᠯᠡᠳᠡᠭ
ᠮᠢᠨᠤ ᠡᠵᠢ
ᠳᠠᠯᠠᠢ ᠬᠠᠢᠷᠠᠳᠠᠭᠠᠨ
ᠳᠣᠲᠠᠭᠤᠶ᠋ᠢ ᠮᠢᠨᠢ ᠬᠦᠷᠲᠡᠯᠡ ᠪᠠᠭ᠍ᠲᠠᠭᠠᠳᠠᠭ
ᠮᠢᠨᠤ ᠡᠵᠢ
ᠬᠠᠪᠤᠷ ᠪᠤᠯᠵᠠᠢ ᠡᠵᠢ ᠡ
ᠬᠠᠩᠰᠢ ᠦᠩᠭᠡᠷᠡᠵᠡᠢ ᠡᠵᠢ ᠡ
ᠬᠠᠮᠤᠭ ᠪᠤᠳᠠᠰ ᠠᠮᠢᠯᠠᠭ᠍ᠰᠠᠨ ᠴᠦ᠍
ᠬᠠᠰᠢ ᠯᠡ ᠲᠠᠨᠢᠶᠠᠷ ᠳᠣᠲᠠᠭᠠᠳ
ᠬᠤᠪᠳᠤᠯ ᠵᠢᠷᠦᠬᠡ ᠮᠢᠨᠢ
ᠬᠤᠭᠤᠰᠤᠷᠠᠭᠠᠳ ᠪᠠᠢᠨᠠ ᠡᠵᠢ ᠡ
ᠭᠠᠵᠠᠷ ᠬᠦᠬᠡᠷᠡᠵᠡᠢ ᠡᠵᠢ ᠡ
ᠭᠦᠢᠯᠡᠰᠦᠨ ᠴᠡᠴᠡᠭ ᠳᠡᠯᠭᠡᠷᠡᠵᠡᠢ ᠡᠵᠢ ᠡ
ᠭᠠᠯᠪᠠ ᠳᠡᠯᠡᠬᠡᠢ ᠨᠤᠭᠤᠭᠠᠷᠠᠭ᠍ᠰᠠᠨ ᠴᠦ᠍
ᠭᠠᠭ᠍ᠴᠠ ᠳᠠᠨᠢᠶᠠᠨ ᠦᠭᠡᠢᠯᠡᠭᠡᠳ
ᠭᠤᠤᠯ ᠵᠢᠷᠦᠬᠡ ᠮᠢᠨᠢ
ᠭᠠᠩᠰᠠᠷᠠᠭᠠᠳ ᠪᠠᠢᠨᠠ ᠡᠵᠢ ᠡ