ᠵᠢᠨᠢᠩ᠎ᠤᠨ ᠲᠠᠢᠯᠠᠯᠳᠤᠭᠠᠨ
2026-06-25 09:23:30
ᠵᠣᠬᠢᠶᠠᠭ᠍ᠴᠢ᠄
ᠰᠦᠩ ᠯᠢ ᡁᠢ
ᠣᠩᠱᠢᠭ᠍ᠰᠠᠨ ᠣᠳᠠᠭ᠎ᠠ᠄
★★★☆☆

1946 ᠣᠨ᠎ᠤ 1 ᠰᠠᠷ᠎ᠠ᠎ᠶᠢᠨ 5 ᠎ᠤ᠋  ᠡᠳᠦᠷ ᠂ 《ᠠᠷᠪᠠᠨ ᠰᠠᠷ᠎ᠠ᠎ᠶᠢᠨ ᠠᠷᠪᠠᠨ᠎ᠤ  ᠬᠡᠯᠡᠯᠴᠡᠭᠡᠷ 》᠎ᠢ᠋ ᠦᠨᠳᠦᠰᠦᠯᠡᠨ᠂ ᠭᠣᠮᠢᠨᠳᠠᠩ ᠡᠪ ᠬᠠᠮᠲᠤ ᠨᠠᠮ ᠬᠣᠶᠠᠷ ᠲᠠᠯ᠎ᠠ᠎ᠪᠠᠷ᠎ᠢᠶᠠᠨ《ᠤᠯᠤᠰ᠎ᠤᠨ ᠳᠣᠲᠣᠭᠠᠳᠤ᠎ᠶᠢᠨ ᠴᠡᠷᠢᠭ᠎ᠦᠨ ᠶᠠᠪᠤᠳᠠᠯ᠎ᠤᠨ ᠮᠥᠷᠭᠥᠯᠳᠦᠭᠡᠨ᠎ᠢ ᠵᠣᠭᠰᠤᠭᠠᠬᠤ ᠲᠤᠬᠠᠢ ᠬᠡᠯᠡᠯᠴᠡᠭᠡᠷ 》 ᠲᠦ᠍  ᠭᠠᠷ᠎ᠤᠨ ᠦᠰᠦᠭ ᠵᠢᠷᠤᠵᠤ᠂ 13 ᠎ᠤ᠋ ᠡᠳᠦᠷ᠎ᠦᠨ 24 ᠴᠠᠭ᠎ᠡᠴᠡ《ᠳᠠᠶ᠋ᠢᠨ ᠵᠣᠭᠰᠣᠬᠤ ᠵᠠᠷᠯᠢᠭ᠋ 》 ᠬᠦᠴᠦᠨ᠎ᠲᠠᠢ ᠪᠣᠯᠬᠤ ᠎ᠵᠢ 10  ᠤ᠋ ᠡᠳᠦᠷ ᠵᠢᠩᠬᠢᠨᠢ᠎ᠪᠡᠷ ᠨᠡᠢᠲᠡᠯᠡᠭᠰᠡᠨ ᠪᠠᠢᠨ᠎ᠠ᠃

《ᠳᠠᠶ᠋ᠢᠨ ᠵᠣᠭᠰᠣᠬᠤ ᠵᠠᠷᠯᠢᠭ᠋ 》 ᠲᠦ᠍ 《ᠳᠠᠶ᠋ᠢᠨ ᠵᠣᠭᠰᠣᠬᠤ ᠵᠠᠷᠯᠢᠭ᠋ 》 ᠬᠦᠴᠦᠨ᠎ᠲᠠᠢ ᠪᠣᠯᠬᠤ ᠎ᠡᠴᠨ ᠡᠮᠦᠨᠡᠬᠢ ᠣᠳᠣᠬᠢ ᠪᠠᠢᠳᠠᠯ᠎ᠢᠶᠠᠷ ᠭᠣᠮᠢᠨᠳᠠᠩ ᠡᠪ ᠬᠠᠮᠲᠤ ᠨᠠᠮ ᠬᠣᠶᠠᠷ ᠡᠲᠡᠭᠡᠳ᠎ᠦᠨ ᠴᠡᠷᠢᠭ ᠎ᠦᠨ ᠶᠠᠪᠤᠳᠠᠯ᠎ᠤᠨ ᠵᠠᠭᠠᠭ ᠱᠤᠭᠤᠮ ᠎ᠢ ᠬᠤᠪᠢᠶᠠᠷᠢᠯᠠᠨ᠎ᠠ ᠭᠡᠵᠦ ᠲᠣᠭᠲᠠᠭᠠᠵᠠᠢ᠃  ᠶᠠᠫᠤᠨ ᠎ᠢ ᠡᠰᠡᠷᠭᠦᠴᠡᠬᠦ ᠳᠠᠢ᠍ᠢᠨ ᠎ᠦ ᠢᠯᠠᠯᠲᠠ᠎ᠶᠢᠨ ᠦᠷ᠎ᠡ ᠪᠦᠲᠦᠭᠡᠯ᠎ᠢ ᠪᠤᠯᠢᠶᠠᠬᠤ ᠎ᠶᠢᠨ ᠲᠥᠯᠥᠭᠡ᠂ 1 ᠰᠠᠷ᠎ᠠ᠎ᠶᠢᠨ 11 ᠎ᠤ᠋  ᠡᠳᠦᠷ ᠂ ᠵᠢᠶᠠᠩ ᠵᠢᠶᠧ ᠱᠢ ᠡᠯ᠎ᠡ ᠭᠠᠵᠠᠷ ᠎ᠤᠨ ᠭᠣᠮᠢᠨᠳᠠᠩ᠎ᠤᠨ ᠴᠡᠷᠢᠭ᠎ᠲᠦ 1 ᠰᠠᠷ᠎ᠠ᠎ᠶᠢᠨ 13 ᠎ᠤ᠋  ᠡᠳᠦᠷ᠎ᠡᠴᠡ ᠡᠮᠦᠨ᠎ᠡ ᠪᠠᠢᠯᠳᠤᠬᠤ ᠪᠣᠳᠣᠯᠭ᠎ᠠ᠎ᠶᠢᠨ ᠴᠢᠬᠤᠯᠠ ᠭᠠᠵᠠᠷ ᠎ᠢ ᠪᠤᠯᠢᠶᠠᠨ ᠡᠵᠡᠯᠡᠬᠦ ᠨᠢᠭᠤᠴᠠ ᠵᠠᠷᠯᠢᠭ᠋ ᠪᠠᠭᠤᠯᠭᠠᠪᠠ᠃

ᠵᠢᠨᠢᠩ 1945 ᠣᠨ᠎ᠤ 10 ᠰᠠᠷ᠎ᠠ᠎ᠶᠢᠨ 24 ᠎ᠤ᠋  ᠡᠳᠦᠷ᠎ᠡᠴᠡ ᠡᠬᠢᠯᠡᠨ ᠠᠷᠠᠳ᠎ᠤᠨ ᠴᠡᠷᠢᠭ᠎ᠦᠨ ᠡᠷᠬᠡᠰᠢᠶᠡᠯ᠎ᠳᠦ ᠣᠷᠣᠪᠠ᠃ 1946 ᠣᠨ᠎ᠤ 1 ᠰᠠᠷ᠎ᠠ᠎ᠶᠢᠨ 14 ᠎ᠤ᠋ ᠥᠷᠯᠥᠭᠡ᠎ᠶᠢᠨ 4 ᠴᠠᠭ᠎ᠤᠨ ᠦᠶ᠎ᠡ᠎ᠪᠡᠷ ᠭᠣᠮᠢᠨᠳᠠᠩ ᠎ᠤᠨ ᠰᠦᠨ ᠯᠠᠨ ᠹᠧᠩ᠎ᠤᠨ ᠴᠡᠷᠢᠭ 4000 ᠭᠠᠷᠤᠢ ᠬᠥᠮᠥᠨ ᠵᠢᠨᠢᠩ ᠎ᠢ ᠭᠡᠨᠡᠳᠡᠭᠦᠯᠦᠨ ᠳᠠᠭᠠᠷᠢᠪᠠ᠃ ᠬᠣᠶᠠᠷ ᠡᠲᠡᠭᠡᠳ᠎ᠦᠨ ᠴᠡᠷᠢᠭ᠎ᠦᠨ ᠬᠦᠴᠦᠨ ᠲᠤᠩ ᠶᠡᠬᠡ ᠵᠥᠷᠢᠶ᠎ᠡ ᠲᠠᠢ᠎ᠡᠴᠡ ᠪᠣᠯᠵᠤ ᠬᠤᠳᠠ᠎ᠶᠢ ᠰᠠᠬᠢᠵᠤ ᠪᠠᠢᠭᠰᠠᠨ ᠨᠠᠢ᠍ᠮᠠᠳᠤᠭᠠᠷ ᠵᠠᠮ᠎ᠤᠨ ᠴᠡᠷᠢᠭ ᠰᠢᠷᠭᠠᠭᠤ ᠬᠠᠳᠠᠭᠤᠵᠢᠯᠳᠠᠢ ᠡᠰᠡᠷᠭᠦᠴᠡᠭᠰᠡᠨ᠎ᠦ ᠳᠠᠷᠠᠭ᠎ᠠ᠂ ᠬᠤᠳᠠ᠎ᠶᠢᠨ ᠭᠠᠳᠠᠨ᠎ᠠ ᠰᠢᠯᠵᠢᠨ ᠳᠠᠢᠰᠤᠨ ᠎ᠢ ᠭᠡᠲᠡᠭᠰᠡᠨ ᠪᠦᠭᠡᠳ ᠲᠤᠰᠠᠯᠠᠬᠤ ᠴᠡᠷᠢᠭ ᠢᠷᠡᠵᠦ  ᠵᠢᠨᠢᠩ᠎ᠢ ᠡᠭᠡᠭᠦᠯᠦᠨ ᠠᠪᠬᠤ᠎ᠶᠢ ᠬᠦᠯᠢᠶᠡᠪᠡ᠃ ᠭᠣᠮᠢᠨᠳᠠᠩ᠎ᠤᠨ ᠴᠡᠷᠢᠭ 14 ᠎ᠤ᠋  ᠡᠳᠦᠷ᠎ᠦᠨ 8 ᠴᠠᠭ᠎ᠤᠨ ᠦᠶ᠎ᠡ᠎ᠪᠡᠷ ᠬᠣᠲᠠᠨ᠎ᠳᠤ ᠣᠷᠣᠪᠠ᠃ ᠵᠢᠨᠢᠩ ᠎ᠢ ᠠᠯᠳᠠᠭᠰᠠᠨ ᠶᠠᠪᠤᠳᠠᠯ᠎ᠮᠠᠰᠢ ᠶᠡᠭᠡ  ᠨᠥᠯᠥᠭᠡ᠎ᠲᠤᠰᠬᠠᠯ ᠭᠠᠷᠴᠠᠢ᠃ ᠱᠠᠨ ᠰᠢ ᠴᠠᠬᠠᠷ ᠾᠧᠪᠧᠢ᠎ᠶᠢᠨ ᠴᠡᠷᠢᠭ᠎ᠦᠨ ᠲᠣᠭᠣᠷᠢᠭ᠋ ᠪᠣᠯᠣᠨ ᠱᠠᠨ ᠰᠢ ᠰᠦᠢᠶᠤᠸᠠᠨ᠎ᠤ ᠴᠡᠷᠢᠭ ᠎ᠦᠨ ᠲᠣᠭᠣᠷᠢᠭ᠋ ᠳᠠᠷᠤᠢᠬᠠᠨ ᠡᠯ᠎ᠡ ᠭᠠᠵᠠᠷ᠎ᠤᠨ ᠴᠡᠷᠢᠭ ᠠᠩᠭᠢ᠎ᠶᠢ ᠳᠠᠢ᠍ᠢᠴᠢᠯᠠᠨ ᠵᠢᠨᠢᠩ᠎ᠢ ᠲᠤᠰᠠᠯᠠᠵᠤ᠂ ᠰᠦᠢᠶᠤᠸᠠᠨ ᠦᠪᠦᠷ ᠮᠤᠩᠭᠤᠯ ᠤ᠋ᠨ  ᠴᠡᠷᠢᠭ᠎ᠦᠨ ᠲᠣᠭᠣᠷᠢᠭ᠋᠎ᠤᠨ ᠺᠤᠮᠠᠨᠳ᠋ᠯᠠᠭ᠍ᠴᠢ ᠶᠣᠣ ᠵᠸ᠎ᠬᠠᠯᠳᠠᠷ᠎ᠠ ᠢᠷᠡᠭᠰᠡᠨ ᠳᠠᠢᠰᠤᠨ᠎ᠢ ᠭᠡᠳᠡᠷᠭᠦ ᠴᠣᠬᠢᠬᠤ ᠲᠠᠢᠯᠠᠯᠳᠤᠭᠠᠨ᠎ᠢ ᠵᠢᠯᠣᠭᠣᠳᠪᠠ᠃

ᠡᠨᠡ ᠦᠶ᠎ᠡ᠎ᠳᠦ᠂ ᠨᠥᠭᠥᠭᠡ ᠨᠢᠭᠡ ᠳᠠᠶ᠋ᠢᠨ᠎ᠦ ᠲᠠᠯᠠᠪᠤᠷ᠎ᠲᠤ᠂ ᠵᠢᠨᠢᠩ ᠤ᠋ᠨ ᠬᠡᠨ ᠳ᠋ᠤ ᠬᠠᠷᠢᠶᠠᠯᠠᠭᠳᠠᠬᠤ ᠠᠰᠠᠭᠤᠳᠠᠯ ᠨᠢ ᠭᠣᠮᠢᠨᠳᠠᠩ ᠡᠪ ᠬᠠᠮᠲᠤ ᠨᠠᠮ᠎ᠤᠨ ᠬᠠᠮᠤᠭ ᠤ᠋ᠨ  ᠳᠡᠭᠡᠳᠦ ᠶᠡᠷᠦᠩᠬᠡᠢ ᠵᠢᠯᠤᠭᠣᠳᠬᠤ ᠭᠠᠵᠠᠷ᠎ᠤᠨ ᠠᠩᠬᠠᠷᠤᠯ᠎ᠢ ᠲᠠᠲᠠᠪᠠ᠃ 1946 ᠣᠨ᠎ᠤ 1 ᠰᠠᠷ᠎ᠠ᠎ᠶᠢᠨ 15 ᠤ᠋  ᠡᠳᠦᠷ᠂ ᠳᠤᠮᠳᠠᠳᠤ ᠤᠯᠤᠰ᠎ᠤᠨ ᠡᠪ ᠬᠠᠮᠲᠤ ᠨᠠᠮ᠂ ᠭᠣᠮᠢᠨᠳᠠᠩ᠎ᠤᠨ ᠵᠠᠰᠠᠭ᠎ᠤᠨ ᠣᠷᠳᠣᠨ ᠪᠣᠯᠣᠨ ᠠᠮᠧᠷᠢᠺᠠ  ᠭᠤᠷᠪᠠᠨ ᠲᠠᠯ᠎ᠠ᠎ᠶᠢᠨ ᠲᠥᠯᠥᠭᠡᠯᠡᠭᠴᠢ᠎ᠪᠡᠷ ᠪᠦᠷᠢᠯᠳᠦᠭᠰᠡᠨ ᠴᠡᠷᠢᠭ᠎ᠦᠨ ᠶᠠᠪᠤᠳᠠᠯ ᠎ᠤᠨ ᠡᠶᠡᠳᠡᠭᠦᠯᠭᠡ᠎ᠶᠢᠨ ᠭᠠᠵᠠᠷ᠎ᠤᠨ ᠭᠦᠢᠴᠡᠳᠬᠡᠬᠦ ᠬᠡᠯᠲᠡᠰ (ᠳᠥᠭᠥᠮᠴᠢᠯᠡᠭᠡᠳ 《ᠴᠡᠷᠢᠭ᠎ᠦᠨ ᠶᠠᠪᠤᠳᠠᠯ᠎ᠤᠨ ᠡᠶᠡᠳᠡᠭᠦᠯᠭᠡ᠎ᠶᠢᠨ ᠬᠡᠯᠲᠡᠰ 》 ᠬᠡᠨ᠎ᠡ ) ᠪᠸᠢᠢᠫᠢᠩ ᠳ᠋ᠦ᠍ ᠬᠤᠷᠠᠯ ᠬᠤᠷᠠᠯᠳᠤᠭᠤᠯᠪᠠ᠃ ᠬᠤᠷᠠᠯ ᠳᠡᠭᠡᠷ᠎ᠡ ᠭᠣᠮᠢᠨᠳᠠᠩ ᠡᠪ ᠬᠠᠮᠲᠤ ᠨᠠᠮ ᠬᠣᠶᠠᠷ ᠲᠠᠯ᠎ᠠ᠎ᠶᠢᠨ ᠲᠥᠯᠥᠭᠡᠯᠡᠭᠴᠢ ᠵᠢᠨᠢᠩ ᠤ᠋ᠨ  ᠬᠠᠷᠢᠶᠠᠯᠠᠭᠳᠠᠬᠤ ᠠᠰᠠᠭᠤᠳᠠᠯ᠎ᠳᠤ ᠴᠢᠭᠯᠡᠭᠦᠯᠦᠨ ᠰᠢᠷᠦᠭᠦᠨ ᠮᠠᠷᠭᠤᠯᠳᠤᠪᠠ᠃ ᠬᠣᠵᠢᠮ ᠨᠢ 《ᠴᠡᠷᠢᠭ᠎ᠦᠨ ᠶᠠᠪᠤᠳᠠᠯ᠎ᠤᠨ ᠡᠶᠡᠳᠡᠭᠦᠯᠭᠡ᠎ᠶᠢᠨ ᠬᠡᠯᠲᠡᠰ》 ᠎ᠡᠴᠡ ᠪᠠᠢᠴᠠᠭᠠᠬᠤ ᠳᠤᠭᠤᠢᠯᠠᠩ ᠲᠣᠮᠢᠯᠠᠨ ᠵᠢᠨᠢᠩ᠎ᠳᠦ  ᠪᠠᠢᠴᠠᠭᠠᠯᠲᠠ ᠬᠢᠯᠭᠡᠬᠦ᠎ᠪᠡᠷ ᠵᠥᠪᠳᠡᠨ ᠲᠣᠭᠲᠠᠪᠠ᠃ ᠴᠢᠯᠦᠭᠡᠯᠡᠬᠦ ᠳᠠᠶ᠋ᠢᠨ᠎ᠦ ᠲᠡᠦᠬᠡᠨ ᠳᠡᠭᠡᠷ᠎ᠡ ᠪᠠᠢᠯᠳᠤᠭᠠᠨ᠎ᠤ ᠬᠡᠪᠴᠢᠶ᠎ᠡ᠎ᠪᠡᠷ ᠲᠡᠶ᠋ᠢᠮᠦ ᠶᠡᠬᠡ ᠪᠢᠰᠢ ᠡᠨᠡ ᠤᠳᠠᠭᠠᠨ᠎ᠤ ᠲᠠᠢᠯᠠᠯᠳᠤᠭᠠᠨ ᠨᠢ ᠬᠠᠷᠢᠨ ᠭᠣᠮᠢᠨᠳᠠᠩ ᠡᠪ ᠬᠠᠮᠲᠤ ᠨᠠᠮ᠎ᠦᠨ ᠤᠯᠤᠰ ᠲᠥᠷᠥ᠂ ᠴᠡᠷᠢᠭ᠎ᠦᠨ ᠶᠠᠪᠤᠳᠠᠯ᠎ᠤᠨ ᠲᠡᠮᠡᠴᠡᠯ᠎ᠦᠨ ᠲᠥᠪᠯᠡᠷᠡᠯ᠎ᠦᠨ ᠴᠡᠭ ᠪᠣᠯᠤᠭᠰᠠᠨ ᠪᠠᠢᠨ᠎ᠠ᠃

1 ᠰᠠᠷ᠎ᠠ᠎ᠶᠢᠨ 16 ᠤ᠋ ᠣᠷᠣᠢ᠂ ᠱᠠᠨ ᠰᠢ ᠴᠠᠬᠠᠷ ᠡᡁᠸᠪᠸᠢ᠎ᠶᠢᠨ ᠴᠡᠷᠢᠭ᠎ᠦᠨ ᠲᠣᠭᠣᠷᠢᠭ᠋ ᠂ ᠱᠠᠨ ᠰᠢ ᠰᠦᠢᠶᠤᠸᠠᠨ᠎ᠤ ᠴᠡᠷᠢᠭ ᠎ᠦᠨ ᠲᠣᠭᠣᠷᠢᠭ᠋᠎ᠤᠨ ᠬᠤᠳᠠ᠎ᠶᠢ ᠲᠠᠭᠠᠷᠢᠬᠤ  ᠴᠡᠷᠢᠭ ᠠᠩᠭᠢ ᠵᠢᠨ ᠬᠢᠨ ᠰᠠᠯᠬᠢ ᠰᠢᠭᠤᠷᠭᠠᠨ ᠎ᠢ ᠰᠦᠷᠴᠦ᠂ ᠵᠢᠨᠢᠩ ᠬᠤᠳᠠ᠎ᠶᠢᠨ ᠭᠠᠳᠠᠨᠠᠬᠢ ᠸᠧ ᠯᠦᠩ ᠱᠠᠨ ᠠᠭᠤᠯᠠ᠂ ᠲᠢᠶᠠᠨ ᠮᠸᠨ ᠱᠠᠨ ᠠᠭᠤᠯᠠ᠂ ᠱᠦᠢ ᠯᠧᠦ ᠱᠠᠨ ᠠᠭᠤᠯᠠ (ᠲᠢᠶᠸ ᠵᠢᠶᠦ᠋ᠨ ᠱᠠᠨ ᠠᠭᠤᠯᠠ )  ᠵᠡᠷᠭᠡ ᠳᠠᠢᠰᠤᠨ᠎ᠤ ᠵᠢᠭ᠍ᠰᠠᠭᠠᠯ᠎ᠤᠨ ᠭᠠᠵᠠᠷ ᠲᠡᠢᠰᠢ ᠲᠠᠭᠠᠷᠢᠨ ᠤᠷᠤᠭᠰᠢᠯᠠᠪᠠ᠃ 17 ᠎ᠤ᠋  ᠥᠷᠯᠥᠭᠡ ᠪᠣᠯᠲᠠᠯ᠎ᠠ᠂ ᠨᠠᠢ᠍ᠮᠠᠳᠤᠭᠠᠷ ᠵᠠᠮ᠎ᠤᠨ ᠴᠡᠷᠢᠭ᠎ᠦᠨ 3 ᠳ᠋ᠤᠭᠠᠷ ᠪᠠᠷᠢᠭᠠᠳᠠ ᠤᠷᠢᠳ᠎ᠢᠶᠠᠷ ᠨᠢᠭᠡ ᠪᠠᠲᠯᠢᠶᠤᠨ ᠴᠡᠷᠢᠭ᠎ᠦᠨ ᠬᠦᠴᠦᠨ᠎ᠢᠶᠡᠷ ᠸᠧ ᠯᠦᠡᠭ ᠱᠠᠨ ᠠᠭᠤᠯᠠ ᠪᠣᠯᠣᠨ ᠲᠢᠶᠠᠨ ᠮᠧᠨ ᠱᠠᠨ ᠠᠭᠤᠯᠠ᠎ᠶᠢ ᠳᠠᠭᠠᠷᠢᠨ ᠡᠵᠡᠯᠡᠵᠦ᠂ ᠴᠡᠷᠢᠭ ᠠᠩᠭᠢ ᠨᠢ ᠰᠢᠭᠤᠳ ᠬᠣᠲᠠ᠎ᠶᠢᠨ ᠳᠣᠣᠷ᠎ᠠ ᠬᠦᠷᠴᠦ ᠢᠷᠡᠪᠡ᠃ ᠯᠣᠣ ᠬᠤ᠌ ᠱᠠᠨ ᠠᠭᠤᠯᠠᠨ᠎ᠤ ᠪᠡᠬᠢᠯᠡᠯᠲᠡ ᠨᠢ ᠪᠠᠲᠤ ᠪᠡᠬᠢ᠂ ᠭᠠᠵᠠᠷ᠎ᠤᠨ ᠪᠠᠢᠴᠠ ᠨᠢ ᠨᠡᠯᠢᠶᠡᠳ ᠪᠡᠷᠬᠡ ᠪᠠᠷᠳᠠᠭ᠎ᠠ᠎ᠲᠠᠢ ᠪᠥᠭᠡᠳ ᠬᠤᠳᠠ᠎ᠶᠢ ᠳᠣᠪᠲᠣᠯᠬᠤ᠎ᠳᠤ ᠲᠡᠳᠦᠢ ᠶᠡᠬᠡ ᠬᠠᠷᠰᠢ ᠰᠠᠭᠠᠳ ᠪᠣᠯᠬᠤ ᠦᠭᠡᠢ ᠲᠤᠯᠠ ᠲᠠᠭᠠᠷᠢᠯᠳᠠ ᠬᠢᠭᠰᠡᠨ ᠦᠭᠡᠢ᠃ ᠨᠠᠢ᠍ᠮᠠᠳᠤᠭᠠᠷ ᠵᠠᠮ᠎ᠤᠨ ᠴᠡᠷᠢᠭ᠎ᠦᠨ 27 ᠳ᠋ᠤᠭᠠᠷ ᠬᠣᠷᠢᠶ᠎ᠠ ᠂ 9 ᠳ᠋ᠤᠭᠡᠷ  ᠬᠣᠷᠢᠶ᠎ᠠ᠎ᠶᠢᠨ ᠭᠣᠣᠯ ᠬᠦᠴᠦᠨ 17 ᠤ᠋ ᠦᠦᠷ᠎ᠢᠶᠡᠷ ᠬᠤᠲᠠ᠎ᠶᠢᠨ ᠪᠠᠷᠠᠭᠤᠨᠳᠡᠬᠢ ᠡᠯ᠎ᠡ ᠵᠢᠭ᠍ᠰᠠᠭᠠᠯ ᠎ᠤᠨ ᠭᠠᠵᠠᠷ᠎ᠢ ᠡᠵᠡᠯᠡᠭᠰᠡᠨ᠎ᠦ ᠳᠠᠷᠠᠭ᠎ᠠ ᠡᠨᠳᠡ ᠴᠤᠭᠯᠠᠷᠠᠪᠠ᠃ ᠢᠩᠭᠢᠭᠡᠳ ᠵᠢᠨᠢᠩ ᠎ᠦᠨ ᠭᠠᠳᠠᠭᠤᠷᠬᠢ ᠪᠡᠬᠢᠯᠡᠯᠲᠡ᠎ᠶᠢ ᠦᠨᠳᠦᠰᠦᠨ᠎ᠳᠡᠭᠡᠨ ᠱᠦᠭᠦᠷᠳᠡᠨ ᠠᠷᠢᠯᠭᠠᠪᠠ᠃ ᠳᠠᠢᠰᠤᠨ ᠤᠷᠢᠳ ᠬᠣᠵᠢᠳ 3 ᠤᠳᠠᠭ᠎ᠠ ᠭᠡᠳᠡᠷᠭᠦ ᠳᠠᠭᠠᠷᠢᠯᠲᠠ ᠬᠢᠭᠰᠡᠨ ᠪᠤᠯᠪᠠᠴᠤ ᠪᠦᠷ ᠨᠠᠢ᠍ᠮᠠᠳᠤᠭᠠᠷ ᠵᠠᠮ᠎ᠤᠨ ᠴᠡᠷᠢᠭ᠎ᠲᠦ ᠴᠣᠬᠢᠭ᠍ᠳᠠᠨ ᠤᠬᠤᠷᠢᠪᠠ᠃ 17 ᠎ᠤ᠋ ᠡᠳᠦᠷ᠎ᠦᠨ 8 ᠴᠠᠭ᠎ᠲᠤ᠂ ᠨᠠᠢ᠍ᠮᠠᠳᠤᠭᠠᠷ ᠵᠠᠮ᠎ᠤᠨ ᠴᠡᠷᠢᠭ ᠬᠣᠲᠠ᠎ᠶᠢ ᠡᠬᠢᠯᠡᠨ ᠳᠠᠭᠠᠷᠢᠵᠤ  2 ᠴᠠᠭ ᠬᠢᠷᠢ ᠪᠠᠢᠯᠳᠤᠭᠠᠳ ᠡᠵᠡᠯᠡᠵᠦ ᠲᠡᠢᠯᠦᠭᠰᠡᠨ ᠦᠭᠡᠢ᠃ ᠪᠠᠢᠷᠢᠯᠠᠭᠤᠯᠤᠯᠲᠠ᠎ᠪᠠᠨ ᠲᠠᠬᠢᠵᠤ ᠲᠣᠬᠢᠷᠠᠭᠤᠯᠤᠭᠰᠠᠨ ᠎ᠤ ᠳᠠᠷᠠᠭ᠎ᠠ᠂ 14 ᠴᠠᠭ᠎ᠲᠤ ᠦᠷᠭᠦᠯᠵᠢᠯᠡᠨ ᠬᠣᠲᠠ᠎ᠶᠢ ᠲᠠᠭᠠᠷᠢᠭᠠᠳ ᠮᠥᠨ ᠯᠡ ᠪᠦᠳᠦᠭᠰᠡᠨ ᠦᠭᠡᠢ᠂ ᠭᠣᠮᠢᠨᠳᠠᠩ᠎ᠤᠨ ᠰᠠᠬᠢᠭᠤᠯ ᠴᠡᠷᠢᠭ᠎ᠲᠠᠢ ᠡᠰᠡᠷᠭᠦᠴᠡᠯᠳᠦᠨ ᠲᠡᠮᠡᠴᠡᠬᠦ ᠪᠠᠢᠳᠠᠯ ᠳ᠋ᠤ ᠤᠷᠤᠵᠠᠢ᠃ 27 ᠳ᠋ᠤᠭᠠᠷ ᠬᠣᠷᠢᠶ᠎ᠠ ᠵᠢᠨ 3 ᠳ᠋ᠤᠭᠠᠷ ᠪᠠᠲᠯᠢᠶᠤᠨ᠎ᠤ ᠳᠠᠷᠤᠭ᠎ᠠ ᠸᠠᠩ ᠶᠦᠨ ᠵᠠᠩ ᠪᠣᠯᠣᠨ ᠰᠤᠮᠤᠨ ᠳ᠋ᠸ᠋ ᠪᠠᠭᠤᠬᠰᠠᠨ ᠣᠷᠣᠯᠠᠭ᠍ᠴᠢ ᠱᠲ᠋ᠠᠪᠴᠢ ᠸᠠᠩ ᠶᠢᠦ ᠸᠧᠢ ᠬᠣᠲᠠ ᠳᠠᠭᠠᠷᠢᠬᠤ ᠦᠶ᠎ᠡ᠎ᠳᠦ ᠪᠡᠶ᠎ᠡ ᠦᠷᠡᠭᠳᠡᠵᠡᠢ᠃ ᠭᠠᠵᠠᠷ᠎ᠤᠨ ᠪᠠᠢᠴᠠ ᠥᠷᠭᠡᠨ ᠠᠭᠤᠳᠠᠮ ᠪᠣᠯᠬᠣᠷ ᠭᠤᠷᠪᠠᠳᠤᠭᠠᠷ ᠪᠠᠷᠢᠭᠠᠳᠠ ᠨᠡᠯᠢᠶᠡᠳ ᠬᠦᠨᠳᠦ ᠦᠬᠦᠵᠦ ᠰᠢᠷᠬᠠᠲᠤᠭᠰᠠᠨ ᠲᠤᠯᠠ ᠳᠠᠭᠠᠷᠢᠯᠲᠠ᠎ᠪᠠᠨ ᠲᠦᠷ ᠵᠣᠭᠰᠣᠭᠠᠵᠤ᠂ ᠰᠥᠨᠢ ᠪᠠᠢᠯᠳᠤᠬᠤ᠎ᠪᠠᠷ ᠪᠡᠯᠡᠳᠬᠡᠪᠡ᠃

1 ᠰᠠᠷ᠎ᠠ᠎ᠶᠢᠨ 17 ᠎ᠤ᠋ 17 ᠴᠠᠭ᠎ᠲᠤ᠂ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠋᠎ᠤᠨ ᠺᠤᠮᠠᠨᠳ᠋ᠯᠠᠬᠴᠢ ᠾᠧ ᠯᠦᠩ᠎ᠤᠨ ᠵᠢᠭᠠᠪᠤᠷᠢ᠎ᠶᠢ ᠦᠨᠳᠦᠰᠦᠯᠡᠨ᠂ ᠶᠣᠣ ᠵᠸ ᠵᠢᠨᠢᠩ᠎ᠢ ᠪᠦᠰᠡᠯᠡᠨ ᠲᠠᠭᠠᠷᠢᠬᠤ  ᠪᠦᠬᠦ ᠴᠡᠷᠢᠭ ᠠᠩᠭᠢ᠎ᠶᠢᠨ ᠬᠢᠨ᠎ᠳᠤ ᠬᠦᠴᠦ᠎ᠪᠡᠨ ᠬᠠᠮᠲᠤᠳᠬᠠᠨ ᠬᠠᠮᠵᠢᠯᠴᠠᠵᠤ᠂ ᠰᠢᠷᠦᠭᠦᠨ ᠳᠠᠭᠠᠷᠢᠯᠲᠠ ᠬᠢᠵᠦ᠂ ᠴᠠᠭ ᠎ᠢ ᠠᠮᠵᠢᠨ᠂ ᠠᠯᠢᠪᠠ ᠦᠷᠡᠭᠳᠡᠯ ᠰᠦᠢᠳᠦᠯ᠎ᠢ ᠬᠠᠢᠬᠤᠷᠤᠯ ᠦᠭᠡᠢ᠎ᠪᠡᠷ ᠲᠠᠢᠰᠤᠨ᠎ᠢ ᠰᠦᠨᠦᠭᠡᠨ᠂ 18 ᠴᠠᠭ 30 ᠮᠢᠨᠦ᠋ᠲ᠎ᠲᠦ ᠬᠤᠲᠠ᠎ᠶᠢᠨ ᠬᠡᠷᠡᠮ ᠵᠦᠭ ᠶᠡᠷᠦᠩᠬᠡᠢ ᠳᠠᠭᠠᠷᠢᠯᠲᠠ ᠬᠢᠵᠦ᠂ 18  ᠤ᠋ ᠦᠳᠡ᠎ᠶᠢᠨ ᠡᠮᠦᠨᠡᠬᠢ 10 ᠴᠠᠭ᠎ᠠᠴᠠ ᠡᠮᠦᠨ᠎ᠡ ᠪᠠᠢᠯᠳᠤᠭᠠᠨ᠎ᠢ ᠡᠷᠬᠡᠪᠰᠢ ᠳᠠᠭᠤᠰᠬᠠᠬᠤ ᠬᠡᠷᠡᠭᠲᠡᠢ ᠭᠡᠵᠦ ᠵᠠᠷᠯᠢᠭ᠍ᠳᠠᠪᠠ᠃

ᠶᠡᠷᠦᠩᠬᠡᠢ ᠳᠠᠭᠠᠷᠢᠯᠲᠠ ᠡᠬᠢᠯᠡᠭᠰᠡᠨ᠎ᠦ ᠲᠠᠷᠠᠭ᠎ᠠ᠂ ᠭᠣᠮᠢᠨᠳᠠᠩ᠎ᠤᠨ ᠴᠡᠷᠢᠭ ᠬᠤᠳᠠ᠎ᠶᠢᠨ ᠬᠡᠷᠡᠮ ᠳᠡᠭᠡᠷ᠎ᠡ ᠦᠬᠦᠨ ᠰᠠᠬᠢᠵᠤ ᠤᠬᠤᠷᠢᠭ᠍ᠰᠠᠨ ᠦᠭᠡᠢ᠂ ᠪᠠᠢᠯᠳᠤᠭᠠᠨ ᠮᠠᠰᠢ ᠬᠤᠷᠴᠠ ᠰᠢᠷᠦᠭᠦᠨ ᠶᠠᠪᠤᠭᠳᠠᠪᠠ᠃ 27 ᠳ᠋ᠤᠭᠠᠷ ᠬᠣᠷᠢᠶ᠎ᠠ᠎ᠶᠢᠨ ᠨᠢᠭᠡ ᠠᠡᠭᠬᠢ ᠵᠢᠨ ᠬᠢᠨ ᠪᠠᠷᠠᠭᠤᠨ ᠬᠤᠳᠠ ᠵᠢᠨ ᠬᠡᠷᠡᠮ᠎ᠳᠣᠣᠷᠠᠬᠢ ᠨᠢᠭᠡᠨ ᠤᠰᠤᠨ ᠰᠤᠪᠠᠭ  ᠵᠢᠡᠷ  ᠬᠤᠳᠠ᠎ᠳᠤ ᠰᠢᠪᠲᠤᠯᠤᠨ ᠤᠷᠤᠭᠰᠠᠨ ᠪᠤᠯᠪᠠᠴᠤ ᠬᠣᠢᠨᠠᠬᠢ ᠴᠡᠷᠢᠭ ᠠᠩᠭᠢ ᠵᠢᠨ ᠬᠢᠨ ᠳᠠᠭᠠᠵᠤ ᠳᠡᠢᠯᠦᠭᠰᠡᠨ ᠦᠭᠡᠢ᠎ᠡᠴᠡ ᠪᠣᠯᠵᠤ ᠂ ᠪᠦᠬᠦ ᠠᠡᠭᠭᠢ᠎ᠵᠢᠨ 1 ᠬᠥᠮᠥᠨ ᠤᠬᠤᠷᠢᠨ ᠭᠠᠷᠤᠭᠰᠠᠨ᠎ᠠᠴᠠ ᠪᠤᠰᠤᠳ ᠨᠢ ᠪᠦᠬᠦᠨ᠎ᠢᠶᠡᠷ᠎ᠢᠶᠡᠨ ᠪᠡᠶ᠎ᠡ ᠦᠷᠡᠭᠳᠡᠪᠡ᠃ ᠬᠤᠳᠠ᠎ᠶᠢᠨ ᠡᠮᠦᠨᠡᠬᠢ ᠭᠤᠷᠪᠠᠳᠤᠭᠠᠷ ᠪᠠᠷᠢᠭᠠᠳᠠ᠎ᠶᠢᠨ ᠳᠠᠭᠠᠷᠢᠯᠲᠠ ᠨᠢ ᠴᠦ᠍ ᠤᠷᠤᠭ᠍ᠰᠢ ᠦᠭᠡᠢ ᠪᠠᠢᠯ᠎ᠠ᠃ ᠬᠡᠳᠦᠢᠪᠡᠷ ᠬᠤᠳᠠ ᠎ᠶᠢᠨ ᠬᠡᠷᠡᠮ ᠳᠡᠭᠡᠷ᠎ᠡ ᠬᠡᠳᠦᠨ ᠰᠡᠲᠡᠷᠬᠡᠢ ᠭᠠᠷᠤᠭᠰᠠᠨ ᠪᠣᠯᠪᠠᠴᠤ ᠰᠡᠲᠡᠷᠬᠡᠢ ᠵᠢᠨ ᠪᠠᠢᠷᠢ ᠨᠢ ᠰᠠᠢᠨ ᠪᠢᠰᠢ ᠪᠣᠯᠬᠣᠷ ᠪᠠᠢᠯᠳᠤᠭ᠍ᠴᠢᠳ ᠠᠪᠠᠷᠢᠬᠤ᠎ᠶᠢᠨ ᠠᠷᠭ᠎ᠠ ᠦᠬᠡᠢ ᠪᠠᠢᠪᠠ᠃ 1 ᠰᠠᠷ᠎ᠠ᠎ᠶᠢᠨ 17 ᠎ᠤ᠋ 21 ᠴᠠᠭ᠎ᠲᠤ᠂ ᠱᠠᠨ ᠰᠢ ᠴᠠᠬᠠᠷ ᠾᠧᠪᠧᠢ᠎ᠶᠢᠨ ᠴᠡᠷᠢᠭ᠎ᠦᠨ ᠲᠣᠭᠣᠷᠢᠭ᠋᠎ᠤᠨ ᠾᠧᠪᠧᠢ ᠱᠠᠨ ᠰᠢ᠎ᠶᠢᠨ ᠴᠤᠪᠤᠭ᠎ᠠ ᠠᠩᠬᠢ᠎ᠶᠢᠨ  4 ᠳ᠋ᠤᠭᠡᠷ ᠪᠠᠷᠢᠭᠠᠳᠠ᠎ᠶᠢᠨ 6 ᠳ᠋ᠤᠭᠠᠷ ᠬᠣᠷᠢᠶ᠎ᠠ ᠡᠯ ᠳ᠋ᠣᠣ ᠭᠧᠦ ᠳ᠋ᠤ᠌ ᠬᠦᠷᠴᠦ᠂ ᠵᠢᠭᠠᠬᠠᠨ ᠡᠮᠬᠢᠯᠡᠨ ᠴᠡᠭᠴᠡᠯᠡᠭᠰᠡᠨ ᠤ᠋ ᠲᠠᠷᠠᠭ᠎ᠠ᠂ ᠬᠤᠳᠠ᠎ᠶᠢᠨ ᠡᠮᠦᠨ᠎ᠡ ᠲᠠᠯ᠎ᠠ᠎ᠠᠴᠠ ᠰᠢᠷᠦᠭᠦᠨ ᠳᠠᠭᠠᠷᠢᠯᠲᠠ ᠶᠠᠪᠤᠭᠤᠯᠪᠠ᠃ ᠲᠤᠰᠠᠯᠠᠬᠤ ᠴᠡᠷᠢᠭ ᠠᠩᠭᠢ ᠣᠷᠣᠯᠴᠠᠭᠰᠠᠨ᠎ᠠᠴᠠ ᠪᠥᠬᠥ ᠪᠠᠢᠯᠳᠤᠭ᠍ᠴᠢᠳ᠎ᠤᠨ ᠤᠮᠤᠭ ᠵᠣᠷᠢᠭ᠋᠎ᠨᠢ ᠬᠦᠪᠴᠢᠯᠡᠭᠳᠡᠵᠦ᠂ ᠳᠠᠭᠠᠷᠢᠯᠲᠠ᠎ᠶᠢᠨ ᠪᠠᠢᠳᠠᠯ ᠤᠯᠠᠮ ᠰᠠᠢᠨ ᠪᠣᠯᠵᠠᠢ᠃ 27 ᠳ᠋ᠤᠭᠠᠷ ᠬᠣᠷᠢᠶ᠎ᠠ ᠵᠢᠨ ᠣᠷᠣᠯᠠᠭ᠍ᠴᠢ ᠳᠠᠷᠤᠭ᠎ᠠ ᠬᠠᠨ ᠱᠤᠸᠠᠩ ᠲᠢᠩ ᠴᠡᠷᠢᠭ ᠠᠩᠭᠢ᠎ᠪᠠᠨ ᠳᠠᠭᠠᠭᠤᠯᠤᠨ ᠬᠣᠲᠠ᠎ᠶᠢᠨ ᠪᠠᠷᠠᠭᠤᠨ ᠬᠡᠷᠡᠮ᠎ᠢ ᠰᠢᠷᠦᠭᠦᠨ ᠳᠠᠭᠠᠷᠢᠪᠠ᠃ 1 ᠳ᠋ᠤᠭᠡᠷ ᠪᠠᠲᠯᠢᠶᠤᠨ᠎ᠤ 1 ᠳ᠋ᠤᠭᠡᠷ ᠰᠤᠮᠤ᠎ᠶᠢᠨ ᠳᠡᠯᠪᠡᠴᠢᠭᠴᠢ ᠮᠠ ᠴᠢᠩ ᠱᠠᠨ ᠲᠠᠷᠢ ᠰᠤᠮᠤᠨ᠎ᠦ ᠲᠤᠮᠳᠠᠭᠤᠷ ᠬᠤᠳᠠ᠎ᠶᠢᠨ ᠬᠡᠷᠡᠮ ᠳᠣᠣᠷ᠎ᠠ ᠬᠦᠷᠴᠦ᠂ ᠪᠠᠷᠠᠭᠤᠨ ᠡᠭᠦᠳᠡᠨ᠎ᠦ ᠪᠠᠷᠠᠭᠤᠨ ᠲᠠᠯ᠎ᠠ᠎ᠳᠤ ᠬᠣᠶᠠᠷ ᠪᠠᠭᠯᠠᠭ᠎ᠠ ᠲᠠᠷᠢ᠎ᠰᠢᠳᠡᠵᠦ ᠬᠣᠶᠠᠷ ᠵᠠᠩ ᠥᠷᠭᠡᠨ ᠰᠡᠲᠡᠷᠬᠡᠢ᠎ᠭᠠᠷᠭᠠᠨ᠂  ᠴᠡᠷᠢᠭ ᠠᠩᠭᠢ ᠵᠢᠨ ᠬᠢᠨ᠎ᠳᠤ ᠵᠠᠮ ᠨᠡᠭᠡᠭᠡᠵᠦ ᠥᠭᠪᠡ᠃  ᠬᠤᠳᠠ ᠵᠢᠨ ᠬᠡᠷᠡᠮ ᠤ᠋ᠨ ᠪᠠᠷᠠᠭᠤᠨ ᠬᠣᠢᠲᠤ ᠬᠡᠰᠡᠭ᠎ᠲᠦ ᠰᠢᠯᠵᠢᠵᠦ ᠢᠷᠡᠭᠰᠡᠨ 3 ᠳ᠋ᠤᠭᠠᠷ ᠪᠠᠷᠢᠭᠠᠳᠠ ᠳᠡᠯᠪᠡᠴᠢᠬᠦ ᠳᠤᠭᠤᠢᠯᠠᠩ ᠵᠣᠬᠢᠶᠠᠨ ᠪᠠᠢᠭᠤᠯᠵᠤ᠂ ᠵᠠᠯᠭᠠᠭ᠎ᠠ ᠪᠡᠷ  3 ᠬᠥᠮᠥᠨ ᠳᠡᠯᠪᠡᠴᠢᠭᠡᠳ ᠢᠯᠠᠭᠳᠠᠭᠰᠠᠨ᠎ᠤ ᠳᠠᠷᠠᠭ᠎ᠠ᠂ 4 ᠳ᠋ᠤᠭᠡᠷ ᠰᠤᠮᠤᠨ᠎ᠤ ᠪᠠᠢᠯᠳᠤᠭ᠍ᠴᠢ᠂ ᠡᠪ ᠬᠠᠮᠲᠤ ᠨᠠᠮ᠎ᠤᠨ ᠭᠡᠰᠢᠭᠦᠨ ᠸᠧᠢ ᠵᠠᠨ ᠰᠢᠶᠠᠩ ᠴᠡᠭᠡᠵᠢ ᠲᠦᠷᠢᠨ ᠤᠷᠤᠭᠰᠢᠯᠠᠵᠤ᠂ ᠳᠠᠷᠢ᠎ᠶᠢᠨ ᠪᠠᠭᠯᠠᠭ᠎ᠠ᠎ᠶᠢ ᠡᠭᠦᠷᠦᠨ ᠭᠤᠤ᠎ᠠᠴᠠ ᠦᠰᠦᠷᠦᠨ ᠭᠠᠷᠴᠤ᠂ ᠬᠤᠳᠠ᠎ᠶᠢᠨ ᠬᠡᠷᠡᠮ ᠳᠡᠭᠡᠷ᠎ᠡ ᠭᠠᠷᠪᠠ᠃ ᠬᠣᠲᠠ᠎ᠶᠢᠨ ᠬᠡᠷᠡᠮ᠎ᠲᠠᠢ ᠣᠢᠷᠠᠳᠬᠤ ᠦᠶᠡᠰ᠂ ᠲᠡᠷᠡ ᠭᠡᠨᠡᠳᠲᠡ ᠰᠢᠷᠬᠠᠲᠤᠵᠤ ᠤᠨᠠᠪᠠ᠃ ᠳᠡᠮᠡᠢ ᠤᠳᠠᠯ ᠦᠭᠡᠢ᠂ ᠲᠡᠷᠡ ᠡᠪᠡᠳᠬᠦ ᠵᠢ ᠲᠡᠰᠪᠦᠷᠢᠯᠡᠨ ᠪᠣᠰᠴᠤ᠂ ᠬᠣᠲᠠ᠎ᠶᠢᠨ ᠬᠡᠷᠡᠮ᠎ᠦᠨ ᠲᠤᠤᠷ᠎ᠠ ᠬᠦᠷᠴᠤ᠂ ᠪᠡᠶ᠎ᠡ᠎ᠪᠡᠨ ᠬᠣᠲᠠ᠎ᠶᠢᠨ ᠬᠡᠷᠡᠮ᠎ᠦᠨ ᠵᠠᠪᠰᠠᠷ᠎ᠲᠤ ᠨᠠᠭᠠᠯᠳᠤᠭᠤᠯᠵᠤ᠂ ᠪᠢᠯᠲᠠ᠎ᠪᠠᠨ ᠨᠣᠴᠣᠭᠠᠪᠠ᠃ ᠭᠱᠠᠨ ᠵᠠᠭᠤᠷ᠎ᠠ ᠲᠠᠷᠢ ᠵᠢᠨ ᠤᠳᠤᠭ᠎ᠠ ᠮᠠᠨᠠᠷᠠᠨ᠂ ᠨᠦᠰᠡᠷ ᠶᠡᠬᠡ ᠳᠠᠭᠤᠨ ᠭᠠᠷᠴᠤ᠂ ᠬᠣᠲᠠ᠎ᠶᠢᠨ ᠬᠡᠷᠡᠮ ᠳᠡᠭᠡᠷ᠎ᠡ ᠨᠢᠭᠡᠨ ᠶᠡᠬᠡ ᠰᠡᠳᠡᠷᠭᠡᠢ ᠭᠠᠷᠴᠠᠢ᠃ ᠬᠤᠳᠠ᠎ᠶᠢ ᠲᠠᠭᠠᠷᠢᠬᠤ ᠴᠡᠷᠢᠭ ᠠᠩᠭᠢ ᠵᠢᠨ ᠬᠢᠨ  ᠸᠧᠢ ᠵᠠᠨ ᠰᠢᠶᠠᠩ᠎ᠤᠨ ᠠᠮᠢ ᠨᠠᠰᠤ᠎ᠪᠠᠷ᠎ᠢᠶᠠᠨ ᠨᠡᠭᠡᠭᠡᠭᠰᠡᠨ ᠵᠠᠮ ᠵᠢᠡᠷ ᠤᠰᠤᠨ ᠳᠠᠪᠠᠯᠭᠠᠨ ᠮᠡᠲᠦ ᠨᠦᠷᠢᠨ ᠣᠷᠣᠵᠤ᠂ ᠭᠣᠮᠢᠨᠳᠠᠩ᠎ᠤᠨ ᠴᠡᠷᠢᠭ ᠯᠤᠭᠡ ᠬᠤᠷᠴᠨ ᠰᠢᠷᠦᠭᠦᠨ ᠭᠤᠳᠤᠮᠵᠢ᠎ᠶᠢᠨ ᠪᠠᠢᠯᠳᠤᠭᠠᠨ ᠬᠢᠵᠡᠢ᠃ 18 ᠎ᠤ᠋ ᠡᠳᠦᠷ᠎ᠤᠨ 8 ᠴᠠᠭ᠎ᠤᠨ ᠦᠶ᠎ᠡ ᠎ᠪᠡᠷ  ᠪᠠᠢᠯᠳᠤᠭᠠᠨ ᠦᠨᠳᠦᠰᠦᠨ᠎ᠳᠡᠭᠡᠨ ᠳᠠᠭᠤᠰᠴᠤ᠂ ᠬᠤᠲᠠ᠎ᠶᠢ ᠳᠠᠭᠠᠷᠢᠬᠰᠠᠨ ᠴᠡᠷᠢᠭ ᠠᠩᠭᠢ ᠵᠢᠨ ᠬᠢᠨ ᠵᠢᠨᠢᠩ ᠬᠤᠲᠠ᠎ᠶᠢ ᠡᠭᠡᠭᠦᠯᠦᠨ ᠠᠪᠴᠤ᠂ ᠭᠣᠮᠢᠨᠳᠠᠩ᠎ᠤᠨ 2000 ᠭᠠᠷᠤᠢ ᠴᠡᠷᠢᠭ᠂ 1700 ᠳᠠᠢᠨ᠎ᠦ ᠠᠭᠲᠠ᠎ᠶᠢ ᠣᠯᠵᠠᠯᠠᠪᠠ᠃

1 ᠰᠠᠷ᠎ᠠ᠎ᠶᠢᠨ 18 ᠎ᠤ᠋ ᠡᠳᠦᠷ᠎ᠤᠨ 14 ᠴᠠᠭ᠎ᠲᠤ 《ᠴᠡᠷᠢᠭ ᠎ᠦᠨ ᠶᠠᠪᠤᠳᠠᠯ᠎ᠤᠨ ᠡᠶᠡᠳᠡᠭᠦᠯᠭᠡ᠎ᠶᠢᠨ ᠬᠡᠯᠲᠡᠰ》 ᠤ᠋ᠨ  ᠪᠠᠢᠴᠠᠭᠠᠬᠤ ᠳᠤᠭᠤᠢᠯᠠᠩ ᠨᠢᠰᠬᠡᠯ᠎ᠢᠶᠡᠷ ᠵᠢᠨᠢᠩ᠎ᠳᠦ ᠬᠦᠷᠴᠦ᠂ ᠵᠢᠨᠢᠩ ᠬᠣᠲᠠ᠎ᠶᠢᠨ ᠭᠠᠳᠠᠨᠠᠬᠢ ᠨᠢᠰᠬᠡᠯ᠎ᠦᠨ ᠪᠠᠭᠤᠳᠠᠯ᠎ᠳᠤ ᠪᠠᠭᠤᠪᠠ᠃ ᠤᠭᠲᠤᠬᠤ᠎ᠪᠠᠷ ᠢᠷᠡᠭᠰᠡᠨ 3 ᠳ᠋ᠤᠭᠠᠷ ᠪᠠᠷᠢᠭᠠᠳᠠ᠎ᠶᠢᠨ ᠳᠠᠷᠤᠭ᠎ᠠ ᠮᠠ ᠯᠦᠩ᠄ 《ᠵᠢᠨᠢᠩ ᠬᠤᠲᠠ ᠮᠠᠨ᠎ᠤ ᠨᠠᠢ᠍ᠮᠠᠳᠤᠭᠠᠷ ᠵᠠᠮ᠎ᠤᠨ ᠴᠡᠷᠢᠭ᠎ᠦᠨ ᠭᠠᠷ᠎ᠲᠤ  ᠤᠷᠤᠭᠰᠠᠨ ᠪᠠᠢᠨ᠎ᠠ!》 ᠭᠡᠵᠦ ᠬᠡᠯᠡᠵᠠᠢ᠃

ᠡᠷᠡᠯᠬᠡᠭ ᠪᠠᠭᠠᠲᠤᠷᠯᠢᠭ᠋ ᠠᠷᠠᠳ᠎ᠤᠨ ᠴᠡᠷᠢᠭ ᠠᠩᠭᠢ ᠬᠠᠯᠠᠭᠤᠨ ᠠᠮᠢ ᠪᠦᠯᠢᠶᠠᠨ ᠴᠢᠰᠤ᠎ᠪᠠᠷ᠎ᠢᠶᠠᠨ ᠨᠢᠭᠡᠨ ᠤᠳᠠᠭᠠᠨ᠎ᠤ ᠴᠢᠬᠤᠯᠠ ᠶᠡᠬᠡ ᠠᠴᠢ ᠬᠣᠯᠪᠣᠭᠳᠠᠯ ᠪᠦᠬᠦᠢ ᠳᠠᠢᠯᠠᠯᠳᠤᠭᠠᠨ᠎ᠤ ᠢᠯᠠᠯᠲᠠ ᠵᠢ ᠣᠯᠵᠤ᠂ ᠤᠯᠤᠰ ᠲᠦᠷᠦ ᠪᠠ ᠴᠡᠷᠢᠭ᠎ᠦᠨ ᠶᠠᠪᠤᠳᠠᠯ᠎ᠤᠨ ᠲᠠᠯ᠎ᠠ᠎ᠪᠠᠷ ᠬᠢ ᠰᠠᠨᠠᠭᠠᠴᠢᠯᠠᠭᠠᠲᠤ ᠡᠷᠬᠡ᠎ᠶᠢ ᠣᠯᠪᠠ᠃  

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号