ᠴᠠᠬᠠᠷ ᠰᠦᠢᠶᠤᠸᠠᠨ᠎ᠤ ᠳᠠᠢᠯᠠᠯᠳᠤᠭᠠᠨ
2026-06-30 10:28:24
ᠵᠣᠬᠢᠶᠠᠭ᠍ᠴᠢ᠄
ᠰᠦᠩ ᠯᠢ ᡁᠢ
ᠣᠩᠱᠢᠭ᠍ᠰᠠᠨ ᠣᠳᠠᠭ᠎ᠠ᠄
★★★☆☆

1948 ᠣᠨ᠎ᠤ ᠨᠠᠮᠤᠷ᠂ ᠭᠣᠮᠢᠨᠳᠠᠩ᠎ᠤᠨ ᠴᠡᠷᠢᠭ᠎ᠲᠠᠢ ᠪᠠᠢᠯᠳᠤᠬᠤ ᠪᠣᠳᠣᠯᠭ᠎ᠠ᠎ᠶᠢᠨ ᠰᠢᠢᠳᠪᠦᠷᠢᠲᠦ ᠲᠠᠢᠯᠠᠯᠲᠣᠭᠠᠨ ᠬᠢᠬᠦ ᠨᠦᠬᠦᠴᠡᠯ ᠨᠢᠭᠡᠨᠲᠡ ᠪᠣᠯᠪᠠᠰᠤᠷᠠᠩᠭᠤᠢ ᠪᠣᠯᠤᠭᠰᠠᠨ ᠪᠠᠢᠳᠠᠯ᠎ᠢ ᠦᠨᠳᠦᠰᠦᠯᠡᠵᠦ᠂  ᠨᠠᠮ᠎ᠤᠨ ᠲᠥᠪ ᠬᠣᠷᠢᠶ᠎ᠠ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ ᠡᠩ ᠲᠡᠷᠢᠭᠦᠨ᠎ᠳᠦ ᠵᠡᠭᠦᠨ ᠬᠣᠢᠲᠤ ᠣᠷᠣᠨ᠎ᠳᠤ ᠯᠢᠶᠤᠤ ᠱᠧᠨ᠎ᠦ ᠳᠠᠢᠯᠠᠯᠳᠤᠭᠠᠨ ᠬᠢᠵᠦ᠂  ᠪᠣᠭᠣᠮᠲᠠ᠎ᠶᠢᠨ ᠭᠠᠳᠠᠨᠠᠬᠢ ᠭᠣᠮᠢᠨᠳᠠᠩ᠎ᠤᠨ ᠴᠡᠷᠢᠭ᠎ᠢ ᠤᠰᠠᠳᠬᠠᠬᠤ᠎ᠪᠠᠷ ᠲᠣᠭᠲᠠᠪᠠ᠃  ᠵᠡᠭᠦᠨ ᠬᠣᠢᠲᠤ᠎ᠶᠢᠨ ᠬᠡᠭᠡᠷᠡᠯᠡᠨ ᠪᠠᠢᠯᠳᠤᠬᠤ ᠠᠷᠮᠢ᠎ᠶᠢᠨ ᠭᠣᠣᠯ ᠬᠦᠴᠦᠨ᠎ᠤ ᠪᠸᠢ ᠨᠢᠩ ᠲᠡᠮᠦᠷ ᠵᠠᠮ᠎ᠤᠨ ᠱᠤᠭᠤᠮ ᠲᠠᠭᠠᠣ ᠪᠠᠢᠯᠳᠤᠬᠤ᠎ᠶᠢ ᠪᠠᠲᠤᠯᠠᠬᠤ᠎ᠶᠢᠨ ᠲᠥᠯᠥᠭᠡ᠂ ᠤᠮᠠᠷᠠᠲᠤ ᠣᠷᠣᠨ᠎ᠤ ᠬᠡᠭᠡᠷᠡᠯᠡᠨ ᠪᠠᠢᠯᠳᠤᠬᠤ ᠠᠷᠮᠢ ᠫᠢᠩ ᠰᠦᠢ ᠲᠡᠮᠦᠷ ᠵᠠᠮ ᠲᠠᠭᠠᠣ ᠴᠠᠬᠠᠷ ᠰᠦᠢᠶᠤᠸᠠᠨ᠎ᠤ ᠳᠠᠢᠯᠠᠯᠳᠤᠭᠠᠨ ᠦᠷᠨᠢᠬᠦᠯᠵᠦ᠂  ᠹᠦ ᠽᠦᠸᠧ ᠢ᠎ᠶᠢᠨ ᠴᠡᠷᠢᠭ᠎ᠤᠨ ᠭᠣᠣᠯ ᠬᠦᠴᠦᠨ᠎ᠤ ᠡᠷᠬᠢᠵᠦ ᠲᠠᠭᠠᠷᠢᠬᠤ ᠵᠢ ᠬᠤᠷᠢᠬᠯᠠᠨ ᠳᠠᠳᠠᠵᠦ᠂ ᠤᠮᠠᠷᠠᠲᠤ ᠣᠷᠣᠨ᠎ᠤ ᠭᠣᠮᠢᠨᠳᠠᠩ᠎ᠤᠨ ᠴᠡᠷᠢᠭ᠎ᠢ ᠵᠡᠭᠦᠨ ᠬᠣᠢᠲᠤ ᠣᠷᠣᠨ᠎ᠢ ᠲᠤᠰᠠᠯᠠᠬᠤ ᠴᠢᠳᠠᠯ ᠦᠭᠡᠢ ᠪᠤᠯᠭᠠᠬᠤ᠎ᠪᠠᠷ ᠲᠣᠭᠲᠠᠪᠠ ᠃

8 ᠰᠠᠷ᠎ᠠ᠎ᠶᠢᠨ 3 ᠤ᠋ ᠦᠳᠡ᠎ᠶᠢᠨ ᠬᠣᠢᠨ᠎ᠠ᠂ ᠮᠠᠤ ᠽᠧ ᠳ᠋ᠦᠩ᠂  ᠯᠢᠦ ᠱᠤᠤ ᠴᠢ᠂  ᠵᠧᠦ ᠧᠨ ᠯᠠᠢ᠂  ᠵᠦ᠍ ᠳᠧ᠂  ᠷᠧᠨ ᠪᠢ ᠱᠢ ᠨᠠᠷ ᠰᠢ ᠪᠠᠢ ᠫᠦᠸᠸ ᠳ᠋ᠦ ᠨᠢᠶᠸ ᠷᠦᠩ ᠵᠧᠨ ᠪᠣᠯᠣᠨ ᠶᠠᠩ ᠴᠧᠩ ᠦ᠋᠎ᠳᠦ ᠪᠠᠢᠯᠳᠤᠬᠤ ᠡᠭᠦᠷᠭᠡ ᠲᠣᠬᠢᠷᠠᠭᠣᠯᠵᠦ᠂ ᠤᠮᠠᠷᠠᠲᠤ ᠣᠷᠣᠨ᠎ᠤ ᠴᠡᠷᠢᠭ᠎ᠦᠨ ᠲᠣᠭᠣᠷᠢᠭ᠋᠎ᠤᠨ ᠪᠠᠢᠭᠤᠯᠤᠮᠵᠢ᠎ᠶᠢ ᠲᠣᠬᠢᠷᠠᠭᠤᠯᠬᠤ᠂  ᠶᠠᠩ ᠴᠧᠩ ᠦ᠋᠎ᠶᠢᠨ ᠪᠢᠩᠲ᠋ᠤᠸᠠᠨ ᠪᠠᠷᠠᠭᠤᠨᠰᠢ ᠰᠦᠢᠶᠤᠸᠠᠨ ᠵᠦᠭ ᠲᠦᠷᠢᠵᠦ᠂  ᠵᠡᠭᠦᠨ ᠬᠣᠢᠲᠤ᠎ᠶᠢᠨ ᠪᠠᠢᠯᠳᠤᠬᠤ ᠪᠣᠳᠣᠯᠭ᠎ᠠ᠎ᠶᠢᠨ ᠰᠢᠢᠳᠪᠦᠷᠢᠲᠦ ᠪᠠᠢᠯᠳᠤᠭᠠᠨ᠎ᠳᠤ ᠬᠠᠮᠵᠢᠯᠴᠠᠬᠤ ᠵᠡᠷᠭᠡ ᠪᠣᠳᠠᠲᠠᠢ ᠠᠰᠠᠭᠤᠳᠠᠯ᠎ᠤᠨ ᠲᠤᠬᠠᠢ ᠪᠠᠢᠷᠢᠯᠠᠭᠤᠯᠤᠯᠲᠠ ᠬᠢᠪᠡ᠃ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠠᠴᠠ ᠤᠮᠠᠷᠠᠲᠤ ᠣᠷᠣᠨ᠎ᠤ ᠴᠡᠷᠢᠭ᠎ᠦᠨ ᠲᠣᠭᠣᠷᠢᠭ᠋᠎ᠤᠨ 2 ᠳ᠋ᠣᠭᠠᠷ᠂ 3 ᠳ᠋ᠤᠭᠠᠷ ᠪᠢᠩᠲ᠋ᠤᠸᠠᠨ ᠴᠠᠬᠠᠷ ᠰᠦᠢᠶᠤᠸᠠᠨ᠎ᠤ ᠳᠠᠢᠯᠠᠯᠳᠤᠭᠠᠨ᠎ᠢ ᠵᠣᠬᠢᠶᠠᠨ ᠪᠠᠢᠭᠤᠯᠵᠤ ᠳᠠᠢᠴᠢᠯᠠᠬᠤ᠎ᠪᠠᠷ ᠲᠣᠭᠲᠠᠪᠠ᠃ 3 ᠳ᠋ᠤᠭᠠᠷ ᠪᠢᠩᠲ᠋ᠤᠸᠠᠨ ᠪᠣᠯᠣᠨ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠋᠎ᠤᠨ 8 ᠳ᠋ᠤᠭᠠᠷ ᠴᠤᠪᠤᠭ᠎ᠠ ᠠᠩᠭᠢ ᠵᠢᠴᠢ ᠱᠠᠨ ᠰᠢ᠎ᠶᠢᠨ ᠪᠠᠷᠠᠭᠤᠨ ᠬᠡᠰᠡᠭ᠎ᠦᠨ ᠣᠷᠣᠨ ᠨᠤᠲᠤᠭ᠎ᠤᠨ ᠴᠡᠷᠢᠭ ᠠᠩᠭᠢ ᠰᠦᠢᠶᠤᠸᠠᠨ ᠲᠡᠢᠰᠢ ᠴᠡᠷᠢᠭᠯᠡᠵᠦ᠂ ᠶᠠᠩ ᠴᠧᠩ ᠦ᠋ ᠵᠢᠯᠣᠭᠣᠲᠣᠨ᠂ 20 ᠡᠳᠦᠷ᠎ᠦᠨ ᠳᠣᠲᠣᠷ᠎ᠠ ᠠᠯᠢᠪᠠ ᠪᠡᠯᠡᠳᠬᠡᠯ ᠠᠵᠢᠯ᠎ᠢ ᠳᠠᠭᠤᠰᠬᠠᠬᠤ ᠬᠡᠷᠡᠭᠲᠡᠢ ᠭᠡᠪᠡ᠃ 2 ᠳ᠋ᠣᠭᠠᠷ ᠪᠢᠩᠲ᠋ᠤᠸᠠᠨ ᠫᠢᠩ ᠰᠦᠢ ᠲᠡᠮᠦᠷ ᠵᠠᠮ᠎ᠤᠨ ᠵᠡᠭᠦᠨ ᠬᠡᠰᠡᠭ᠎ᠲᠦ ᠹᠦ ᠽᠦᠸᠧ ᠢ᠎ᠶᠢᠨ ᠴᠡᠷᠢᠭ᠎ᠤᠨ ᠭᠣᠣᠯ ᠬᠦᠴᠦᠨ᠎ᠢ ᠬᠠᠰᠢᠵᠦ ᠬᠣᠷᠢᠬᠯᠠᠬᠣ ᠡᠭᠦᠷᠭᠡ ᠬᠦᠯᠢᠶᠡᠵᠦ᠂ ᠵᠡᠭᠦᠨᠰᠢ ᠱᠠᠨᠠᠭ᠎ᠠ ᠪᠣᠭᠣᠮᠲᠠ᠎ᠠᠴᠠ ᠭᠠᠷᠴᠣ ᠪᠧᠢ ᠨᠢᠩ ᠱᠤᠭᠤᠮ᠎ᠢ ᠲᠤᠰᠠᠯᠠᠭᠤᠯᠬᠤ ᠦᠭᠡᠢ᠂  ᠪᠠᠷᠠᠭᠤᠨᠰᠢ 3 ᠳ᠋ᠣᠭᠠᠷ ᠪᠢᠩᠲ᠋ᠤᠸᠠᠨ᠎ᠤ ᠴᠡᠷᠢᠭᠯᠡᠬᠦ᠎ᠶᠢ ᠦᠯᠦ ᠬᠠᠷᠰᠢᠯᠠᠬᠣ ᠪᠡᠷ ᠲᠣᠬᠲᠠᠪᠠ᠃

8 ᠰᠠᠷ᠎ᠠ᠎ᠶᠢᠨ 9᠎ᠤ᠋ ᠡᠳᠦᠷ᠂ 3 ᠳ᠋ᠤᠭᠠᠷ ᠪᠢᠩᠲ᠋ᠤᠸᠠᠨ᠎ᠤ ᠰᠦᠢᠶᠤᠸᠠᠨ ᠵᠦᠭ ᠴᠡᠷᠢᠭᠯᠡᠬᠦ ᠳᠠᠢᠴᠢᠯᠠᠯᠲᠠ᠎ᠶᠢᠨ ᠬᠤᠷᠠᠯ ᠾᠧᠪᠧᠢ ᠮᠣᠵᠢ᠎ᠶᠢᠨ ᠢ ᠰᠢᠶᠠᠨ᠎ᠤ ᠶᠤᠸᠠᠨ᠎ᠲᠠᠢ ᠼᠦᠨ ᠲᠣᠰᠬᠤᠨ᠎ᠳᠤ ᠶᠠᠪᠣᠬᠲᠠᠪᠠ ᠃  ᠬᠤᠷᠠᠯ ᠳᠡᠭᠡᠷ᠎ᠡ ᠨᠢᠶᠸ ᠷᠦᠩ ᠵᠸᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠪᠣᠯᠣᠨ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠰᠦᠢᠶᠤᠸᠠᠨ ᠲᠡᠢᠰᠢ ᠴᠡᠷᠢᠭᠯᠡᠬᠦ ᠲᠣᠬᠠᠢ ᠵᠢᠭᠠᠪᠤᠷᠢ᠎ᠶᠢ ᠤᠯᠠᠮᠵᠢᠯᠠᠵᠤ᠂ ᠤᠮᠠᠷᠠᠲᠤ ᠣᠷᠣᠨ᠎ᠤ ᠲᠠᠢᠨ᠎ᠤ ᠪᠠᠢᠳᠠᠯ᠎ᠳᠤ ᠵᠠᠳᠠᠯᠤᠯᠲᠠ ᠬᠢᠵᠦ᠂ ᠰᠦᠢᠶᠤᠸᠠᠨ᠎ᠢ ᠴᠢᠯᠦᠭᠡᠯᠡᠬᠦ ᠨᠢ ᠤᠮᠠᠷᠠᠲᠤ ᠣᠷᠣᠨ ᠪᠣᠯᠣᠨ ᠵᠡᠭᠦᠨ ᠬᠣᠢᠲᠤ ᠣᠷᠣᠨ᠎ᠢ ᠬᠣᠯᠪᠣᠵᠦ᠂ ᠪᠦᠭᠦ ᠤᠯᠤᠰ᠎ᠢ ᠴᠢᠯᠦᠭᠡᠯᠡᠬᠦ ᠳ᠋ᠦ ᠪᠠᠢᠯᠳᠤᠬᠤ ᠪᠣᠳᠣᠯᠭ᠎ᠠ᠎ᠶᠢᠨ ᠠᠴᠢ ᠬᠣᠯᠪᠣᠭᠳᠠᠯ ᠲᠠᠢ ᠭᠡᠵᠦ ᠴᠢᠬᠤᠯᠠᠴᠢᠯᠠᠪᠠ᠃ ᠶᠠᠩ ᠴᠧᠩ ᠦ᠋ ᠲᠤᠰ ᠤᠳᠠᠭᠠᠨ᠎ᠤ ᠳᠠᠢᠯᠠᠯᠳᠤᠭᠠᠨ᠎ᠤ ᠠᠰᠢᠭ᠍ᠲᠠᠢ ᠨᠥᠬᠥᠴᠡᠯ ᠪᠣᠯᠣᠨ ᠲᠤᠯᠭᠠᠷᠠᠵᠤ ᠮᠡᠳᠡᠬᠦ ᠬᠦᠴᠢᠷᠳᠡᠯ᠎ᠢ ᠵᠠᠳᠠᠯᠵᠤ᠂ ᠪᠠᠢᠯᠳᠤᠭᠠᠨ᠎ᠤ ᠡᠭᠦᠷᠭᠡ᠎ᠶᠢ ᠪᠠᠢᠷᠢᠯᠠᠭᠤᠯᠵᠠᠢ᠃

9 ᠰᠠᠷ᠎ᠠ᠎ᠶᠢᠨ 21 ᠤ᠋ ᠡᠳᠦᠷ᠂ 3 ᠳ᠋ᠤᠭᠠᠷ ᠪᠢᠩᠲ᠋ᠤᠸᠠᠨ᠎ᠤ ᠬᠠᠷᠢᠶ᠎ᠠ ᠡᠯ᠎ᠡ ᠴᠡᠷᠢᠭ ᠠᠩᠭᠢ ᠵᠡᠭᠦᠨ ᠪᠠᠷᠠᠭᠤᠨ ᠬᠣᠶᠠᠷ ᠵᠠᠮ ᠬᠣᠪᠢᠶᠠᠨ ᠰᠦᠢᠶᠤᠸᠠᠨ ᠵᠦᠭ ᠴᠡᠷᠢᠭᠯᠡᠪᠡ ; 8 ᠳ᠋ᠤᠭᠠᠷ ᠴᠤᠪᠤᠭ᠎ᠠ ᠠᠩᠭᠢ ᠪᠣᠯᠣᠨ ᠨᠢᠭᠡᠳᠦᠭᠡᠷ ᠴᠤᠪᠤᠭ᠎ᠠ ᠠᠩᠭᠢ᠎ᠶᠢᠨ 2 ᠳ᠋ᠤᠭᠠᠷ ᠪᠠᠷᠢᠭᠠᠳᠠ ᠵᠢᠨᠢᠩ ᠵᠦᠭ ᠴᠡᠷᠢᠭᠯᠡᠵᠦ᠂  9 ᠰᠠᠷ᠎ᠠ᠎ᠶᠢᠨ 24 ᠤ᠋ ᠡᠳᠦᠷ᠂ ᠰᠦᠢᠶᠤᠸᠠᠨ᠎ᠤ ᠵᠡᠭᠦᠨ ᠬᠡᠰᠡᠭ᠎ᠦᠨ ᠴᠢᠬᠤᠯᠠ ᠪᠠᠯᠭᠠᠰᠤ ᠪᠣᠯᠬᠣ ᠹᠧᠩᠵᠧᠡ ᠪᠣᠯᠣᠨ ᠯᠦᠩ ᠱᠧᠩ ᠵᠤᠸᠠᠩ᠎ᠢ ᠴᠢᠯᠦᠭᠡᠯᠡᠪᠡ᠃ 9 ᠰᠠᠷ᠎ᠠ᠎ᠶᠢᠨ 25᠎ᠤ᠋ ᠡᠳᠦᠷ᠂  1 ᠳ᠋ᠣᠭᠡᠷ ᠴᠤᠪᠤᠭ᠎ᠠ ᠠᠩᠭᠢ᠎ᠶᠢᠨ 2 ᠳ᠋ᠤᠭᠠᠷ ᠪᠠᠷᠢᠭᠠᠳᠠ ᠪᠣᠯᠣᠨ 8 ᠳ᠋ᠤᠭᠠᠷ ᠴᠤᠪᠤᠭ᠎ᠠ ᠠᠩᠭᠢ᠎ᠶᠢᠨ ᠲᠤᠰᠠᠭᠠᠷ 11 ᠳ᠋ᠦ᠍ᠭᠡᠷ ᠪᠠᠷᠢᠭᠠᠳᠠ᠂  14 ᠳ᠋ᠦ᠍ᠭᠡᠷ ᠪᠠᠷᠢᠭᠠᠳᠠ ᠵᠢᠨᠢᠩ ᠬᠣᠲᠠ᠎ᠶᠢ ᠪᠦᠰᠡᠯᠡᠪᠡ᠃  ᠬᠤᠷᠴᠠ ᠰᠢᠷᠦᠭᠦᠨ ᠪᠠᠢᠯᠳᠤᠭᠠᠨ᠎ᠢᠶᠠᠷ ᠳᠠᠮᠵᠢᠨ 9 ᠰᠠᠷ᠎ᠠ᠎ᠶᠢᠨ 27 ᠤ᠋ ᠡᠳᠦᠷ ᠵᠢᠨᠢᠩ᠎ᠢ ᠴᠢᠯᠦᠭᠡᠯᠡᠵᠦ᠂ 2000 ᠭᠠᠷᠤᠢ ᠳᠠᠢᠰᠤᠨ᠎ᠢ ᠤᠰᠠᠳᠬᠠᠵᠤ᠂  ᠭᠣᠮᠢᠨᠳᠠᠩ᠎ᠤᠨ ᠶᠡᠬᠡ ᠵᠣᠤ ᠠᠢᠮᠠᠭ᠎ᠤᠨ ᠴᠠᠭᠳᠠᠭᠠᠨ᠎ᠤ ᠰᠧᠯᠢᠩ ᠴᠢ ᠢᠦᠢ ᠱᠠᠨ᠎ᠢ ᠣᠯᠵᠠᠯᠠᠪᠠ᠃ ᠵᠢᠨᠢᠩ᠎ᠦᠨ ᠰᠢᠷᠦᠭᠦᠨ ᠪᠠᠢᠯᠳᠤᠭᠠᠨ ᠲᠠᠢ ᠰᠠᠴᠠᠭᠣ ᠪᠡᠷ᠂ 3 ᠳ᠋ᠤᠭᠠᠷ ᠪᠢᠩᠲ᠋ᠤᠸᠠᠨ᠎ᠤ ᠭᠣᠣᠯ ᠬᠦᠴᠦᠨ ᠪᠣᠯᠬᠣ 2 ᠳ᠋ᠣᠭᠠᠷ ᠴᠣᠪᠣᠭ᠎ᠠ ᠠᠩᠬᠢ᠂ 6 ᠳ᠋ᠤᠭᠠᠷ ᠴᠤᠪᠤᠭ᠎ᠠ ᠠᠩᠭᠢ ᠪᠠ 1 ᠳ᠋ᠣᠭᠡᠷ ᠴᠤᠪᠤᠭ᠎ᠠ ᠠᠩᠭᠢ᠎ᠶᠢᠨ ᠬᠡᠰᠡᠭ ᠴᠡᠷᠢᠭ ᠭᠦᠢᠰᠦ᠋ᠢ ᠵᠦᠭ ᠣᠷᠣᠬᠰᠢᠯᠠᠪᠠ᠃  9 ᠰᠠᠷ᠎ᠠ᠎ᠶᠢᠨ 25᠎ᠤ᠋ ᠡᠳᠦᠷ᠂ 26᠎ᠤ᠋ ᠡᠳᠦᠷ ᠵᠠᠯᠭᠠᠭ᠎ᠠ᠎ᠪᠠᠷ ᠯᠢᠶᠡᠩᠴᠧᠩ᠂ ᠴᠢᠩ ᠱᠦᠢ ᠾᠧ᠂ ᠬᠣᠷᠢᠨᠭᠡᠷ ᠵᠡᠷᠭᠡ᠎ᠶᠢ ᠴᠢᠯᠦᠭᠡᠯᠡᠵᠦ᠂ ᠳᠧ ᠱᠧᠩ ᠪᠦᠦ᠎ᠡᠴᠡ ᠴᠠᠭᠠᠨ ᠰᠤᠪᠤᠷᠭ᠎ᠠ ᠬᠦᠷᠬᠦ ᠫᠢᠩ ᠰᠦᠢ ᠲᠡᠮᠦᠷ ᠵᠠᠮ᠎ᠤᠨ 240 ᠺᠢᠯᠦᠮᠸᠲ᠋ᠷ ᠬᠡᠰᠡᠭ᠎ᠢ ᠪᠦᠷᠢᠮᠦᠰᠦᠨ ᠡᠵᠡᠮᠳᠡᠵᠦ᠂ ᠭᠦᠢᠰᠦ᠋ᠢ᠎ᠶᠢ ᠪᠦᠰᠡᠯᠡᠨ ᠹᠦ ᠽᠦᠸᠧ ᠢ᠎ᠶᠢᠨ ᠪᠠᠢᠯᠳᠤᠭᠠᠨ᠎ᠤ ᠪᠠᠢᠷᠢᠯᠠᠭᠤᠯᠤᠯᠲᠠ᠎ᠶᠢ ᠰᠠᠮᠠᠭᠤᠷᠠᠭᠤᠯᠪᠠ᠃

ᠴᠢᠯᠦᠭᠡᠯᠡᠬᠦ ᠴᠡᠷᠢᠭ ᠭᠦᠢᠰᠦ᠋ᠢ ᠬᠤᠳᠠ᠎ᠶᠢᠨ ᠳᠣᠣᠷ᠎ᠠ ᠬᠦᠷᠴᠦ ᠢᠷᠡᠭᠰᠡᠨ᠎ᠳᠦ᠂ ᠹᠦ ᠽᠦᠸᠧ ᠢ᠎ᠶᠢᠨ ᠡᠵᠡᠮᠰᠢᠯ ᠭᠠᠵᠠᠷ ᠬᠦᠨᠳᠦ ᠨᠣᠴᠢᠲᠠᠢ ᠰᠦᠷᠳᠡᠭᠦᠯᠦᠯ᠎ᠳᠦ ᠤᠴᠠᠷᠠᠪᠠ᠃  ᠡᠨᠡ ᠦᠶ᠎ᠡ᠎ᠳᠦ᠂ ᠯᠢᠶᠣᠣ ᠱᠸᠨ᠎ᠤ ᠳᠠᠢᠯᠠᠯᠳᠤᠭᠠᠨ ᠨᠢᠭᠡᠨᠲᠡ ᠡᠬᠢᠯᠡᠵᠦ᠂  ᠵᠢᠨᠵᠧᠦ ᠬᠣᠲᠠᠨ ᠳ᠋ᠡᠬᠢ ᠭᠣᠮᠢᠨᠳᠠᠩ᠎ᠤᠨ ᠴᠡᠷᠢᠭ ᠵᠡᠭᠦᠨ ᠬᠣᠢᠲᠤ᠎ᠶᠢᠨ ᠬᠡᠭᠡᠷᠡᠯᠡᠨ ᠪᠠᠢᠯᠳᠤᠬᠤ ᠴᠡᠷᠢᠭ᠎ᠲᠦ ᠪᠦᠰᠡᠯᠡᠭᠲᠡᠪᠡ᠃  ᠵᠢᠶᠠᠩ ᠵᠢᠶᠧ ᠱᠢ ᠹᠦ ᠽᠦᠸᠧ ᠢ᠎ᠶᠢ ᠵᠠᠷᠯᠢᠬᠲᠠᠨ᠂ ᠤᠮᠠᠷᠠᠲᠤ ᠣᠷᠣᠨ᠎ᠤ ᠴᠢᠯᠦᠭᠡᠯᠡᠬᠦ ᠴᠡᠷᠢᠭ᠎ᠦᠨ ᠳᠠᠭᠠᠷᠢᠯᠲᠠ᠎ᠶᠢ ᠦᠯᠦ ᠬᠠᠢᠬᠣᠷᠣᠨ᠂  ᠴᠡᠷᠢᠭ᠎ᠦᠨ ᠬᠦᠴᠦᠨ᠎ᠢᠶᠡᠨ ᠲᠥᠪᠯᠡᠷᠡᠭᠦᠯᠦᠨ ᠪᠸᠢ ᠨᠢᠩ ᠱᠤᠭᠤᠮ ᠡᠴᠡ ᠵᠡᠭᠦᠨᠰᠢ ᠳᠠᠭᠠᠷᠢᠬᠲᠣᠨ ᠭᠡᠪᠡ᠃  ᠹᠦ ᠽᠦᠸᠧ ᠢ ᠠᠷᠣ ᠲᠠᠯ᠎ᠠ᠎ᠶᠢᠨ ᠠᠶᠣᠯ ᠲᠦᠭᠰᠢᠬᠦᠷᠢ᠎ᠶᠢ ᠠᠷᠢᠯᠭᠠᠭᠠᠲᠣᠢ ᠪᠠᠢᠲᠠᠯ ᠲᠣᠣᠷ᠎ᠠ ᠵᠠᠷᠯᠢᠬ᠎ᠢ ᠵᠢᠷᠣᠮᠯᠠᠬᠣ ᠳ᠋ᠦ ᠪᠡᠷᠬᠡ ᠭᠡᠮᠡᠨ ᠦᠵᠡᠭᠡᠳ᠂ ᠪᠧᠢᠫᠢᠩ᠂  ᠴᠢᠭᠤᠯᠤᠯᠲᠤ ᠬᠠᠭᠠᠯᠭ᠎ᠠ ᠵᠡᠷᠭᠡ ᠭᠠᠵᠠᠷ᠎ᠠᠴᠠ 35 ᠳ᠋ᠤᠭᠠᠷ ᠠᠷᠮᠢ᠂ ᠲᠦᠷ ᠴᠡᠭᠴᠡᠯᠡᠨ ᠪᠠᠢᠭᠣᠯᠣᠬᠰᠠᠨ 4 ᠳ᠋ᠣᠭᠡᠷ ᠠᠷᠮᠢ  ᠪᠣᠯᠣᠨ ᠰᠢᠨ᠎ᠡ᠎ᠪᠡᠷ ᠴᠡᠭᠴᠡᠯᠡᠨ ᠪᠠᠢᠭᠣᠯᠣᠬᠰᠠᠨ ᠮᠣᠷᠢᠲᠤ ᠴᠡᠷᠢᠭ᠎ᠦᠨ 4 ᠳ᠋ᠣᠭᠡᠷ ᠳ᠋ᠢᠸᠢᠽᠢ ᠵᠡᠷᠭᠡ 10  ᠳ᠋ᠢᠸᠢᠽᠢ(ᠪᠠᠷᠢᠭᠠᠲᠠ) ᠶ᠋ᠢᠨ 6 ᠲᠦᠮᠡᠨ ᠴᠡᠷᠢᠭ᠎ᠢ ᠲᠠᠲᠠᠵᠤ᠂  ᠫᠢᠩ ᠰᠦᠢ ᠲᠡᠮᠦᠷ ᠵᠠᠮ ᠲᠠᠭᠠᠣ ᠪᠠᠷᠠᠭᠤᠨᠰᠢ ᠰᠦᠢᠶᠤᠸᠠᠨ᠎ᠢ ᠲᠤᠰᠠᠯᠠᠬᠣ ᠪᠡᠷ ᠮᠣᠷᠲᠠᠪᠠ᠃ ᠡᠨᠡ ᠪᠠᠢᠲᠠᠯ᠎ᠢ ᠦᠨᠳᠦᠰᠦᠯᠡᠨ᠂  ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ 3 ᠳ᠋ᠤᠭᠠᠷ ᠪᠢᠩᠲ᠋ᠤᠸᠠᠨ ᠳ᠋ᠦ ᠴᠠᠬᠢᠯᠭᠠᠨ ᠮᠡᠳᠡᠭᠡ ᠶᠠᠪᠣᠭᠣᠯᠵᠦ᠂ ᠭᠦᠢᠰᠦ᠋ᠢ᠎ᠶᠢ ᠲᠠᠭᠠᠷᠢᠬᠣ᠎ᠪᠠᠨ ᠪᠣᠯᠢᠵᠦ᠂ ᠰᠦᠢᠶᠤᠸᠠᠨ᠎ᠢ ᠲᠤᠰᠠᠯᠠᠷ᠎ᠠ ᠢᠷᠡᠬᠦ ᠳᠠᠢᠰᠤᠨ᠎ᠢ ᠲᠣᠰᠤᠨ ᠴᠣᠬᠢᠭᠲᠣᠨ ᠭᠡᠵᠦ ᠵᠠᠷᠯᠢᠬᠲᠠᠪᠠ᠃  30᠎ᠤ᠋ ᠡᠳᠦᠷ᠂  8 ᠳ᠋ᠤᠭᠠᠷ ᠴᠤᠪᠤᠭ᠎ᠠ ᠠᠩᠭᠢ ᠵᠢᠨᠢᠩ᠎ᠡᠴᠡ ᠤᠬᠤᠷᠢᠨ ᠭᠠᠷᠴᠤ᠂ ᠭᠣᠣᠯ ᠬᠦᠴᠦᠨ᠎ᠤ ᠴᠡᠷᠢᠭ ᠠᠩᠬᠢ᠎ᠶᠢᠨ ᠴᠤᠭᠯᠠᠷᠠᠬᠣ᠎ᠶᠢ ᠬᠠᠮᠠᠭᠠᠯᠠᠪᠠ᠃ 3 ᠳ᠋ᠤᠭᠠᠷ ᠪᠢᠩᠲ᠋ᠤᠸᠠᠨ ᠵᠢᠨᠢᠩ᠂ ᠲᠢᠶᠠᠨ ᠴᠧᠩ ᠲᠣᠰᠬᠤᠨ᠎ᠤ ᠡᠮᠦᠨ᠎ᠡ ᠹᠷᠤᠨᠲ᠎ᠲᠤ ᠲᠣᠰᠠᠯᠠᠷ᠎ᠠ ᠢᠷᠡᠭᠰᠡᠨ ᠳᠠᠢᠰᠤᠨ᠎ᠤ ᠴᠡᠷᠢᠭ ᠲᠠᠢ ᠡᠰᠡᠷᠬᠦᠴᠡᠯᠲᠦᠪᠡ᠃

9 ᠰᠠᠷ᠎ᠠ᠎ᠶᠢᠨ ᠡᠬᠢ᠎ᠪᠡᠷ᠂ ᠤᠮᠠᠷᠠᠲᠣ ᠣᠷᠣᠨ ᠳ᠋ᠡᠬᠢ ᠭᠣᠮᠢᠨᠳᠠᠩ᠎ᠤᠨ ᠴᠡᠷᠢᠭ᠎ᠦᠨ ᠠᠩᠬᠠᠷᠤᠯ᠎ᠢ ᠲᠠᠲᠠᠵᠦ᠂ 3 ᠳ᠋ᠣᠭᠠᠷ ᠪᠢᠩᠲ᠋ᠣᠸᠠᠨ ᠳ᠋ᠦ ᠬᠠᠮᠵᠢᠬᠣ᠎ᠶᠢᠨ ᠲᠦᠯᠦᠭᠡ᠂  2 ᠳ᠋ᠤᠭᠠᠷ ᠪᠢᠩᠲ᠋ᠤᠸᠠᠨ᠂  ᠾᠧᠪᠧᠢ ᠿᠧᠾᠸ ᠴᠠᠬᠠᠷ᠎ᠤᠨ ᠴᠡᠷᠢᠭ᠎ᠦᠨ ᠲᠣᠭᠣᠷᠢᠭ᠋᠎ᠤᠨ ᠴᠡᠷᠢᠭ ᠠᠩᠭᠢ ᠪᠣᠯᠣᠨ ᠥᠪᠥᠷ ᠮᠣᠩᠭᠣᠯ᠎ᠤᠨ ᠠᠷᠠᠳ᠎ᠤᠨ ᠴᠢᠯᠦᠭᠡᠯᠡᠬᠦ ᠴᠡᠷᠢᠭ᠎ᠦᠨ ᠮᠣᠷᠢᠲᠤ ᠴᠡᠷᠢᠭ᠎ᠦᠨ 11 ᠳ᠋ᠣᠭᠡᠷ ᠳ᠋ᠢᠸᠢᠽᠢ ᠪᠣᠯᠣᠨ 16 ᠳ᠋ᠤᠭᠠᠷ ᠳ᠋ᠢᠸᠢᠽᠢ ᠫᠢᠩ ᠴᠧᠩ ᠲᠡᠮᠦᠷ ᠵᠠᠮ ᠪᠣᠯᠣᠨ ᠫᠢᠩ ᠰᠦᠢ ᠲᠡᠮᠦᠷ ᠵᠠᠮ᠎ᠤᠨ ᠵᠡᠭᠦᠨ ᠬᠡᠰᠡᠭ᠎ᠲᠦ ᠰᠢᠷᠦᠭᠦᠨ ᠳᠠᠭᠠᠷᠢᠯᠲᠠ ᠬᠢᠵᠦ᠂  ᠴᠠᠬᠠᠷ᠎ᠤᠨ ᠬᠣᠢᠲᠤ ᠬᠡᠰᠡᠭ᠎ᠦᠨ ᠴᠥᠩ ᠯᠢ᠂  ᠱᠠᠩ ᠢ᠂  ᠭᠦᠶᠤᠸᠠᠨ᠂  ᠱᠠᠩᠳᠤ ᠪᠣᠯᠣᠨ ᠰᠢᠤᠸᠠᠨ ᠬᠤᠸᠠ᠎ᠠᠴᠠ ᠵᠡᠭᠦᠨᠰᠢᠬᠢ ᠵᠤᠤ ᠴᠤᠸᠠᠨ ᠪᠦᠦ ᠵᠡᠷᠭᠡ ᠭᠠᠵᠠᠷ᠎ᠢ ᠣᠷᠢᠳ ᠬᠣᠵᠢᠳ ᠳᠠᠭᠠᠷᠢᠨ ᠡᠵᠡᠯᠡᠵᠦ᠂  ᠫᠢᠩ ᠰᠦᠢ ᠲᠡᠮᠦᠷ ᠵᠠᠮ᠎ᠢ ᠲᠠᠰᠤᠯᠵᠤ᠂  ᠴᠢᠭᠤᠯᠤᠯᠲᠤ ᠬᠠᠭᠠᠯᠭ᠎ᠠ᠎ᠶᠢ ᠰᠢᠭᠣᠳ ᠰᠢᠬᠠᠮᠳᠠᠭᠤᠯᠪᠠ ᠃  ᠹᠦ ᠽᠦᠸᠸ ᠢ ᠠᠷᠭ᠎ᠠ ᠪᠣᠰᠣ ᠰᠦᠢᠶᠤᠸᠠᠨ᠎ᠢ ᠲᠤᠰᠠᠯᠠᠬᠤ ᠬᠡᠰᠡᠨ ᠲᠥᠯᠥᠪᠯᠡᠭᠡ᠎ᠪᠡᠨ ᠲᠠᠶᠠᠭᠳᠠᠵᠤ᠂ ᠴᠡᠷᠢᠭ ᠠᠩᠭᠢ ᠪᠠᠨ ᠪᠣᠰᠢᠭᠣᠬᠠᠨ ᠴᠢᠭᠤᠯᠤᠯᠲᠤ ᠬᠠᠭᠠᠯᠭ᠎ᠠ᠎ᠳᠤ ᠲᠤᠰᠠᠯᠠᠮᠵᠢ ᠦᠵᠡᠭᠦᠯᠭᠦ᠎ᠪᠡᠷ ᠵᠠᠷᠯᠢᠬᠲᠠᠪᠠ ᠃  10 ᠰᠠᠷ᠎ᠠ᠎ᠶᠢᠨ 5 ᠤ᠋ ᠡᠳᠦᠷ᠂  ᠭᠣᠮᠢᠨᠳᠠᠩ᠎ᠤᠨ ᠴᠡᠷᠢᠭ᠎ᠦᠨ 35 ᠳ᠋ᠤᠭᠠᠷ ᠠᠷᠮᠢ ᠵᠡᠷᠭᠡ ᠴᠡᠷᠢᠭ ᠠᠩᠭᠢ ᠠᠷᠭ᠎ᠠ ᠪᠤᠰᠤ ᠵᠢᠨᠢᠩ᠎ᠡᠴᠡ ᠵᠡᠭᠦᠨᠰᠢ ᠤᠬᠤᠷᠢᠪᠠ᠃ 3 ᠳ᠋ᠣᠭᠠᠷ ᠪᠢᠩᠲ᠋ᠤᠸᠠᠨ ᠪᠣᠯᠣᠨ ᠲᠡᠬᠦᠨ᠎ᠤ ᠵᠢᠯᠣᠭᠣᠲᠣᠬᠰᠠᠨ ᠴᠡᠷᠢᠭ ᠠᠩᠭᠢ ᠰᠦᠢᠶᠤᠸᠠᠨ᠎ᠤ ᠡᠮᠦᠨᠡᠲᠦ ᠬᠡᠰᠡᠭ᠂  ᠵᠡᠭᠦᠨ ᠬᠡᠰᠡᠭ᠎ᠦᠨ ᠥᠷᠭᠡᠨ ᠠᠭᠤᠳᠠᠮ ᠭᠠᠵᠠᠷ ᠣᠷᠣᠨ᠎ᠢ ᠦᠳᠲᠡᠷ ᠲᠦᠷᠭᠡᠨ ᠴᠢᠯᠦᠭᠡᠯᠡᠵᠦ᠂  ᠭᠣᠮᠢᠨᠳᠠᠩ᠎ᠤᠨ 6500 ᠭᠠᠷᠤᠢ ᠬᠥᠮᠥᠨ᠎ᠢ ᠤᠰᠠᠳᠬᠠᠵᠤ᠂  ᠹᠧᠩᠵᠧᠨ᠎ᠡᠴᠡ ᠬᠣᠢᠰᠢ ᠭᠦᠢᠰᠦ᠋ᠢ᠎ᠡᠴᠡ ᠵᠡᠭᠦᠨᠰᠢᠬᠢ ᠫᠢᠩ ᠰᠦᠢ ᠲᠡᠮᠦᠷ ᠵᠠᠮ᠎ᠢ ᠡᠵᠡᠮᠰᠢᠪᠡ᠃ ᠵᠠᠯᠭᠠᠭᠠᠳ ᠲᠡᠳᠡ ᠪᠠᠷᠠᠭᠤᠨᠰᠢ ᠴᠡᠷᠢᠭᠯᠡᠨ᠂  ᠪᠤᠭᠤᠲᠤ ᠬᠤᠳᠠ᠎ᠶᠢ ᠪᠠᠢᠯᠳᠤᠨ ᠠᠪᠤᠭᠠᠳ ᠭᠦᠢᠰᠦ᠋ᠢ ᠬᠤᠳᠠ᠎ᠶᠢ ᠪᠦᠰᠡᠯᠡᠪᠠ᠃ 11 ᠰᠠᠷ᠎ᠠ᠎ᠶᠢᠨ 5 ᠤ᠋ ᠡᠳᠦᠷ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠡᠴᠡ 《ᠭᠦᠢᠰᠦ᠋ᠢ᠎ᠶᠢ ᠳᠣᠪᠲᠣᠯᠬᠤ ᠪᠠᠢᠷᠢᠯᠠᠭᠤᠯᠤᠯᠲᠠ᠎ᠶᠢᠨ ᠲᠣᠬᠠᠢ ᠶᠠᠩ ᠴᠧᠩ ᠦ᠋ ᠵᠡᠷᠭᠡ ᠨᠥᠬᠥᠳ᠎ᠲᠦ ᠥᠭᠬᠦ ᠵᠢᠭᠠᠪᠤᠷᠢ》  ᠭᠠᠷᠭᠠᠵᠤ᠂ 10 ᠡᠳᠦᠷ᠎ᠦᠨ ᠳᠣᠲᠣᠷ᠎ᠠ ᠭᠦᠢᠰᠦ᠋ᠢ᠎ᠶᠢ ᠪᠠᠢᠯᠳᠤᠨ ᠡᠵᠡᠯᠡᠪᠡᠯ ᠵᠣᠬᠢᠨ᠎ᠠ ᠭᠡᠵᠦ ᠵᠢᠭᠠᠵᠤ ᠭᠠᠷᠭᠠᠪᠠ᠃  ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶᠠᠨ᠎ᠤ ᠵᠢᠭᠠᠪᠤᠷᠢ᠎ᠶᠢ ᠦᠨᠳᠦᠰᠦᠯᠡᠵᠦ᠂ 3 ᠳ᠋ᠤᠭᠠᠷ ᠪᠢᠩᠲ᠋ᠤᠸᠠᠨ᠎ᠤ ᠭᠣᠣᠯ ᠬᠦᠴᠦᠨ ᠳᠠᠭᠢᠨᠲᠠ ᠭᠦᠢᠰᠦ᠋ᠢ᠎ᠶᠢᠨ ᠡᠷᠭᠢᠨ ᠲᠣᠭᠣᠷᠢᠨ᠎ᠳᠤ ᠴᠤᠭᠯᠠᠷᠠᠵᠤ᠂  ᠣᠷᠣᠨ ᠨᠤᠲᠤᠭ᠎ᠤᠨ ᠨᠠᠮ ᠵᠠᠰᠠᠭ᠎ᠤᠨ ᠪᠠᠢᠭᠤᠯᠭ᠎ᠠ ᠴᠤ᠌ ᠪᠦᠭᠦ ᠬᠦᠴᠦᠨ᠎ᠢᠶᠡᠷ᠎ᠢᠶᠡᠨ ᠲᠤᠰᠠᠯᠠᠵᠤ᠂ ᠭᠦᠢᠰᠦ᠋ᠢ᠎ᠶᠢ ᠨᠢᠭᠡ ᠯᠠ ᠳᠡᠭᠡᠷ᠎ᠡ ᠲᠠᠭᠠᠷᠢᠨ ᠡᠵᠡᠯᠡᠬᠦ᠎ᠪᠠᠷ ᠪᠡᠯᠡᠳᠬᠡᠵᠦ ᠪᠠᠢᠯ᠎ᠠ ᠃

ᠡᠨᠡ ᠦᠶ᠎ᠡ᠎ᠳᠦ᠂  ᠪᠦᠭᠦᠢᠯᠡ ᠳᠠᠢᠨ᠎ᠤ ᠪᠠᠢᠳᠠᠯ᠎ᠳᠤ ᠬᠤᠪᠢᠷᠠᠯᠲᠠ ᠭᠠᠷᠴᠤ᠂  52 ᠡᠳᠦᠷ ᠦᠷᠭᠦᠯᠵᠢᠯᠡᠭᠰᠡᠨ ᠯᠢᠶᠤᠤ ᠱᠧᠨ᠎ᠦ ᠳᠠᠢᠯᠠᠯᠳᠤᠭᠠᠨ 11 ᠰᠠᠷ᠎ᠠ᠎ᠶᠢᠨ 2 ᠎ᠤ᠋ᠨ ᠡᠳᠦᠷ ᠢᠯᠠᠯᠲᠠ᠎ᠲᠠᠢ᠎ᠪᠠᠷ ᠳᠠᠭᠤᠰᠴᠤ᠂ ᠫᠢᠩ᠎ᠶᠢᠨ᠎ᠤ ᠳᠠᠢᠯᠠᠯᠳᠤᠭᠠᠨ ᠣᠲᠠᠯ ᠦᠭᠡᠢ ᠡᠬᠢᠯᠡᠬᠦ ᠪᠡᠷ ᠪᠣᠯᠪᠠ᠃ ᠲᠠᠢᠶᠤᠸᠠᠨ᠎ᠢ ᠪᠣᠰᠢᠭᠣᠬᠠᠨ ᠴᠢᠯᠦᠭᠡᠯᠡᠵᠦ᠂ ᠹᠦ ᠽᠦᠸᠧ ᠢ᠎ᠶᠢᠨ ᠬᠦᠴᠦᠨ᠎ᠢ ᠬᠣᠷᠢᠬᠯᠠᠨ ᠡᠮᠦᠨᠡᠰᠢ ᠳᠤᠲᠠᠭᠠᠯᠭᠠᠬᠤ ᠦᠭᠡᠢ᠎ᠶᠢᠨ ᠲᠥᠯᠥᠭᠡ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ ᠭᠦᠢᠰᠦ᠋ᠢ᠎ᠶᠢ ᠳᠣᠪᠲᠣᠯᠬᠤ᠎ᠪᠠᠨ ᠵᠣᠭᠰᠣᠵᠠᠢ᠃  ᠢᠩᠬᠢᠭᠡᠳ11 ᠰᠠᠷ᠎ᠠ᠎ᠶᠢᠨ 15᠎ᠤ᠋ ᠡᠳᠦᠷ᠂ 3 ᠳ᠋ᠤᠭᠠᠷ ᠪᠢᠩᠲ᠋ᠤᠸᠠᠨ ᠭᠦᠢᠰᠦ᠋ᠢ᠎ᠶᠢᠨ ᠪᠦᠰᠡᠯᠡᠯᠲᠡ ᠪᠠᠨ ᠲᠠᠢᠯᠵᠦ᠂ ᠰᠠᠨᠠᠭᠠᠴᠢᠯᠠᠭ᠎ᠠ᠎ᠠᠴᠠ᠎ᠪᠠᠨ ᠪᠤᠭᠤᠲᠤ᠎ᠠᠴᠠ ᠤᠬᠤᠷᠢᠨ ᠭᠠᠷᠴᠤ᠂ ᠵᠦᠸᠸᠽᠢ ᠱᠠᠨ᠂ ᠵᠢᠨᠢᠩ᠂ ᠹᠧᠩᠵᠧᠨ᠎ᠳᠦ ᠰᠢᠯᠵᠢᠵᠦ ᠴᠣᠬᠯᠠᠷᠠᠪᠠ᠃ ᠢᠩᠭᠢᠭᠡᠳ ᠴᠠᠬᠠᠷ ᠰᠦᠢᠶᠤᠸᠠᠨ᠎ᠤ ᠳᠠᠢᠯᠠᠯᠳᠤᠭᠠᠨ ᠳᠠᠭᠤᠰᠴᠠᠢ ᠃

ᠴᠠᠬᠠᠷ ᠰᠦᠢᠶᠤᠸᠠᠨ᠎ᠤ ᠳᠠᠢᠯᠠᠯᠳᠤᠭᠠᠨ ᠳ᠋ᠦ᠂ 2 ᠳ᠋ᠤᠭᠠᠷ ᠪᠢᠩᠲ᠋ᠤᠸᠠᠨ ᠪᠣᠯᠣᠨ 3 ᠳ᠋ᠤᠭᠠᠷ ᠪᠢᠩᠲ᠋ᠤᠸᠠᠨ ᠨᠢᠬᠲᠠ ᠬᠠᠮᠵᠢᠯᠴᠠᠨ᠂  ᠹᠦ ᠽᠦᠸᠧ ᠢ᠎ᠶᠢᠨ ᠭᠣᠣᠯ ᠬᠦᠴᠦᠨ᠎ᠤ 3 ᠠᠷᠮᠢ᠂ 10 ᠳ᠋ᠢᠸᠢᠽᠢ ᠴᠡᠷᠢᠭ ᠠᠩᠬᠢ᠎ᠶᠢ ᠫᠢᠩ ᠰᠦᠢ ᠱᠤᠭᠤᠮ ᠣᠷᠴᠢᠮ ᠬᠠᠰᠢᠵᠦ ᠬᠣᠷᠢᠬᠯᠠᠨ᠂  2.1 ᠲᠦᠮᠡ ᠭᠠᠷᠤᠢ ᠲᠠᠢᠰᠣᠨ᠎ᠢ ᠤᠰᠠᠳᠬᠠᠵᠤ᠂ 11 ᠰᠢᠶᠠᠨ᠎ᠤ ᠬᠣᠲᠠ᠎ᠶᠢ ᠴᠢᠯᠦᠭᠡᠯᠡᠵᠦ᠂ ᠪᠣᠭᠣᠮᠲᠠ ᠡᠴᠡ ᠭᠠᠷᠴᠣ ᠵᠡᠭᠦᠨ ᠬᠣᠢᠲᠤ ᠣᠷᠣᠨ᠎ᠤ ᠭᠣᠮᠢᠨᠳᠠᠩ᠎ᠤᠨ ᠴᠡᠷᠢᠭ᠎ᠢ ᠲᠣᠰᠠᠯᠠᠬᠣ ᠴᠢᠲᠠᠯ ᠦᠭᠡᠢ ᠪᠣᠯᠭᠠᠵᠦ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ᠂  ᠮᠠᠤ ᠽᠧ ᠳ᠋ᠦᠩ᠎ᠦᠨ 《ᠹᠦ ᠽᠦᠸᠧ ᠢ᠎ᠶᠢᠨ ᠭᠣᠣᠯ ᠬᠦᠴᠦᠨ ᠴᠡᠷᠢᠭ᠎ᠢ ᠲᠠᠲᠠᠵᠤ᠂ ᠪᠣᠭᠣᠮᠲᠠ᠎ᠠᠴᠠ ᠦᠯᠦ ᠭᠠᠷᠭᠠᠬᠤ》 ᠭᠡᠰᠡᠨ ᠪᠠᠢᠯᠳᠤᠬᠤ ᠪᠣᠳᠣᠯᠭ᠎ᠠ᠎ᠶᠢᠨ ᠬᠠᠷᠠᠯᠲᠠ᠎ᠶᠢ ᠪᠡᠶᠡᠯᠡᠭᠦᠯᠵᠦ᠂ ᠯᠢᠶᠤᠤ ᠱᠧᠨ᠎ᠦ ᠳᠠᠢᠯᠠᠯᠳᠤᠭᠠᠨ ᠢᠯᠠᠯᠲᠠ ᠣᠯᠬᠣ᠎ᠶᠢ ᠬᠦᠴᠦᠲᠡᠢ ᠪᠠᠲᠤᠯᠠᠬᠰᠠᠨ ᠪᠠᠢᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号