ᠨᠠᠬᠦᠳᠡᠬᠡᠢ᠎ᠶᠢᠨ ᠣᠪᠣᠭ᠎ᠠ
2026-07-22 16:01:12
ᠵᠣᠬᠢᠶᠠᠭ᠍ᠴᠢ᠄
ᠭ᠊·ᠡᠷᠳᠡᠨᠢᠪᠢᠯᠢᠭ
ᠣᠩᠱᠢᠭ᠍ᠰᠠᠨ ᠣᠳᠠᠭ᠎ᠠ᠄
★★★☆☆

ᠨᠠᠬᠦᠳᠡᠬᠡᠢ᠎ᠶᠢᠨ ᠣᠪᠣᠭ᠎ᠠ ᠨᠢᠳᠣ᠌ ᠲᠠᠢ ᠣᠪᠣᠭ᠎ᠠ

ᠨᠠᠮᠢᠷᠠᠭ᠎ᠠ ᠬᠣᠷ᠎ᠠ ᠪᠡᠷ ᠰᠢᠪᠰᠢᠬᠦᠯᠦᠭᠰᠡᠨ

ᠲᠡᠣᠬᠡ᠎ᠶᠢᠨ ᠣᠪᠣᠭ᠎ᠠ

ᠨᠠᠢᠳᠠᠬ᠍ᠰᠠᠨ ᠬᠦᠮᠦᠨ᠎ᠤ ᠰᠡᠳᠬᠢᠯ ᠎ᠳᠤ

ᠬᠠᠯᠠᠮᠵᠢ ᠦᠭᠬᠦᠭᠰᠡᠨ

ᠨᠠᠷᠠᠨ ᠵᠦᠭ᠎ᠤᠨ ᠢᠲᠡᠬᠡᠯ᠎ᠤᠨ ᠤᠪᠤᠭ᠎ᠠ

ᠬᠡᠯᠡᠭᠰᠡᠨ ᠬᠢᠭᠰᠡᠨ ᠬᠣᠶᠠᠷ ᠠᠮᠢᠳᠣᠷᠠᠯ᠎ᠳᠤ ᠪᠡᠶᠡᠯᠡᠳᠡᠭ

ᠬᠡᠬᠦᠳᠡᠭ ᠴᠡᠬᠡᠵᠢᠨ᠎ᠤ ᠢᠲᠡᠬᠡᠯ᠎ᠢ ᠬᠢᠨᠠᠵᠣ᠌ ᠳᠡᠬᠡᠵᠢᠯᠡᠳᠡᠭ

ᠬᠠᠯᠠᠭᠣᠨ ᠰᠡᠳᠬᠢᠯᠲᠦ ᠲᠦᠮᠡᠨ᠎ᠳᠡᠭᠡᠨ

ᠬᠠᠢᠷ᠎ᠠ᠎ᠶᠢᠨ ᠬᠦᠰᠡᠯ ᠳᠡᠬᠡᠵᠢᠯᠡᠭᠰᠡᠨ

ᠬᠣᠯᠠ ᠦᠢᠷ᠎ᠠ᠎ᠶᠢᠨ ᠰᠣᠷᠠᠭ᠎ᠢ ᠵᠦᠪ ᠦᠪᠯᠡᠭᠰᠡᠨ

ᠬᠠᠢᠯᠭᠠᠨ ᠵᠢᠷᠣᠬᠡᠨ᠎ᠤ ᠰᠢᠨᠳᠠᠰᠣ᠌ ᠎ᠶᠢ ᠪᠦᠬᠡᠯᠡᠵᠦ ᠦᠭᠬᠦᠭᠰᠡᠨ

ᠬᠣᠷᠸ᠎ᠠ ᠳᠡᠯᠡᠬᠡᠢ᠎ᠶᠢᠨ ᠵᠦᠢ᠎ᠳᠤ ᠣᠬᠠᠭᠠᠷᠠᠯ ᠮᠠᠨᠠᠬ᠍ᠰᠠᠨ

ᠬᠣᠭᠣᠰᠣᠨ ᠰᠡᠳᠬᠢᠯ᠎ᠤᠨ ᠬᠡᠢᠷᠬᠡᠯ᠎ᠢ

ᠪᠣᠳᠠᠳᠣ᠌ ᠠᠬᠣᠢ ᠵᠦᠭ ᠬᠦᠲᠦᠯᠦᠭᠰᠡᠨ

ᠪᠠᠢᠭᠠᠯᠢ ᠬᠦᠮᠦᠨ᠎ᠤ ᠬᠠᠷᠢᠴᠠᠭ᠎ᠠ ᠎ᠶᠢ

ᠪᠣᠳᠣᠯ᠎ᠤᠨ ᠬᠦᠨ᠎ᠠᠴᠠ ᠣᠬᠠᠭᠠᠷᠠᠭᠣᠯᠣᠬ᠍ᠰᠠᠨ

ᠨᠡᠬᠦᠳᠡᠬᠡᠢ᠎ᠶᠢᠨ ᠣᠪᠣᠭ᠎ᠠ ᠨᠢᠳᠣ᠌ ᠲᠠᠢ ᠪᠠᠢᠯ᠎ᠠ

ᠨᠠᠷᠠᠯᠢᠭ ᠳᠡᠯᠡᠬᠡᠢ᠎ᠶᠢᠨ ᠵᠣᠬᠢᠴᠠᠯ᠎ᠳᠤ ᠰᠢᠳᠢ ᠲᠠᠢ ᠪᠠᠢᠯ᠎ᠠ

ᠬᠣᠯᠡ᠎ᠠᠴᠠ ᠪᠠᠷ᠎ᠠ ᠲᠠᠢ ᠡᠨᠡ ᠣᠪᠣᠭ᠎ᠠ ᠶ᠋ᠢ

ᠬᠣᠷᠸ᠎ᠠ ᠶᠡᠭᠣᠨ᠎ᠳᠤ ᠡᠨᠳᠡ ᠱᠣᠭᠣᠬ᠍ᠰᠠᠨ ᠎ᠢ

ᠬᠣᠵᠢᠭᠣ᠌ ᠲᠡᠣᠬᠡ ᠨᠣᠮ᠎ᠢᠶᠠᠷ ᠰᠢᠪᠡᠨᠡᠭᠰᠡᠨ ᠴᠣ᠌

ᠬᠣᠢᠮᠣᠷ ᠲᠣᠨᠢ ᠵᠠᠪᠢᠯᠠᠬ᠍ᠰᠠᠨ ᠠᠷᠠᠳ᠎ᠤᠨ ᠰᠡᠳᠬᠢᠯ᠎ᠢᠶᠠᠷ

ᠣᠶᠠᠩᠭᠠᠷᠠᠨ ᠳᠠᠭᠣᠯᠠᠬ᠍ᠳᠠᠵᠣ᠌ ᠮᠦᠩᠬᠡ ᠰᠡᠬᠦᠢᠬᠦ ᠶᠣᠮ

ᠨᠡᠬᠦᠳᠡᠬᠡᠢ᠎ᠶᠢᠨ ᠣᠪᠣᠭ᠎ᠠ ᠨᠢᠳᠣ᠌ ᠲᠠᠢ ᠪᠠᠢᠯ᠎ᠠ

ᠨᠠᠮᠣᠬᠠᠨ ᠪᠠᠢᠭᠠᠯᠢ᠎ᠶᠢᠨ ᠰᠢᠮ᠎ᠡ᠎ᠶᠢ

ᠨᠡᠢᠳᠡᠮ ᠰᠢᠮᠡᠵᠢᠬᠦᠯᠬᠦ ᠦᠪ ᠲᠠᠢ ᠪᠠᠢᠯ᠎ᠠ

ᠭᠠᠵᠠᠷ ᠣᠰᠣ᠌ ᠠᠮᠢ ᠠᠮᠢᠵᠢᠷᠠᠯ᠎ᠢᠶᠠᠨ ᠪᠣᠰᠬᠠᠵᠣ᠌ ᠲᠠᠯᠪᠢᠬ᠍ᠰᠠᠨ

ᠭᠠᠩᠳᠠᠭᠣᠨ ᠪᠠᠢᠭᠠᠯᠢ᠎ᠶᠢ ᠣᠮᠳᠠᠯᠠᠬᠣ᠌

ᠵᠢᠷᠣᠬᠡᠨ ᠰᠠᠴᠣᠯᠢ ᠲᠠᠢ ᠢᠲᠡᠬᠡᠯ

ᠮᠠᠯ ᠮᠠᠯᠵᠢᠯ᠎ᠢ ᠲᠡᠳᠬᠦᠬᠦ ᠮᠠᠩᠬᠠᠨ ᠭᠠᠵᠠᠷ᠎ᠤᠨ ᠣᠪᠣᠭ᠎ᠠ

ᠮᠦᠩᠬᠡ ᠳᠡᠯᠡᠬᠡᠢ᠎ᠶᠢᠨ ᠬᠠᠭᠣᠳᠠᠰᠣᠨ᠎ᠳᠤ

ᠮᠣᠨᠣᠬᠣ᠌ ᠦᠬᠡᠢ ᠰᠡᠬᠦᠢᠭᠰᠡᠨ

ᠮᠢᠩᠭᠠᠨ ᠭᠠᠵᠠᠷ᠎ᠤᠨ ᠠᠯᠣᠰ᠎ᠲᠤ ᠴᠣ᠌

ᠮᠡᠳᠡᠷᠡᠯ᠎ᠢᠶᠠᠷ ᠬᠣᠯᠪᠣᠯᠳᠣᠳᠠᠭ

ᠮᠦᠩᠬᠡᠷᠡᠬᠦ ᠵᠠᠶᠠᠭᠠᠳᠣ᠌ ᠪᠠᠢᠭᠠᠯᠢ᠎ᠶᠢᠨ ᠰᠠᠬᠢᠭᠣᠰᠣ᠌ ᠪᠠᠢᠯ᠎ᠠ

ᠨᠠᠬᠦᠳᠡᠬᠡᠢ᠎ᠶᠢᠨ ᠣᠪᠣᠭ᠎ᠠ ᠨᠢᠳᠣ᠌ ᠲᠠᠢ ᠣᠪᠣᠭ᠎ᠠ

ᠨᠠᠮᠣᠭᠣᠬᠠᠨ ᠰᠠᠯᠬᠢ᠎ᠪᠠᠷ ᠠᠮᠢᠰᠬᠣᠯᠯᠠᠬ᠍ᠰᠠᠨ

ᠲᠡᠣᠬᠡ᠎ᠶᠢᠨ ᠣᠪᠣᠭ᠎ᠠ

ᠨᠠᠮᠠᠶ᠋ᠢ ᠴᠢᠮᠠᠶ᠋ᠢ ᠪᠠᠢᠭᠠᠯᠢ ᠲᠠᠢ ᠬᠠᠮᠲᠣ᠌ ᠵᠢᠷᠭᠠᠭᠣᠯᠣᠬ᠍ᠰᠠᠨ

ᠨᠠᠷᠮᠠᠢ ᠬᠦᠷᠦᠨ᠎ᠤ ᠲᠠᠢᠪᠦᠩ ᠠᠮᠣᠭᠣᠯᠠᠩ ᠴᠣᠣᠷᠢᠶ᠎ᠠ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号