ᠲᠠᠭᠠᠨ᠎ᠠ ᠶ᠋ᠢᠨ ᠲᠤᠯᠤᠭᠠᠢ ᠶᠠᠭᠠᠷᠠᠨ
ᠴᠡᠴᠡᠭᠯᠡᠬᠦ᠌ ᠴᠠᠭ ᠳ᠋ᠤ
ᠴᠠᠭᠠᠨ ᠡᠬᠦᠯᠡᠰ ᠶᠠᠭᠠᠷᠠᠤᠬᠠᠨ ᠨᠡᠬᠦᠳᠡᠯᠯᠡᠵᠦ
ᠮᠢᠨᠤ ᠠᠮᠢᠨ ᠨᠤᠳᠤᠭ
ᠠᠭᠤᠯᠨ ᠪᠠᠷ ᠶ᠋ᠢᠡᠨ
ᠤᠰᠤ ᠪᠠᠷ ᠶ᠋ᠢᠡᠨ
ᠲᠡᠭᠷᠢ ᠭᠠᠵᠠᠷ
ᠨᠡᠶ᠋ᠢᠯᠡᠨ ᠵᠢᠷᠭᠠᠨ᠎ᠠ
ᠦᠰᠬᠦ᠌ ᠬᠡᠤᠬᠡᠳᠤᠨ ᠦᠯᠦᠭᠡᠢ ᠳ᠋ᠤ
ᠨᠤᠲᠤᠭ ᠮᠢᠨᠢ ᠪᠠᠶ᠋ᠢᠲᠠᠭ ᠡ
ᠡᠵᠢ ᠬᠦᠮᠦᠨᠤ ᠪᠦᠪᠡᠢ ᠳ᠋ᠤ
ᠨᠤᠲᠤᠭ ᠮᠢᠨᠢ ᠪᠠᠶ᠋ᠢᠲᠠᠭ ᠡ
ᠴᠠᠰᠤᠨᠤ ᠰᠢᠷᠭᠡᠭ
ᠪᠦᠵᠢᠬᠦ᠌ ᠵᠢᠨ ᠦᠶ᠎ᠡ ᠳ᠋ᠤ
ᠲᠡᠯᠡᠬᠡᠢ ᠶᠢᠷᠲᠢᠨᠴᠤ᠌ ᠴᠠᠶ᠋ᠢᠷᠠᠨ ᠴᠠᠶ᠋ᠢᠷᠠᠵᠦ
ᠮᠢᠨᠤ ᠠᠮᠢᠨ ᠨᠤᠳᠤᠭ
ᠰᠦᠨᠤ ᠦᠩᠭᠡᠨ ᠳ᠋ᠤ ᠠᠭᠤᠰᠴᠤ᠌
ᠲᠠᠩᠰᠤᠭ ᠪᠠᠶ᠋ᠢᠭᠠᠯᠢ ᠪᠠᠷ ᠶ᠋ᠢᠡᠨ
ᠲᠠᠶᠠᠭᠠᠷ ᠲᠦᠮᠡᠨ ᠶ᠋ᠢᠡᠷ ᠶ᠋ᠢᠡᠨ
ᠠᠮᠤᠭᠤᠯᠠᠩ ᠵᠢᠷᠭᠠᠯᠠᠩ
ᠡᠩᠭᠡ ᠤᠷᠤᠰᠢᠨ᠎ᠠ
ᠢᠷᠡᠭᠡᠲᠦᠢ ᠪᠦᠬᠦᠨᠤ ᠵᠠᠮ ᠲᠡᠭᠡᠷ᠎ᠡ
ᠨᠤᠲᠤᠭ ᠮᠢᠨᠢ ᠵᠦᠭ ᠪᠤᠯᠲᠠᠭ
ᠢᠲᠡᠭᠡᠯ ᠪᠦᠬᠦᠨᠤ ᠡᠷᠴᠢᠨ ᠲᠡᠭᠡᠷ᠎ᠡ
ᠨᠤᠲᠤᠭ ᠮᠢᠨᠢ ᠵᠤᠷᠢᠭ ᠪᠤᠯᠲᠠᠭ
ᠤᠶᠠᠭᠠᠨ ᠲᠡᠭᠡᠷ᠎ᠡ ᠮᠤᠷᠢᠳ ᠦᠤᠷᠰᠡᠵᠦ᠍
ᠤᠷᠳᠤ ᠶ᠋ᠢᠨ ᠲᠠᠭᠤᠤ ᠰᠢᠷᠤᠩᠬᠠᠶ᠋ᠢᠯᠠᠬᠤ
ᠮᠢᠨᠤ ᠠᠮᠢᠨ ᠨᠤᠳᠤᠭ
ᠮᠦᠬᠦᠯᠢᠭ ᠰᠢᠷᠤᠢ ᠡᠴᠠ ᠨᠢ ᠬᠠᠶ᠋ᠢᠷ᠎ᠠ ᠠᠮᠰᠠᠭᠲᠠᠬᠤ
ᠬᠠᠶ᠋ᠢᠷᠬᠠᠨ ᠠᠭᠤᠯᠠᠰ ᠨᠢ ᠨᠦᠮᠦᠷᠢ ᠪᠤᠯᠬᠤ
ᠰᠡᠳᠬᠢᠯ ᠶ᠋ᠢᠡᠷ ᠮᠢᠨᠢ
ᠰᠦᠰᠦᠭ ᠶ᠋ᠢᠡᠷ ᠮᠢᠨᠢ
ᠨᠠᠨᠲᠢᠨ ᠪᠦᠭᠦᠨ
ᠦᠯᠡᠮᠵᠢ ᠪᠠᠳᠤᠵᠢᠨᠠ
ᠨᠤᠲᠤᠭ ᠨᠢᠯᠪᠤᠰᠤ ᠮᠢᠨᠢ ᠪᠤᠯᠤᠭᠠᠳ ᠪᠦᠮᠪᠦᠷᠢᠬᠦ᠌ ᠳ᠋ᠤ
ᠴᠢᠯᠠᠭᠤ ᠪᠤᠯᠤᠭᠠᠳ ᠤᠷᠭᠤᠲᠠᠭ
ᠨᠤᠲᠤᠭ ᠰᠡᠳᠬᠢᠯ ᠮᠢᠨᠢ ᠪᠤᠯᠤᠭᠠᠳ ᠠᠰᠬᠠᠷᠠᠬᠤ ᠳ᠋ᠤ
ᠦᠨᠡᠨ ᠪᠤᠯᠤᠭᠠᠳ ᠦᠯᠡᠲᠡᠲᠡᠭ