ᠰᠡᠳᠬᠢᠯᠤᠨ ᠦᠩᠭᠡ ᠲᠠᠢ ᠺᠣᠹᠸᠶᠢᠨ ᠦᠷᠦᠬᠡᠨ ᠡᠴᠡ
ᠲᠣᠷᠠᠯᠠᠯ ᠴᠡᠴᠡᠭᠯᠡᠨᠡ
ᠲᠣᠷᠠᠯᠠᠯ ᠪᠦᠬᠦᠨ ᠳ᠋ᠦ ᠬᠠᠢᠷᠠᠶᠢᠨ ᠰᠡᠪᠰᠢᠶᠠ ᠲᠠᠢ
ᠽᠠᠨᠲᠠᠨ ᠶᠠᠲᠣᠭᠠᠶᠢᠨ ᠡᠭᠡᠰᠢᠭᠲᠦ ᠠᠶᠠᠯᠭᠣ ᠲᠠᠢ
ᠵᠢᠷᠣᠬᠤᠨ ᠬᠡ ᠲᠠᠢ ᠮᠦᠷᠦᠭᠡᠲᠦᠯ ᠪᠣᠢ
ᠣᠯᠠᠷᠢᠬᠣ ᠤᠨ ᠴᠠᠬᠤᠨ ᠬᠣᠢᠨᠠ ᠡᠴᠡ
ᠰᠡᠳᠬᠢᠯᠤᠨ ᠦᠩᠭᠡ ᠲᠠᠢ ᠺᠣᠹᠸᠶᠢᠨ ᠦᠷᠦᠭᠡᠨ ᠳ᠋ᠦ
ᠪᠢ ᠴᠢᠮᠡ ᠳ᠋ᠦ ᠰᠢᠯᠦᠭ ᠪᠢᠴᠢᠭᠰᠡᠨ ᠡ
ᠰᠡᠳᠬᠢᠯᠤᠨ ᠦᠩᠭᠡ ᠲᠠᠢ ᠺᠣᠹᠸᠶᠢᠨ ᠦᠷᠦᠭᠡᠨ ᠡᠴᠡ
ᠠᠭᠣᠯᠵᠠᠯᠲᠠ ᠡᠬᠢᠯᠡᠨᠡ
ᠠᠭᠣᠯᠵᠠᠯᠲᠠ ᠪᠦᠬᠦᠨ ᠳ᠋ᠦ ᠠᠮᠠᠷᠠᠬᠤᠨ ᠨᠢᠭᠣᠴᠠ ᠲᠠᠢ
ᠮᠠᠯᠮᠡᠷᠡᠬᠦ ᠨᠢᠯᠪᠣᠰᠣᠨ ᠲᠣᠰᠣᠯ ᠲᠠᠢ
ᠰᠢᠪᠠᠭᠣᠳᠤᠨ ᠣᠷᠠᠨ ᠬᠡᠯᠡ ᠵᠢᠷᠬᠢᠬᠦ ᠦᠶᠡᠰ
ᠰᠡᠮᠡᠷᠡᠵᠦ ᠣᠳᠬᠣ ᠬᠡᠬᠡᠷᠡᠶᠢᠨ ᠰᠠᠯᠬᠢᠨ ᠤ᠋ ᠬᠣᠢᠨᠠ ᠡᠴᠡ
ᠰᠡᠳᠬᠢᠯᠤᠨ ᠦᠩᠭᠡ ᠲᠠᠢ ᠺᠣᠹᠸᠶᠢᠨ ᠦᠷᠦᠭᠡᠨ ᠳ᠋ᠦ
ᠪᠢ ᠴᠢᠮᠡ ᠳ᠋ᠦ ᠰᠢᠯᠦᠭ ᠪᠢᠴᠢᠭᠰᠡᠨ ᠡ
ᠰᠡᠳᠬᠢᠯᠤᠨ ᠦᠩᠭᠡ ᠲᠠᠢ ᠺᠣᠹᠸᠶᠢᠨ ᠦᠷᠦᠭᠡᠨ ᠡᠴᠡ
ᠬᠠᠢᠷᠠ ᠠᠮᠲᠠᠯᠠᠬᠲᠠᠨᠠ
ᠬᠠᠢᠷᠠ ᠪᠦᠬᠦᠨ ᠳ᠋ᠦ ᠮᠦᠷᠦᠭᠡᠲᠦᠯᠤᠨ ᠰᠡᠪᠰᠢᠶᠠ ᠲᠠᠢ
ᠮᠣᠷᠢᠨ ᠬᠣᠭᠣᠷᠤᠨ ᠲᠠᠭᠣᠣ ᠲᠠᠢ
ᠬᠦᠮᠦᠰᠭᠡᠨ ᠰᠠᠷᠠᠨ ᠭᠡᠷᠡᠯ ᠶ᠋ᠢᠡᠨ ᠬᠠᠷᠠᠮᠨᠠᠭᠠᠳ
ᠰᠢᠷᠠᠯᠠᠵᠦ ᠣᠨᠠᠬᠣ ᠨᠠᠪᠴᠢᠰᠤᠨ ᠬᠣᠢᠨᠠ ᠡᠴᠡ
ᠰᠡᠳᠬᠢᠯᠤᠨ ᠦᠩᠭᠡ ᠲᠠᠢ ᠺᠣᠹᠸᠶᠢᠨ ᠦᠷᠦᠭᠡᠨ ᠳ᠋ᠦ
ᠪᠢ ᠴᠢᠮᠡ ᠳ᠋ᠦ ᠰᠢᠯᠦᠭ ᠪᠢᠴᠢᠭᠰᠡᠨ ᠡ