ᠨᠤᠲᠤᠭ ᠬᠡᠮᠡᠬᠦ ᠴᠡᠩᠬᠡᠷ ᠠᠶᠠᠯᠭᠤ
2026-07-22 16:02:41
ᠵᠣᠬᠢᠶᠠᠭ᠍ᠴᠢ᠄
ᠡ᠊·ᠮᠠᠩᠯᠠᠢ
ᠣᠩᠱᠢᠭ᠍ᠰᠠᠨ ᠣᠳᠠᠭ᠎ᠠ᠄
★★★☆☆

ᠬᠤᠯᠤᠰᠤᠨ ᠯᠢᠮᠪᠦ᠎ᠶᠢᠨ ᠬᠣᠭᠤᠯᠠᠢ᠎ᠠᠴᠠ ᠭᠠᠷᠬᠤ ᠲᠣᠳᠣᠨᠤ᠎ᠶᠢᠨ ᠡᠭᠡᠰᠢᠭ

ᠬᠣᠳᠠ ᠲᠠᠢ ᠬᠣᠨᠢᠳ ᠵᠡᠭᠦᠳᠦ ᠮᠠᠨᠠᠭᠰᠠᠨ ᠲᠠᠢᠪᠤᠩ ᠪᠠᠭᠤᠴᠠ

ᠬᠣᠷᠣᠳ ᠦᠷᠥᠮ᠎ᠡ᠎ᠶᠢᠨ ᠠᠩᠬᠢᠯᠤᠮ᠎ᠡ ᠦᠨᠣᠷ ᠲᠠᠢ ᠴᠡᠩᠬᠡᠷᠬᠡᠨ ᠬᠥᠳᠡᠭᠡ

ᠬᠣᠳᠤᠭ ᠪᠤᠶᠠᠨ᠎ᠢ ᠬᠣᠷᠣᠢᠯᠠᠵᠤ ᠳᠠᠯᠠᠯᠤᠭᠰᠠᠨ ᠠᠷᠤᠤᠬᠠᠨ ᠭᠣᠯᠤᠮᠲᠠ

ᠰᠦᠨ ᠴᠡᠩᠬᠡᠷ ᠣᠷᠴᠢᠯᠠᠩ᠎ᠢ ᠮᠢᠯᠢᠶᠠᠭᠰᠠᠨ ᠡᠵᠢ᠎ᠶᠢᠨ ᠰᠡᠴᠤᠯᠢ

ᠰᠦᠯᠲᠡ ᠪᠣᠰᠣᠭ᠎ᠠ ᠬᠡᠢᠮᠦᠷᠢ ᠡᠷᠭᠦᠭᠰᠡᠨ ᠠᠪᠤ᠎ᠶᠢᠨ᠎ᠪᠡᠷ᠎ᠠ

ᠰᠦᠷᠦᠭ ᠴᠠᠭᠠᠨ ᠵᠡᠭᠡᠷ᠎ᠡ ᠴᠠᠬᠢᠯᠤᠭᠰᠠᠨ ᠠᠭᠤᠵᠢᠮ ᠬᠦᠨᠲᠡᠢ

ᠰᠦᠰᠦᠭ ᠪᠢᠰᠢᠷᠡᠯ᠎ᠦᠨ ᠰᠢᠳᠦᠭᠡᠨ ᠪᠣᠯᠣᠭᠰᠠᠨ ᠤᠩᠭᠤᠨ ᠣᠪᠣᠭ᠎ᠠ

ᠢᠳᠡᠷ ᠪᠦᠷᠭᠦᠳ᠎ᠦᠨ ᠵᠢᠭᠦᠷ ᠬᠤᠷᠴᠠᠯᠠᠭᠰᠠᠨ ᠬᠠᠳᠠ ᠠᠰᠬ᠎ᠠ

ᠶᠡᠬᠡ ᠠᠶᠠᠨ᠎ᠤ ᠰᠢᠨᠳᠠᠰᠤ ᠰᠢᠯᠭᠠᠭᠰᠠᠨ ᠠᠭᠤᠯᠠ ᠳᠠᠪᠠᠭ᠎ᠠ

ᠶᠢᠰᠤᠨ ᠬᠦᠰᠡᠯ᠎ᠤᠨ ᠲᠦᠷᠦᠭᠡ ᠴᠢᠩᠭᠠᠯᠠᠭᠰᠠᠨ ᠲᠣᠪᠤ ᠲᠤᠯᠤᠭᠠᠳ

ᠢᠷᠮᠡᠭᠦᠨ ᠪᠣᠳᠣᠯ᠎ᠢ ᠤᠬᠢᠶᠠᠨ ᠤᠭᠠᠯᠵᠠᠯᠠᠭᠰᠠᠨ ᠭᠣᠣᠯ ᠭᠣᠷᠣᠬ᠎ᠠ

ᠡᠭᠦᠯᠡ ᠲᠠᠢ ᠵᠠᠯᠭᠠᠯᠳᠤᠭᠰᠠᠨ ᠠᠷᠭᠠᠯ᠎ᠦᠨ ᠤᠳᠤᠭ᠎ᠠ ᠰᠡᠳᠭᠢᠯ᠎ᠦᠨ ᠠᠷᠭᠠᠮᠵᠢᠶ᠎ᠠ

ᠦᠨᠡᠨ᠎ᠦ ᠲᠤᠤᠯᠢ ᠲᠠᠢ ᠦᠯᠢᠭᠡᠷ᠎ᠦᠨ ᠡᠪᠦᠭᠡᠳ ᠵᠢᠷᠦᠬᠡᠨ᠎ᠦ ᠰᠠᠬᠢᠶ᠎ᠡ

ᠦᠰᠬᠦ ᠬᠡᠤᠬᠡᠳ᠎ᠦᠨ ᠵᠤᠯᠠᠢ ᠬᠡᠷᠡᠯᠳᠤᠭ᠌ᠰᠡᠨ ᠠᠮᠤᠭᠤᠯᠠᠩ ᠰᠠᠭᠤᠴᠠ

ᠦᠶ᠎ᠡ ᠵᠠᠯᠭᠠᠵᠤ ᠤᠳᠤᠮ ᠳᠡᠯᠭᠡᠷᠡᠭᠰᠡᠨ ᠵᠢᠷᠭᠠᠯ ᠎ᠤᠨ ᠦᠯᠥᠭᠡᠢ

ᠠᠭᠯᠠᠭ ᠰᠢᠭᠤᠢ ᠨᠢ ᠠᠷᠢᠶᠠᠲᠠᠨ᠎ᠢᠶᠠᠨ ᠪᠥᠭᠡᠴᠡᠢᠯᠡᠭᠰᠡᠨ ᠡᠪ᠎ᠦᠨ ᠣᠷᠴᠢᠨ

ᠠᠯᠠᠭ ᠮᠠᠩᠬ᠎ᠠ ᠨᠢ ᠡᠷᠳᠡᠨᠢ᠎ᠪᠠᠨ ᠨᠢᠭᠤᠭᠰᠠᠨ ᠪᠢᠳᠡᠭᠦᠦ ᠬᠥᠮᠣᠷᠭᠡ

ᠠᠲᠤᠭᠤ ᠮᠠᠯ ᠨᠢ ᠥᠩᠭᠡᠰᠢᠭ ᠳᠠᠷᠭᠤᠨ ᠪᠠᠶᠠᠨ ᠬᠦᠷᠤᠩᠬᠡ

ᠠᠰᠢᠳᠡ ᠣᠷᠣᠰᠢᠵᠤ ᠮᠦᠩᠬᠡᠳᠡ ᠬᠢᠮᠠᠭᠠᠳᠠᠬᠤ ᠠᠮᠤᠭᠤᠯᠠᠩ ᠵᠠᠢᠴᠠ

ᠬᠡᠯᠡ ᠲᠠᠢ ᠮᠢᠩᠭᠠᠨ ᠰᠢᠪᠠᠭᠤᠳ ᠥᠪᠡᠷ᠎ᠦᠨ ᠤᠶᠠᠩᠭ᠎ᠠ ᠪᠠᠷ ᠭᠠᠩᠭᠠᠨᠠᠵᠤ

ᠬᠣᠷᠲᠤ ᠲᠠᠢ ᠲᠦᠮᠡᠨ ᠬᠦᠯᠥᠭ ᠨᠤᠳᠤᠭ᠎ᠤᠨ ᠵᠠᠢ ᠲᠠᠯᠠᠵᠤ

ᠢᠷᠦᠭᠡᠯ ᠡᠷᠭᠦᠭᠰᠡᠨ ᠰᠠᠷᠵᠢᠮ᠎ᠢᠶᠠᠷ ᠬᠠᠳᠠᠭ ᠲᠠᠢ ᠬᠡᠢᠴᠢᠨ ᠪᠠᠭᠤᠵᠤ

ᠢᠳᠡᠭᠡᠯ ᠡᠪᠦᠷᠯᠡᠭᠰᠡᠨ ᠴᠢᠷᠠᠢ ᠳᠡᠭᠡᠷ᠎ᠡ ᠨᠠᠮᠤᠷ᠎ᠦᠨ ᠦᠶᠦᠭ ᠲᠣᠲᠤᠷᠠᠭᠰᠠᠨ

ᠪᠠᠭᠤᠵᠤ ᠮᠣᠷᠳᠠᠬᠤ᠎ᠳᠤ ᠬᠠᠯᠠᠭᠤᠨ ᠦᠨᠣᠰᠤᠯᠲᠠ ᠲᠠᠢ ᠮᠢᠨᠤ ᠨᠤᠳᠤᠭ

ᠪᠤᠭᠤᠯᠠᠭ᠎ᠠ ᠵᠢᠳᠭᠦᠵᠦ ᠬᠦᠴᠤ᠎ᠪᠠᠨ ᠥᠭᠬᠦ ᠲᠠᠷᠬᠠᠨ ᠣᠷᠣᠨ

ᠪᠤᠭᠤᠷᠤᠯ ᠲᠠᠤᠬᠡ᠎ᠶᠢ ᠨᠢ ᠥᠪᠯᠡᠨ ᠰᠣᠶᠣᠬᠤ ᠬᠡᠬᠡᠨ ᠶᠢᠷᠳᠢᠨᠴᠦ

ᠪᠣᠳᠣᠯ᠎ᠢ ᠠᠷᠭᠠᠮᠵᠢᠵᠤ ᠬᠦᠰᠡᠯ ᠲᠡᠷᠭᠡᠯᠰᠢᠬᠦ ᠬᠠᠢᠷ᠎ᠠ᠎ᠶᠢᠨ ᠳᠡᠯᠡᠬᠡᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号