ᠬᠦᠯᠢᠶᠡᠯᠲᠡ
2026-08-19 10:52:55
ᠵᠣᠬᠢᠶᠠᠭ᠍ᠴᠢ᠄
ᠪᠤᠲᠤᠭᠤᠨᠪᠤᠢᠯᠠᠭᠠᠨ
ᠣᠩᠱᠢᠭ᠍ᠰᠠᠨ ᠣᠳᠠᠭ᠎ᠠ᠄
★★★☆☆

ᠬᠡᠨ ᠢ᠋ ᠰᠠᠨᠠᠭᠰᠠᠨ ᠰᠡᠳᠭᠢᠯ

ᠬᠡᠭᠡᠷ᠎ᠡ ᠵᠢᠨ ᠰᠠᠯᠬᠢ ᠰᠢᠭ᠋ ᠳᠡᠷᠪᠡᠨ᠎ᠡ ᠪᠤᠢ

ᠶᠠᠭᠠᠬᠢᠭ᠍ᠰᠠᠨ ᠬᠣᠯᠠ ᠶ᠋ᠢᠨ ᠠᠮᠠᠷᠠᠭ ᠪᠤᠢ

ᠰᠠᠯᠬᠢ ᠵᠢ ᠮᠣᠷᠢ ᠪᠣᠯᠲᠠᠯ᠎ᠠ ᠬᠦᠯᠢᠶᠡᠯ᠎ᠡ


ᠬᠡᠨ ᠲᠠᠢ ᠠᠭᠣᠯᠵᠠᠨ᠎ᠠ ᠭᠡᠵᠦ

ᠠᠩᠬᠠᠨ ᠤ᠋ ᠪᠣᠷᠣᠭᠠᠨ ᠰᠢᠭ᠋ ᠨᠠᠮᠢᠷᠠᠨ᠎ᠠ ᠪᠤᠢ

ᠶᠠᠭᠠᠬᠢᠭ᠍ᠰᠠᠨ ᠠᠯᠣᠰ ᠤ᠋ᠨ ᠰᠠᠳᠣᠨ ᠪᠤᠢ

ᠪᠣᠷᠣᠭᠠᠨ ᠢ᠋ ᠴᠡᠴᠡᠭ ᠪᠣᠯᠲᠠᠯ᠎ᠠ ᠬᠦᠯᠢᠶᠡᠯ᠎ᠡ


ᠬᠡᠨ ᠢ᠋ ᠮᠦᠷᠦᠭᠡᠳᠦᠨ᠎ᠡ ᠭᠡᠵᠦ

ᠲᠣᠩᠭᠠᠯᠠᠭ ᠭᠣᠣᠯ ᠰᠢᠭ᠋ ᠨᠢᠭᠡᠨ ᠵᠦᠭ ᠤᠷᠤᠰᠤᠨ᠎ᠠ ᠪᠤᠢ

ᠶᠠᠭᠠᠬᠢᠭ᠍ᠰᠠᠨ ᠬᠦᠭᠡᠷᠦᠬᠦᠢ ᠵᠢᠷᠦᠬᠡ ᠪᠤᠢ

ᠭᠣᠣᠯ ᠢ᠋ ᠳᠠᠭᠣᠣ ᠪᠣᠯᠲᠠᠯ᠎ᠠ ᠬᠦᠯᠢᠶᠡᠯ᠎ᠡ


ᠬᠡᠨ ᠢ᠋ ᠵᠡᠭᠦᠳᠦᠯᠡᠭᠰᠡᠨ ᠵᠡᠭᠦᠳᠦ

ᠬᠢᠵᠠᠭᠠᠷ ᠦᠭᠡᠢ ᠬᠣᠯᠠ ᠳ᠋ᠦ᠍ ᠬᠡᠰᠦᠨ᠎ᠡ ᠪᠤᠢ

ᠶᠠᠭᠠᠬᠢᠭ᠍ᠰᠠᠨ ᠬᠡᠴᠡᠭᠦᠦ ᠳᠡᠩᠰᠡᠯᠦᠯ ᠪᠤᠢ

ᠵᠡᠭᠦᠳᠦ ᠶ᠋ᠢ ᠵᠠᠬᠢᠳᠠᠯ ᠪᠣᠯᠲᠠᠯ᠎ᠠ ᠬᠦᠯᠢᠶᠡᠯ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号