ᠰᠦᠨᠢᠵᠢᠨ ᠪᠣᠷᠣᠭᠠ ᠰᠢᠪᠡᠷᠡᠨᠡ
ᠰᠢᠪ ᠰᠢᠨᠡᠬᠡᠨ ᠪᠣᠳᠣᠯᠤ᠋ᠤᠨ
ᠬᠠᠷᠭᠠᠨᠠ ᠶ᠋ᠢᠨ ᠴᠡᠴᠡᠭ ᠰᠢᠭ ᠪᠠᠭᠰᠢᠷᠠᠲᠠᠯᠠ ᠳᠡᠯᠭᠡᠷᠡᠨᠡ
ᠳᠠᠯᠠᠪᠴᠢ ᠪᠠᠨ ᠳᠡᠪᠢᠬᠦ᠌ ᠮᠦᠷᠦᠭᠡᠳᠦᠯᠤᠨ ᠮᠢᠨᠢ ᠡᠷᠪᠡᠬᠡᠢ ᠰᠢᠭ ᠨᠠᠮᠢᠶᠠᠲᠠᠶ᠋ᠢᠬᠠᠨ
ᠳᠠᠯᠳᠠ ᠡᠴᠡ ᠨᠢᠰᠬᠦ᠌ ᠬᠡᠷᠡᠯᠲᠦ᠍ ᠴᠤᠬᠤ ᠰᠢᠭ᠋ ᠰᠡᠷᠭᠦᠯᠡᠩᠬᠡᠨ
ᠪᠦᠷᠬᠦᠬᠦᠯᠤᠨ ᠴᠠᠭᠠᠨᠠ ᠨᠢᠭᠣᠭᠳᠠᠬᠣ ᠬᠡᠦᠬᠡᠳ ᠰᠢᠭ ᠡᠩᠬᠦᠷᠡᠶ᠋ᠢᠬᠡᠨ
ᠭᠡᠭᠡᠪᠴᠢ ᠪᠡᠷ ᠢᠰᠪᠡᠯᠵᠡᠬᠦ᠌ ᠲᠣᠩᠭᠠᠯᠠᠭ ᠰᠠᠷᠠᠨ ᠰᠢᠭ᠋ ᠲᠡᠷᠭᠡᠯᠬᠡᠨ
ᠪᠠᠰᠠ
ᠬᠠᠨᠠᠨ ᠳᠡᠭᠡᠷᠡ᠂ ᠱᠠᠯᠠ ᠳᠡᠭᠡᠷᠡ ᠭᠦᠶᠦᠬᠦ᠌
ᠬᠣᠷᠣᠬᠠᠢ ᠰᠢᠪᠠᠵᠢ ᠰᠢᠭ᠋ ᠲᠡᠶ᠋ᠢᠮᠦᠷᠬᠦᠦ ᠬᠦᠭᠡᠷᠦᠬᠦᠨ ᠪᠣᠳᠣᠯᠤ᠋ᠤᠨ ᠁
ᠬᠠᠷᠠᠩᠭᠣᠢ ᠳ᠋ᠦ᠍ ᠴᠡᠴᠡᠭᠡᠰᠤᠨ ᠲᠠᠯᠪᠢ ᠵᠠᠳᠠᠷᠠᠬᠤ ᠮᠡᠲᠦ᠍
ᠬᠠᠮᠣᠭ ᠬᠡᠷᠡᠯ ᠬᠡᠭᠡ ᠶᠠᠭ ᠲᠡᠨᠳᠡ ᠡᠴᠡ ᠡᠬᠢᠯᠡᠬᠦ᠌ ᠮᠡᠲᠦ᠍
ᠲᠣᠪ ᠲᠣᠩᠭᠠᠯᠠᠭ ᠪᠣᠳᠣᠯᠤ᠋ᠤᠨ
ᠬᠠᠷᠭᠠᠨᠠᠶᠢᠨ ᠴᠡᠴᠡᠭ ᠰᠢᠭ ᠢᠷᠠᠶ᠋ᠢᠰᠬᠢᠨ ᠮᠢᠰᠢᠶᠡᠨᠠ
ᠬᠦᠢᠰ ᠬᠦᠢᠰ ᠴᠡᠴᠡᠭᠡᠰ ᠰᠢᠭ ᠦᠩᠭᠡ ᠪᠦᠷᠢ ᠶ᠋ᠢᠨ
ᠬᠦᠭᠡᠷᠦᠬᠦᠨ ᠬᠦᠭᠡᠷᠦᠬᠦᠨ ᠪᠣᠳᠣᠯᠤ᠋ᠤᠨ ᠶ᠋ᠢᠡᠨ ᠡᠪᠬᠡᠵᠦ᠍
ᠬᠦᠷᠮᠡ ᠲᠠᠢ ᠪᠠᠨ ᠴᠣᠭ ᠬᠤᠷᠭᠤᠨ ᠳ᠋ᠠᠭᠠᠨ ᠬᠢᠨᠡ
ᠡᠪᠡᠰᠦ᠂ ᠮᠤᠳᠤ᠂ ᠭᠣᠣᠯ᠂ ᠣᠰᠣ
ᠬᠡᠭᠡᠷᠡ ᠲᠠᠯᠠ᠂ ᠠᠭᠣᠯᠠ᠂ ᠲᠣᠯᠣᠭᠠᠳ ᠁
ᠪᠣᠳᠣᠯᠤᠨ ᠮᠢᠨᠢ ᠦᠩᠭᠡ ᠪᠡᠷ ᠮᠢᠷᠠᠯᠵᠠᠭᠠᠳ ᠢᠷᠡᠬᠦ᠌ ᠳ᠋ᠦ᠍
ᠪᠢ ᠪᠠᠰᠠ ᠯᠠ ᠬᠠᠪᠣᠷ ᠲᠠᠢ ᠪᠠᠨ ᠬᠠᠮᠲᠣ ᠳᠡᠯᠭᠡᠷᠡᠵᠦ᠍ ᠡᠬᠢᠯᠡᠨᠡ
ᠰᠦᠨᠢᠵᠢᠨ ᠪᠣᠷᠣᠭᠠ ᠱᠠᠭᠢᠨᠠ
ᠬᠡᠨᠤ ᠬᠤᠷᠤᠭᠤᠳ ᠶᠣᠮ ᠪᠣᠯ ᠡ᠂ ᠰᠦᠨᠢᠵᠢᠨ ᠬᠦᠭᠵᠢᠮᠳᠡᠭᠡᠳ
ᠲᠡᠷᠡ ᠲᠣᠳᠣ ᠢᠷᠠᠭᠣᠬᠠᠨ ᠠᠶᠠᠯᠭᠤ ᠨᠢ
ᠠᠮᠢᠲᠠᠨ ᠭᠤᠤᠯᠳᠠᠨ᠂ ᠪᠦᠬᠦ᠌ ᠶᠠᠭᠣᠮᠠ ᠶ᠋ᠢ ᠠᠶᠠᠲᠠᠶ᠋ᠢᠬᠠᠨ ᠪᠦᠪᠡᠶ᠋ᠢᠯᠡᠨᠡ
ᠵᠡᠭᠦᠳᠦ ᠵᠢ ᠮᠢᠨᠢ ᠬᠦᠷᠲᠡᠯᠡ ᠬᠥᠭᠯᠡᠭᠡᠳ ᠪᠠᠰᠠ
ᠵᠦᠪ ᠵᠦᠭᠡᠯᠡᠨ ᠠᠯᠠᠭᠠ ᠪᠡᠷ ᠶ᠋ᠢᠡᠨ
ᠬᠣᠯᠠ ᠶᠠᠪᠣᠭᠰᠠᠨ ᠡᠮᠸ ᠮᠢᠨᠢ ᠰᠢᠭ
ᠬᠡᠵᠢᠭᠡ ᠵᠢ ᠢᠯᠪᠢᠨ ᠢᠯᠪᠢᠨ ᠦᠬᠦᠭᠡᠷᠳᠡᠬᠦ᠌ ᠳ᠋ᠦ᠍
ᠵᠢᠷᠭᠠᠯ ᠴᠡᠩᠬᠡᠯ ᠳ᠋ᠤ ᠲᠠᠰᠢᠭᠣᠷᠠᠬᠣ
ᠵᠢᠭᠠᠯ ᠬᠡᠦᠬᠡᠳ ᠰᠢᠭ ᠠᠮᠲᠠᠲᠣ ᠨᠣᠶ᠋ᠢᠷ ᠲᠠᠭᠠᠨ ᠲᠤᠭᠵᠢᠷᠠᠨᠠ
ᠬᠠᠷᠭᠠᠨᠠ ᠶ᠋ᠢᠨ ᠴᠡᠴᠡᠭ ᠰᠢᠭ ᠳᠡᠯᠭᠡᠷᠡᠭᠰᠡᠨ
ᠬᠤᠨᠳᠠᠨ ᠶᠠᠭᠠᠨ ᠪᠣᠳᠣᠯᠤ᠋ᠤᠨ ᠶ᠋ᠢᠡᠨ ᠲᠢᠭᠯᠡᠵᠦ᠍
ᠬᠠᠭᠤᠳᠠᠰᠤ ᠬᠠᠭᠤᠳᠠᠰᠤ ᠪᠡᠷ ᠣᠷᠪᠠᠭᠣᠯᠵᠣ ᠤᠩᠰᠢᠬᠤ ᠳ᠋ᠦ᠍
ᠬᠠᠷᠠᠴᠠᠨ ᠡᠴᠠ ᠮᠢᠨᠢ ᠬᠠᠪᠣᠷ ᠣᠯᠠᠮ ᠲᠣᠷᠭᠠᠮᠰᠣᠭ ᠠᠰᠠᠨᠠ