ᠦᠷᠬᠡᠨ ᠤᠷᠴᠢᠯᠠᠩ ᠤ᠋ᠨ ᠬᠦᠨᠵᠡᠬᠡᠢ ᠶ᠋ᠢ ᠭᠠᠢᠬᠠᠭᠤᠯᠵᠤ ᠪᠤᠷᠤᠭᠠ ᠤᠷᠤᠭᠠᠰᠠᠢ
ᠦᠬᠡ ᠬᠦᠷᠲᠡᠯᠡ ᠬᠦᠭᠵᠢᠮ ᠲᠠᠢ ᠪᠠᠢᠲᠠᠭ ᠢ᠋ ᠮᠡᠲᠡᠷᠡᠬᠦᠯᠵᠤ ᠪᠤᠷᠤᠭᠠ ᠤᠷᠤᠭᠠᠰᠠᠢ
ᠦᠨᠢ ᠬᠤᠯᠠ ᠵᠢᠨ ᠮᠦᠷᠦᠬᠡᠳᠦᠯ ᠮᠢᠨᠢ ᠭᠱᠠᠨ ᠪᠦᠷᠢ ᠪᠡᠶᠡᠯᠡᠵᠤ ᠪᠤᠷᠤᠭᠠ ᠤᠷᠤᠭᠠᠰᠠᠢ
ᠦᠨᠲᠦᠷ ᠬᠦᠬᠡ ᠲᠡᠭᠷᠢ ᠵᠢᠨ ᠡᠵᠡᠳ ᠬᠦᠬᠢᠨ ᠪᠦᠵᠢᠲᠡᠯᠡ ᠪᠤᠷᠤᠭᠠ ᠤᠷᠤᠭᠠᠰᠠᠢ
ᠤᠨᠠᠭᠠᠨ ᠪᠠᠭᠠ ᠨᠠᠰᠤᠨ ᠤ᠋ ᠤᠰᠤᠨ ᠪᠤᠷᠤᠭᠠ ᠶ᠋ᠢ ᠰᠠᠨᠠᠭᠠᠨ ᠳ᠋ᠤ᠌ ᠤᠷᠤᠭᠤᠯᠵᠤ ᠤᠷᠤᠭᠠᠰᠠᠢ
ᠤᠰᠤᠨ ᠵᠢᠷᠤᠭᠠ ᠬᠦᠯᠦᠭ ᠤ᠋ᠨ ᠡᠷᠲᠡᠨᠢᠲᠦ ᠲᠦᠷᠪᠡᠨ ᠲᠤᠭᠤᠷᠠᠢ ᠶ᠋ᠢ ᠬᠢᠯᠠᠰᠣᠭᠤᠯᠵᠤ ᠤᠷᠤᠭᠠᠰᠠᠢ
ᠤᠲᠤᠷ ᠤ᠋ᠨ ᠠᠢᠯ ᠬᠦᠨᠲᠡᠢ ᠲᠦᠬᠦᠷᠡᠩ ᠨᠡᠬᠦᠬᠡᠯᠲᠤᠨ ᠢᠷᠡᠲᠡᠯᠡ ᠤᠷᠤᠭᠠᠰᠠᠢ
ᠤᠷᠵᠢᠨᠤᠨ ᠵᠢᠯ ᠤ᠋ᠨ ᠰᠢᠭ᠋ ᠰᠠᠭᠠᠯᠢ ᠰᠦ ᠪᠢᠯᠬᠠᠷᠠᠲᠠᠯᠠ ᠤᠷᠤᠭᠠᠰᠠᠢ
ᠬᠠᠯᠢᠭᠤᠨ ᠲᠠᠯᠠ ᠵᠢᠨ ᠪᠤᠭᠤ ᠰᠤᠭᠤ ᠠᠮᠢᠯᠠᠨ ᠢᠷᠡᠲᠡᠯᠡ ᠪᠤᠷᠤᠭᠠ ᠤᠷᠤᠭᠠᠰᠠᠢ
ᠬᠤᠯᠠ ᠵᠢᠨ ᠰᠠᠭᠠᠬᠠᠯᠲᠠ ᠮᠢᠨᠢ ᠬᠡᠷ ᠤ᠋ᠨ ᠲᠡᠷᠭᠡᠲᠡ ᠢᠷᠡᠵᠦ ᠪᠠᠭᠤᠳᠠᠯᠠ ᠪᠤᠷᠤᠭᠠ ᠤᠷᠤᠭᠠᠰᠠᠢ
ᠬᠠᠷᠢᠶᠠᠴᠠᠢ ᠵᠢᠨ ᠬᠦᠬᠡ ᠰᠢᠯᠢ ᠮᠢᠨᠢ ᠴᠡᠯᠡᠯᠵᠡᠨ ᠲᠤᠨᠠᠢᠲᠠᠯᠠ ᠪᠤᠷᠤᠭᠠ ᠤᠷᠤᠭᠠᠰᠠᠢ
ᠬᠠᠨᠢ ᠵᠢᠨ ᠮᠢᠨᠢ ᠬᠠᠲᠠᠭᠤ ᠦᠬᠡ ᠰᠡᠳᠬᠢᠯ ᠢ᠋ ᠵᠦᠬᠡᠯᠡᠯᠡᠨ ᠤᠶᠠᠰᠬᠠᠲᠠᠯᠠ ᠪᠤᠷᠤᠭᠠ ᠤᠷᠤᠭᠠᠰᠠᠢ
ᠠᠰᠤᠷᠢ ᠲᠡᠭᠷᠢ ᠵᠢᠨ ᠮᠦᠩᠬᠦᠨ ᠬᠤᠷᠠ ᠨᠤᠲᠤᠭ ᠪᠤᠯᠭᠠᠨ ᠳ᠋ᠤ᠌ ᠰᠠᠨᠠᠭᠠ ᠪᠡᠷ ᠤᠷᠤᠭᠠᠰᠠᠢ
ᠠᠯᠮᠠᠰ ᠡᠷᠲᠡᠨᠢ ᠵᠢᠨ ᠬᠡᠰᠢᠭ ᠰᠤᠶᠤᠷᠬᠠᠵᠤ ᠠᠯᠠᠭ ᠦᠭᠡᠢ ᠭᠤᠨᠲᠠᠭᠤᠨ ᠤᠷᠤᠭᠠᠰᠠᠢ
ᠠᠭᠠᠲᠠᠷ ᠤ᠋ᠨ ᠰᠢᠷᠤᠬᠦᠨ ᠢ᠋ ᠠᠮᠰᠠᠵᠤ ᠵᠤᠨ ᠤᠯᠠᠨ ᠮᠢᠨᠢ ᠪᠠᠶᠠᠷᠯᠠᠭᠠᠰᠠᠢ
ᠠᠰᠬᠠᠷᠠᠭᠰᠠᠨ ᠭᠤᠸᠠ ᠲᠤᠤᠯᠢᠶᠠᠨ ᠢ᠋ ᠨᠢ ᠴᠢᠩᠨᠡᠵᠤ ᠡᠵᠢ ᠮᠢᠨᠢ ᠬᠡᠨᠡᠳᠲᠡ ᠢᠷᠡᠬᠦ ᠪᠤᠯᠤᠭᠠᠰᠠᠢ