ᠨᠠᠷᠢᠨ ᠭᠤᠣᠯ
2026-08-19 11:02:31
ᠵᠣᠬᠢᠶᠠᠭ᠍ᠴᠢ᠄
ᠢ᠊·ᠨᠣᠮᠢᠨᠭᠣᠪᠢ
ᠣᠩᠱᠢᠭ᠍ᠰᠠᠨ ᠣᠳᠠᠭ᠎ᠠ᠄
★★★☆☆

ᠨᠠᠷᠢᠨ ᠭᠤᠣᠯ ᠨᠠᠷᠠᠨ᠎ᠤ ᠲᠤᠣᠷ᠎ᠠ

ᠨᠠᠷᠢᠬᠠᠨ ᠮᠦᠩᠭᠦᠨ ᠤᠳᠠᠰᠤ ᠪᠢᠯᠡ

ᠨᠠᠶᠠᠨ ᠨᠢᠭᠡᠨ ᠨᠤᠭᠤᠯᠤᠭ᠎ᠠ ᠨᠢ

ᠨᠠᠷᠠᠳᠤ ᠶ᠋ᠢᠨ ᠴᠤᠯᠬᠢᠨ ᠲᠠᠭᠤᠣ ᠪᠢᠯᠡ

ᠤᠨ ᠵᠢᠯ ᠢ᠋ ᠰᠦᠪᠡᠯᠡᠨ ᠰᠦᠪᠡᠯᠡᠭᠰᠡᠭᠡᠷ

ᠡᠭᠦᠳᠡᠨ ᠡᠮᠦᠨᠡᠭᠦᠷ ᠵᠢᠷᠢᠯᠵᠡᠨ ᠤᠷᠤᠰᠤᠨᠠᠮ

ᠨᠠᠷᠢᠨ ᠭᠤᠣᠯ᠎ᠤᠨ ᠪᠤᠷᠭᠠᠰᠤ ᠨᠢ

ᠨᠠᠭᠠᠰᠢ ᠪᠠᠨ ᠴᠠᠭᠠᠰᠢ ᠪᠠᠨ ᠨᠠᠢᠭᠤᠨ᠎ᠠ

ᠪᠤᠷᠭᠠᠰᠤᠨ᠎ᠤ ᠬᠢᠨᠢ ᠨᠢᠭᠡᠨ ᠪᠤᠯᠵᠤᠮᠤᠷ ᠳᠠ ᠪᠢ

ᠪᠤᠳᠤᠯ ᠢ᠋ᠶ᠋ᠠᠨ ᠲᠡᠯᠭᠡᠵᠦ ᠵᠢᠷᠭᠢᠮᠡᠷ ᠪᠤᠯᠬᠤ ᠶᠤᠮ

ᠠᠭᠠᠬᠢᠮ᠎ᠠ ᠨᠠᠷᠠ ᠲᠠᠢ ᠠᠶᠠᠭᠠᠨ ᠲᠤᠭᠤᠷᠢᠮ ᠳ᠋ᠥ

ᠡᠳᠦᠷᠵᠢᠨ ᠱᠤᠩᠪᠠᠭᠰᠠᠨ ᠴᠢᠯᠳᠡᠩ ᠨᠠᠰᠤ ᠮᠢᠨᠢ

ᠡᠷᠭᠢᠴᠡᠭᠦᠯᠦᠯ ᠱᠦᠭᠦᠵᠦ ᠴᠢᠨᠦᠬᠢ ᠪᠠᠨ ᠡᠷᠭᠢ ᠳ᠋ᠥ

ᠨᠠᠮᠤᠷ᠎ᠤᠨ ᠦᠳᠡᠰᠢ ᠰᠦᠨᠢᠵᠢᠨ ᠰᠠᠭᠤᠮᠠᠷ

ᠨᠠᠷᠢᠨ ᠭᠤᠣᠯ ᠰᠠᠷᠠᠨ᠎ᠤ ᠲᠤᠣᠷ᠎ᠠ

ᠰᠠᠯᠠᠭᠠᠯᠠᠵᠤ ᠤᠷᠤᠰᠳᠠᠭ ᠰᠤᠳᠠᠰᠤ ᠪᠢᠯᠡ

ᠰᠦᠨᠢ ᠶ᠋ᠢᠨ ᠶᠤᠩᠬᠤᠷ ᠢ᠋ ᠴᠢᠪᠬᠠᠳᠠᠭᠰᠠᠨ

ᠰᠠᠷᠠᠨ ᠲᠠᠬᠢᠨᠢ ᠶ᠋ᠢᠨ ᠶᠠᠳᠤᠭ᠎ᠠ ᠪᠢᠯᠡ

ᠨᠠᠢ᠍ᠮᠠᠨ ᠵᠦᠭ᠎ᠤᠨ ᠠᠮᠢᠳᠠᠨ᠎ᠤ ᠲᠠᠪᠠᠭ

ᠨᠡᠷ᠎ᠡ ᠪᠠᠨ ᠦᠯᠡᠳᠡᠭᠡᠭᠰᠡᠨ ᠤᠷᠤᠮ ᠲᠠᠢ

ᠤᠯᠤᠮ ᠢ᠋ᠶ᠋ᠠᠷ ᠰᠢᠷᠭᠤᠭᠰᠠᠨ ᠲᠠᠷᠢᠶᠠᠨ ᠵᠠᠮ

ᠭᠤᠪᠢ ᠦᠭᠡᠳᠡ ᠰᠤᠨᠵᠢᠭᠤ

ᠭᠤᠪᠢ ᠡᠴᠡ ᠨᠠᠭᠠᠰᠢᠯᠠᠬᠤ ᠰᠦᠷᠦᠭ᠎ᠤᠨ ᠴᠤᠪᠤᠭ᠎ᠠ

ᠭᠤᠣᠯ ᠤᠷᠤᠭᠤ ᠤᠨᠵᠢᠭᠤ

ᠤᠰᠤᠨ᠎ᠤ ᠬᠦᠪᠡᠭᠡᠨ ᠳ᠋ᠥ ᠨᠢᠭᠤᠷ ᠢ᠋ᠶ᠋ᠠᠨ ᠱᠠᠪᠰᠢᠬᠤ ᠳ᠋ᠥ

ᠡᠯᠢᠭᠡᠨ ᠬᠠᠢᠷ᠎ᠠ ᠤᠨᠳᠤᠷᠳᠠᠭ

ᠤᠯᠠᠷᠢᠯ᠎ᠤᠨ ᠰᠠᠯᠬᠢ ᠤᠷᠤᠰᠬᠠᠯ ᠢ᠋ ᠨᠢ ᠢᠯᠪᠢᠬᠦ ᠳ᠋ᠥ

ᠠᠭᠤᠯᠠᠨ ᠭᠤᠷᠤᠬ᠎ᠠ ᠪᠠᠨ ᠲᠠᠯᠠᠢ ᠳ᠋ᠥ ᠵᠠᠯᠠᠭᠰᠠᠨ ᠶᠤᠮ

ᠠᠨᠠᠪᠠᠳ ᠲᠠᠯᠠᠢ ᠲᠡᠭᠡᠬᠦ ᠳ᠋ᠡᠬᠡᠨ

ᠨᠡᠯᠦᠭᠡᠷ᠎ᠤᠨ ᠨᠡᠯᠦᠭᠡᠷ ᠢ᠋ ᠬᠠᠷᠠᠭᠤᠯᠤᠭᠰᠠᠨ

ᠲᠠᠩᠭᠢᠰ ᠭᠡᠳᠦᠯᠦᠭᠰᠡᠨ ᠴᠦ᠍ ᠴᠢᠮ᠎ᠠ ᠪᠠᠨ ᠪᠢ ᠰᠠᠨᠠᠳᠠᠭ

ᠲᠢᠪ ᠠᠯᠤᠰᠯᠠᠭᠰᠠᠨ ᠴᠦ᠍ ᠴᠢᠮ᠎ᠠ ᠪᠠᠨ ᠪᠢ ᠡᠷᠢᠳᠡᠭ ᠡ

ᠨᠠᠷᠢᠨ ᠭᠤᠣᠯ ᠰᠡᠳᠭᠢᠯ᠎ᠤᠨ ᠦᠨᠳᠦᠷ ᠲᠣ᠌

ᠵᠦᠪ ᠭᠠᠷ ᠡᠴᠡ ᠬᠦᠳᠦᠯᠳᠡᠭ ᠡᠵᠢ ᠮᠢᠨᠢ ᠪᠠᠢᠨᠠᠮ

ᠨᠤᠳᠤᠭ ᠡᠵᠢ ᠬᠤᠶᠠᠷ ᠪᠠᠶᠠᠷ ᠭᠤᠨᠢᠭ᠋ ᠢ᠋ ᠬᠦᠪᠦᠷᠢᠳᠴᠤ

ᠵᠦᠳᠡᠭᠦᠷᠢ ᠲᠡᠭᠡᠭᠡᠭᠰᠡᠨ ᠠᠮᠢᠳᠤᠷᠠᠯ ᠳ᠋ᠥ 

ᠠᠶᠠᠨ᠎ᠤ ᠵᠢᠯᠤᠭᠤ ᠡᠷᠴᠢᠮᠯᠡᠭᠰᠡᠨ

ᠵᠢᠷᠤᠭ ᠲᠠᠢᠯᠪᠤᠷᠢ ᠳ᠋ᠥ ᠨᠡᠷ᠎ᠡ ᠦᠭᠡᠢ ᠴᠢ ᠮᠢᠨᠢ

ᠵᠢᠷᠦᠬᠡ ᠰᠡᠳᠭᠢᠯ ᠳ᠋ᠥ ᠰᠡᠢᠯᠦᠭᠡᠰᠦᠳᠡᠢ ᠴᠢ ᠮᠢᠨᠢ

ᠨᠠᠮᠵᠢᠭᠤᠨ ᠰᠤᠳᠠᠯ ᠰᠢᠭ᠋ ᠤᠷᠤᠰᠬᠠᠯ ᠴᠢᠨᠢ

ᠨᠠᠷᠢᠰᠤᠭᠰᠠᠭᠠᠷ ᠠᠪᠠᠴᠤ ᠲᠠᠰᠤᠷᠠᠰᠢ ᠦᠭᠡᠢ

ᠨᠠᠢ᠍ᠮᠠᠨ ᠵᠠᠭᠤᠨ᠎ᠤ ᠲᠡᠷᠳᠡᠭᠡ ᠡᠴᠡ ᠰᠢᠨᠳᠠᠰᠤ ᠰᠤᠷᠢᠭ᠍ᠰᠠᠨ

ᠲᠡᠦᠭᠡ ᠶ᠋ᠢᠨ ᠭᠤᠣᠯ ᠮᠢᠨᠢ

ᠨᠠᠷᠠᠯᠢᠭ ᠪᠤᠷᠤᠯᠠᠭ ᠡᠳᠦᠷ᠎ᠤ᠋ᠤᠨ ᠢ᠋ ᠡᠯᠢᠭᠡᠨ ᠳ᠋ᠡᠬᠡᠨ ᠰᠢᠩᠭᠡᠭᠡᠭᠰᠡᠨ

ᠠᠮᠢᠨ ᠭᠤᠣᠯ ᠮᠢᠨᠢ

ᠨᠠᠷᠢᠨ ᠭᠤᠣᠯ

ᠮᠦᠷᠡᠨ ᠲᠠᠩᠭᠢᠰ᠎ᠤᠨ ᠨᠢᠭᠡᠨ ᠰᠠᠯᠠᠭ᠎ᠠ

ᠮᠢᠨᠦ ᠨᠤᠳᠤᠭ᠎ᠤᠨ ᠵᠢᠷ᠎ᠤᠨ ᠭᠤᠣᠯ ᠡ !

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号