ᠬᠢᠲᠠᠨ ᠯᠢᠶᠤᠤ᠎ᠶ᠋ᠢᠨ ᠭᠠᠢᠬᠠᠮᠱᠢᠭ — ᠶᠧᠯᠢᠦᠢ ᠢᠦᠢ ᡁᠢ᠎ᠶ᠋ᠢᠨ ᠤᠡᠭ᠌ᠭᠤᠨ
2020-12-16 11:59:07
ᠵᠣᠬᠢᠶᠠᠭ᠍ᠴᠢ᠄
ᠱᠢᠶᠠᠩ ᠲᠤᠤ
ᠣᠩᠱᠢᠭ᠍ᠰᠠᠨ ᠣᠳᠠᠭ᠎ᠠ᠄
★★★☆☆

ᠨᠠᠢᠷᠠᠭᠤᠯᠤᠬ᠍ᠴᠢ᠎ᠶ᠋ᠢᠨ ᠦᠬᠡ᠄ ᠮᠠᠨ᠎ᠤ ᠤᠷᠤᠨ ᠬᠠᠭᠤᠴᠢ ᠰᠤᠲᠤᠯᠤᠯ᠎ᠤᠨ ᠠᠵᠢᠯ᠎ᠢ ᠬᠦᠨᠲᠦᠳᠭᠡᠨ ᠴᠢᠬᠤᠯᠠᠴᠢᠯᠠᠭ᠍ᠰᠠᠭᠠᠷ ᠢᠷᠡᠭ᠌ᠰᠡᠨ ᠶᠤᠮ᠃ ᠨᠡᠩ ᠴᠦ᠍ ᠮᠠᠨ᠎ᠤ ᠤᠷᠤᠨ᠎ᠤ ᠬᠠᠭᠤᠴᠢ ᠰᠤᠲᠤᠯᠤᠯ᠎ᠤᠨ ᠲᠠᠯ᠎ᠠ᠎ᠪᠠᠷ᠎ᠬᠢ ᠠᠮᠵᠢᠯᠲᠠ ᠪᠦᠲᠦᠮᠵᠢ᠎ᠶ᠋ᠢ ᠬᠦᠢᠴᠡᠳ ᠢᠯᠡᠷᠡᠬᠦᠯᠦᠭ᠌ᠰᠡᠨ 10 ᠶᠡᠭᠡ ᠢᠯᠡᠷᠡᠬᠦᠯᠦᠯᠳᠡ᠎ᠨᠢ ᠪᠦᠬᠦ᠌ ᠤᠯᠤᠰ᠎ᠤᠨ ᠴᠢᠬᠤᠯᠠ ᠶᠡᠭᠡ ᠬᠠᠭᠤᠴᠢ ᠰᠤᠲᠤᠯᠤᠯ᠎ᠤᠨ ᠢᠯᠡᠷᠡᠬᠦᠯᠦᠯᠳᠡ᠂ ᠪᠦᠬᠦ᠌ ᠤᠯᠤᠰ᠎ᠤᠨ ᠬᠠᠭᠤᠴᠢ ᠰᠤᠲᠤᠯᠤᠯ᠎ᠤᠨ ᠱᠢᠨ᠎ᠡ ᠢᠯᠡᠷᠡᠬᠦᠯᠦᠯᠳᠡ᠎ᠪᠠᠷ ᠤᠷᠢᠳ ᠬᠤᠵᠢᠳ ᠦᠨᠡᠯᠡᠭ᠌ᠳᠡᠵᠦ᠍ ᠦᠩᠭᠡᠷᠡᠭ᠌ᠰᠡᠨ ᠪᠠᠢᠨ᠎ᠠ᠃

ᠡᠳᠡᠭᠡᠷ ᠢᠯᠡᠷᠡᠬᠦᠯᠦᠯᠳᠡ᠎ᠨᠢ ᠮᠠᠨ᠎ᠤ ᠤᠷᠤᠨ᠎ᠤ ᠦᠨᠲᠦᠰᠦᠳᠡᠨ᠎ᠨᠦᠭᠦᠳ᠎ᠤᠨ ᠲᠡᠦᠭᠡ᠎ᠶ᠋ᠢ ᠰᠤᠲᠤᠯᠬᠤ᠂ ᠤᠮᠠᠷᠠᠲᠦ ᠤᠷᠤᠨ ᠪᠠ ᠲᠤᠮᠲᠠᠳᠤ ᠤᠷᠤᠨ᠎ᠤ ᠬᠠᠷᠢᠴᠠᠭ᠎ᠠ᠎ᠶ᠋ᠢ ᠰᠤᠲᠤᠯᠬᠤ᠂ ᠦᠨᠲᠦᠰᠦᠳᠡᠨ᠎ᠨᠦᠭᠦᠳ᠎ᠤᠨ ᠬᠤᠭᠤᠷᠤᠨᠲᠦᠬᠢ ᠬᠠᠷᠢᠯᠴᠠᠭ᠎ᠠ᠂ ᠰᠤᠯᠢᠯᠴᠠᠭ᠎ᠠ᠂ ᠠᠭᠤᠰᠤᠯᠴᠠᠯ᠎ᠢ ᠰᠤᠲᠤᠯᠬᠤ ᠵᠢᠴᠢ ᠮᠠᠨ᠎ᠤ ᠤᠯᠤᠰ᠎ᠤᠨ ᠡᠷᠳᠡᠨ᠎ᠤ ᠦᠨᠲᠦᠰᠦᠳᠡᠨ᠎ᠨᠦᠭᠦᠳ ᠪᠠ ᠲᠡᠯᠡᠭᠡᠢ᠎ᠶ᠋ᠢᠨ ᠡᠯ᠎ᠡ ᠤᠯᠤᠰ᠎ᠤᠨ ᠦᠨᠲᠦᠰᠦᠳᠡᠨ᠎ᠨᠦᠭᠦᠳ᠎ᠤᠨ ᠬᠤᠭᠤᠷᠤᠨᠳᠤᠬᠢ ᠤᠯᠠᠮᠵᠢᠯᠠᠯᠲᠦ ᠨᠦᠬᠦᠷᠯᠡᠯ᠎ᠢ ᠰᠤᠲᠤᠯᠬᠤ᠎ᠳᠤ ᠪᠦᠷ ᠴᠢᠬᠤᠯᠠ ᠪᠤᠲᠠᠲᠦ ᠮᠠᠲ᠋ᠧᠷᠢᠶᠠᠯ ᠭᠡᠷᠡᠴᠢ ᠪᠠᠷᠢᠮᠲᠠ ᠪᠤᠯᠤᠬ᠍ᠰᠠᠨ ᠶᠤᠮ᠃

ᠦᠨᠦᠲᠦᠷ᠎ᠠᠴᠠ ᠡᠬᠢᠯᠡᠨ 《ᠰᠤᠶᠤᠯ ᠤᠷᠠᠯᠢᠭ》 ᠲᠤᠰᠭᠠᠢ ᠬᠡᠪᠯᠡᠯ ᠮᠠᠨ᠎ᠤ ᠤᠷᠤᠨ᠎ᠤ ᠬᠠᠭᠤᠴᠢ ᠰᠤᠲᠤᠯᠤᠯ᠎ᠤᠨ ᠴᠢᠬᠤᠯᠠ ᠶᠡᠭᠡ ᠢᠯᠡᠷᠡᠬᠦᠯᠦᠯᠳᠡ᠎ᠶ᠋ᠢ ᠲᠠᠨᠢᠯᠴᠠᠭᠤᠯᠵᠦ᠍᠂ ᠤᠡᠭ᠌ᠰᠢᠬ᠍ᠴᠢᠳ᠎ᠲᠠᠢ᠎ᠪᠠᠨ ᠬᠠᠮᠲᠦ᠎ᠪᠠᠷ ᠤᠮᠠᠷᠠᠲᠦ᠎ᠶ᠋ᠢᠨ ᠦᠨᠲᠦᠷᠯᠢᠭ᠎ᠤᠨ ᠡᠷᠳᠡᠨ᠎ᠤ ᠪᠤᠯᠪᠠᠰᠤᠨ᠎ᠤ ᠲᠡᠦᠭᠡᠨ ᠬᠦᠭ᠌ᠵᠢᠯᠳᠡ᠎ᠶ᠋ᠢᠨ ᠤᠯᠠ ᠮᠦᠷ᠎ᠢ ᠬᠠᠢᠬᠤ ᠪᠤᠯᠤᠨ᠎ᠠ᠃


QQ截图20201216110014.jpg


ᠶᠧᠯᠢᠦᠢ ᠢᠦᠢ ᡁᠢ᠎ᠶ᠋ᠢᠨ ᠤᠡᠭ᠌ᠭᠤᠨ ᠪᠤᠯ 1992 ᠤᠨ᠎ᠤ ᠪᠦᠬᠦ᠌ ᠤᠯᠤᠰ᠎ᠤᠨ ᠠᠷᠪᠠᠨ ᠶᠡᠭᠡ ᠬᠠᠭᠤᠴᠢ ᠰᠤᠲᠤᠯᠤᠯ᠎ᠤᠨ ᠱᠢᠨ᠎ᠡ ᠢᠯᠡᠷᠡᠬᠦᠯᠦᠯᠳᠡ᠎ᠶ᠋ᠢᠨ ᠨᠢᠬᠡ ᠪᠤᠯᠤᠨ᠎ᠠ᠃ ᠲᠤᠰ ᠤᠡᠭ᠌ᠭᠤᠨ᠎ᠨᠢ ᠤᠯᠠᠭᠠᠨᠬᠠᠲᠠ ᠬᠤᠲᠠ᠎ᠶ᠋ᠢᠨ ᠠᠷᠤ ᠬᠤᠷᠴᠢᠨ ᠬᠤᠱᠢᠭᠤᠨ᠎ᠤ ᠬᠠᠨᠰᠦ᠋ᠮ᠎ᠡ ᠰᠤᠮᠤᠨ᠎ᠤ ᠭᠤᠷᠪᠠᠨᠬᠤᠱᠢᠭᠤ ᠭᠠᠴᠠᠭ᠎ᠠ᠎ᠶ᠋ᠢᠨ ᠴᠤᠭ᠍ᠲᠤ ᠠᠭᠤᠯᠠᠨ᠎ᠳᠤ ᠪᠠᠢᠷᠢᠯᠠᠲᠠᠭ᠃ 1992 ᠤᠨ ᠪᠠ 1993 ᠤᠨ᠎ᠳᠤ᠂ ᠦᠪᠡᠷᠳᠡᠭᠡᠨ ᠵᠠᠰᠠᠬᠤ ᠤᠷᠤᠨ᠎ᠤ ᠲᠡᠦᠭᠡᠨ ᠲᠤᠷᠠᠰᠭᠠᠯᠲᠦ ᠵᠦᠢᠯ ᠬᠠᠭᠤᠴᠢ ᠰᠤᠲᠤᠯᠤᠯ᠎ᠤᠨ ᠰᠤᠲᠤᠯᠭᠠᠨ᠎ᠤ ᠭᠠᠵᠠᠷ᠂ ᠤᠯᠠᠭᠠᠨᠬᠠᠲᠠ ᠬᠤᠲᠠ᠎ᠶ᠋ᠢᠨ ᠮᠦᠽᠸᠢ᠂ ᠠᠷᠤ ᠬᠤᠷᠴᠢᠨ ᠬᠤᠱᠢᠭᠤᠨ᠎ᠤ ᠲᠡᠦᠭᠡᠨ ᠲᠤᠷᠠᠰᠭᠠᠯᠲᠦ ᠵᠦᠢᠯᠡᠰ᠎ᠤᠨ ᠬᠠᠮᠢᠶᠠᠷᠤᠯᠲᠠ᠎ᠶ᠋ᠢᠨ ᠭᠠᠵᠠᠷ ᠬᠠᠮᠲᠤᠷᠠᠨ ᠲᠤᠰ ᠤᠡᠭ᠌ᠭᠤᠨ᠎ᠳᠤ ᠬᠠᠭᠤᠴᠢ ᠰᠤᠲᠤᠯᠤᠯ᠎ᠤᠨ ᠠᠭᠤᠲᠠᠯᠤᠯᠲᠠ ᠬᠢᠭ᠌ᠰᠡᠨ ᠪᠠᠢᠨ᠎ᠠ᠃

ᠲᠤᠰ ᠤᠡᠭ᠌ᠭᠤᠨ᠎ᠤ ᠰᠦᠷᠦᠭ᠌ᠵᠢᠯ᠎ᠨᠢ ᠪᠠᠷᠤᠭ 8 ᠲᠦᠮᠡᠨ ᠲᠡᠭ᠌ᠰᠢ ᠲᠦᠷᠪᠡᠯᠵᠢᠨ ᠮᠧᠲᠷ ᠲᠠᠯᠠᠪᠠᠢ᠎ᠲᠠᠢ ᠪᠠᠢᠵᠦ᠍᠂ ᠨᠡᠢᠳᠡ 20 ᠭᠠᠷᠤᠢ ᠤᠡᠭ᠌ᠭᠤᠨ ᠲᠠᠷᠬᠠᠨ ᠪᠠᠢᠷᠢᠱᠢᠵᠠᠢ᠃ ᠲᠤᠰ ᠤᠡᠭ᠌ᠭᠤᠨ᠎ᠳᠤ ᠬᠠᠭᠤᠴᠢ ᠰᠤᠲᠤᠯᠤᠯ᠎ᠤᠨ ᠠᠭᠤᠲᠠᠯᠤᠯᠲᠠ ᠬᠢᠵᠦ᠍᠂ ᠢᠯᠡᠷᠡᠬᠦᠯᠦᠭ᠌ᠰᠡᠨ ᠲᠡᠦᠭᠡᠨ ᠲᠤᠷᠠᠰᠭᠠᠯᠲᠦ ᠵᠦᠢᠯ᠎ᠤᠳ᠎ᠢ᠎ᠨᠢ ᠰᠤᠲᠤᠯᠤᠨ ᠮᠠᠭᠠᠳᠯᠠᠬᠤ᠎ᠪᠠᠷ ᠲᠠᠮᠵᠢᠵᠦ᠍᠂ ᠬᠢᠲᠠᠨ ᠯᠢᠶᠤᠤ᠎ᠶ᠋ᠢᠨ ᠲᠡᠦᠭᠡ᠂ ᠴᠠᠭᠠᠱᠢᠯᠠᠪᠠᠯ ᠡᠷᠳᠡᠨ᠎ᠤ ᠤᠮᠠᠷᠠᠲᠦ᠎ᠶ᠋ᠢᠨ ᠦᠨᠲᠦᠰᠦᠳᠡᠨ᠎ᠤ ᠲᠡᠦᠭᠡᠨ ᠲᠡᠭᠡᠷ᠎ᠡ ᠤᠮᠲᠤᠭᠠᠢᠯᠠᠵᠦ᠍ ᠪᠤᠯᠤᠰᠢ ᠦᠬᠡᠢ ᠴᠢᠬᠤᠯᠠ ᠨᠢᠬᠡᠨ ᠲᠡᠦᠭᠡᠨ ᠬᠦᠮᠦᠨ ᠶᠧᠯᠢᠦᠢ ᠢᠦᠢ ᡁᠢ᠎ᠶ᠋ᠢᠨ ᠡᠴᠢᠨ᠎ᠡ ᠨᠢᠭᠤᠴᠠᠭᠠᠢ ᠲᠦᠷᠢ ᠠᠭᠠᠵᠢᠮ᠎ᠢᠶᠠᠷ ᠲᠤᠲᠤᠷᠠᠵᠦ᠍ ᠢᠷᠡᠯ᠎ᠡ ᠁


QQ截图20201216110037.jpg


ᠶᠧᠯᠢᠦᠢ ᠢᠦᠢ ᡁᠢ ᠭᠡᠭ᠌ᠴᠢ ᠬᠡᠨ ᠪᠤᠢ

ᠶᠧᠯᠢᠦᠢ ᠢᠦᠢ ᡁᠢ ᠪᠤᠯ ᠬᠢᠲᠠᠨ ᠬᠠᠭᠠᠨ᠎ᠤ ᠤᠬ᠍ᠰᠠᠭ᠎ᠠ᠎ᠶ᠋ᠢᠨ ᠬᠡᠱᠢᠬᠦᠨ᠂ ᠶᠡᠭᠡ ᠲᠦᠱᠢᠮᠡᠯ᠂ ᠯᠢᠶᠤᠤ ᠲᠠᠢᠽᠦ᠍ ᠶᠧᠯᠢᠦᠢ ᠠᠪᠤᠤᠵᠢ᠎ᠶ᠋ᠢᠨ ᠦᠶᠡᠯᠢᠳ ᠲᠡᠬᠦᠦ ᠪᠤᠯᠤᠨ᠎ᠠ᠃ ᠶᠧᠯᠢᠦᠢ ᠢᠦᠢ ᡁᠢ ᠦᠶᠡᠯᠢᠳ ᠠᠬ᠎ᠠ ᠶᠧᠯᠢᠦᠢ ᠠᠪᠤᠤᠵᠢ᠎ᠪᠠᠨ ᠲᠠᠭᠠᠵᠦ᠍ ᠲᠠᠯ᠎ᠠ ᠨᠤᠲᠤᠭ ᠲᠡᠭᠡᠷ᠎ᠡ ᠡᠷᠡᠯᠭᠡᠭ᠌ᠯᠡᠨ ᠪᠠᠢᠯᠲᠤᠵᠦ᠍᠂ ᠬᠢᠲᠠᠨ ᠤᠯᠤᠰ ᠪᠦᠸᠧᠬᠠᠢ ᠤᠯᠤᠰ᠎ᠢ ᠡᠷᠭᠡᠱᠢᠶᠡᠭ᠌ᠰᠡᠨ᠎ᠤ ᠲᠠᠷᠠᠭ᠎ᠠ ᠳ᠋ᠦᠩ ᠳ᠋ᠠᠨ ᠤᠯᠤᠰ᠎ᠢ ᠪᠠᠢᠭᠤᠯᠵᠦ᠍᠂ ᠶᠧᠯᠢᠦᠢ ᠢᠦᠢ ᡁᠢ ᠳ᠋ᠦᠩ ᠳ᠋ᠠᠨ ᠤᠯᠤᠰ᠎ᠤᠨ ᠵᠦᠩ᠎ᠲᠠᠢ ᠮᠤᠵᠢ᠎ᠶ᠋ᠢᠨ ᠪᠠᠷᠠᠭᠤᠨ ᠭᠠᠷ᠎ᠤᠨ ᠲᠡᠳ᠋ ᠴᠸᠡᠭ᠌ᠰᠢᠶᠠᠩ᠎ᠤᠨ ᠲᠤᠱᠢᠶᠠᠯ᠎ᠢ ᠡᠬᠦᠷᠭᠡᠯᠡᠵᠡᠢ᠃ ᠳ᠋ᠦᠩ ᠳ᠋ᠠᠨ ᠤᠯᠤᠰ᠎ᠤᠨ ᠤᠯᠤᠰ᠎ᠤᠨ ᠸᠠᠩ ᠶᠧᠯᠢᠦᠢ ᠪᠸᠢ ᠬᠠᠭᠠᠨ ᠰᠠᠭᠤᠷᠢᠨ᠎ᠢ ᠪᠤᠯᠢᠶᠠᠯᠲᠤᠵᠦ᠍ ᠲᠡᠢᠯᠦᠭ᠌ᠳᠡᠭᠡᠳ ᠠᠷᠭ᠎ᠠ ᠦᠬᠡᠢ ᠶᠠᠪᠤᠭ᠍ᠰᠠᠨ᠎ᠠᠴᠠ ᠬᠤᠢᠰᠢ ᠶᠧᠯᠢᠦᠢ ᠢᠦᠢ ᡁᠢ ᠭᠡᠷᠡᠭ ᠲᠡᠭᠡᠷ᠎ᠡ᠎ᠪᠠᠨ ᠳ᠋ᠦᠩ ᠳ᠋ᠠᠨ ᠤᠯᠤᠰ᠎ᠤᠨ ᠨᠤᠶᠠᠷᠬᠠᠬ᠍ᠴᠢ ᠪᠤᠯᠤᠬ᠍ᠰᠠᠨ ᠪᠢᠯᠡ᠃ ᠵᠠᠰᠠᠭ ᠪᠠᠷᠢᠵᠦ᠍ ᠪᠠᠢᠬ᠍ᠰᠠᠨ ᠬᠤᠭᠤᠴᠠᠭᠠᠨ᠎ᠳᠠᠭᠠᠨ ᠶᠧᠯᠢᠦᠢ ᠢᠦᠢ ᡁᠢ ᠤᠯᠤᠰ ᠲᠦᠷᠦ᠎ᠶ᠋ᠢᠨ ᠭᠠᠷᠮᠠᠭᠠᠢ ᠴᠢᠲᠠᠪᠦᠷᠢ᠎ᠪᠠᠷ᠎ᠢᠶᠠᠨ ᠳ᠋ᠦᠩ ᠳ᠋ᠠᠨ ᠤᠯᠤᠰ᠎ᠤᠨ ᠲᠦᠷᠦ᠍ ᠪᠠᠢᠲᠠᠯ᠎ᠢ ᠲᠦᠪᠱᠢᠳᠭᠡᠵᠦ᠍᠂ ᠤᠷᠢᠳ ᠬᠤᠵᠢᠳ ᠵᠡᠬᠦᠨ ᠭᠠᠷ᠎ᠤᠨ ᠴᠸᠡᠭ᠌ᠰᠢᠶᠠᠩ᠂ ᠲᠠᠢ ᠸᠧᠢ᠂ ᠲᠠᠢ ᠹᠦ᠋ ᠵᠡᠷᠭᠡ ᠲᠤᠱᠢᠶᠠᠯ᠎ᠳᠤ ᠪᠠᠢᠵᠦ᠍ ᠦᠡᠭ᠌ᠭᠡᠷᠡᠵᠡᠢ᠃


QQ截图20201216110047.jpg


ᠯᠢᠶᠤᠤ ᠤᠯᠤᠰ᠎ᠤᠨ ᠾᠦᠢ ᠲᠦᠩ᠎ᠤᠨ ᠲᠦᠷᠪᠡᠲᠦᠭᠡᠷ ᠤᠨ᠂ ᠲᠠᠷᠤᠢ 941 ᠤᠨ᠎ᠳᠤ᠂ ᠯᠢᠶᠤᠤ ᠤᠯᠤᠰ᠎ᠤᠨ ᠬᠠᠭᠠᠨ᠎ᠤ ᠤᠷᠲᠤᠨ᠎ᠳᠤ ᠭᠡᠷᠭᠡᠮ ᠡᠷᠬᠦᠮᠵᠢᠯᠡᠬᠦ᠌ ᠶᠤᠰᠤᠯᠠᠯ ᠬᠢᠬᠦ᠌᠎ᠳᠤ᠂ ᠶᠧᠯᠢᠦᠢ ᠢᠦᠢ ᡁᠢ ᠨᠡᠢᠰᠯᠡᠯ᠎ᠳᠤ ᠤᠷᠤᠵᠦ᠍ ᠬᠠᠭᠠᠨ᠎ᠲᠠᠢ ᠵᠤᠯᠭᠠᠬᠤ ᠵᠠᠪᠱᠢᠶᠠᠨ᠎ᠢᠶᠠᠷ ᠳ᠋ᠦᠩ ᠳ᠋ᠠᠨ ᠤᠯᠤᠰ᠎ᠤᠨ ᠵᠡᠬᠦᠨ ᠭᠠᠷ᠎ᠤᠨ ᠲᠡᠳ᠋ ᠴᠧᠡᠭ᠌ᠰᠢᠶᠠᠩ ᠪᠦᠸᠧᠬᠠᠢ ᠶᠧᠯᠢᠦᠢ ᠰᠦ᠋ᠶ᠋ᠢᠨ ᠱᠠᠮᠱᠢᠵᠦ᠍ ᠬᠠᠦᠯᠢ᠎ᠠᠴᠠ ᠵᠦᠷᠢᠴᠡᠭ᠌ᠰᠡᠨ ᠭᠡᠷᠡᠭ᠎ᠢ ᠮᠡᠳᠡᠬᠦᠯᠬᠦ᠌᠎ᠪᠠᠷ ᠪᠠᠵᠠᠭᠠᠵᠦ᠍ ᠪᠠᠢᠵᠠᠢ᠃ ᠬᠡᠪᠡᠴᠦ᠍ ᠬᠠᠭᠠᠨ᠎ᠤ ᠤᠷᠲᠤᠨ᠎ᠠᠴᠠ ᠲᠤᠰ ᠭᠡᠷᠡᠭ᠎ᠢ ᠡᠬᠢᠯᠡᠵᠦ᠍ ᠪᠠᠢᠴᠠᠭᠠᠬᠤ᠎ᠠᠴᠠ ᠡᠮᠦᠨ᠎ᠡ ᠶᠧᠯᠢᠦᠢ ᠢᠦᠢ ᡁᠢ 8 ᠰᠠᠷ᠎ᠠ᠎ᠶ᠋ᠢᠨ 11 ᠎ᠤ ᠡᠲᠦᠷ 52 ᠨᠠᠰᠤᠲᠠᠢ᠎ᠳᠠᠭᠠᠨ ᠨᠠᠰᠦ ᠪᠠᠷᠠᠬ᠍ᠰᠠᠨ ᠶᠤᠮ᠃ ᠯᠢᠶᠤᠤ ᠤᠯᠤᠰ᠎ᠤᠨ ᠾᠦᠢ ᠲᠦᠩ᠎ᠤᠨ ᠲᠠᠪᠤᠲᠤᠭᠠᠷ ᠤᠨ᠂ ᠲᠠᠷᠤᠢ 942 ᠤᠨ᠎ᠤ 3 ᠰᠠᠷ᠎ᠠ᠎ᠶ᠋ᠢᠨ 6 ᠎ᠤ ᠡᠲᠦᠷ᠂ ᠶᠧᠯᠢᠦᠢ ᠢᠦᠢ ᡁᠢ᠎ᠶ᠋ᠢ ᠤᠲᠤ᠎ᠶ᠋ᠢᠨ ᠤᠯᠠᠭᠠᠨᠬᠠᠲᠠ ᠬᠤᠲᠠ᠎ᠶ᠋ᠢᠨ ᠠᠷᠤ ᠬᠤᠷᠴᠢᠨ ᠬᠤᠱᠢᠭᠤᠨ᠎ᠤ ᠬᠠᠨᠰᠦ᠋ᠮ᠎ᠠ ᠰᠤᠮᠤᠨ᠎ᠤ ᠭᠤᠷᠪᠠᠨᠬᠤᠱᠢᠭᠤ ᠭᠠᠴᠠᠭᠠᠨ᠎ᠤ ᠴᠤᠭ᠍ᠲᠤ ᠠᠭᠤᠯᠠ᠎ᠶ᠋ᠢᠨ ᠡᠮᠦᠨ᠎ᠡ ᠬᠤᠷᠮᠤᠢ᠎ᠳᠤ ᠤᠷᠤᠱᠢᠭᠤᠯᠤᠬ᠍ᠰᠠᠨ ᠪᠠᠢᠨ᠎ᠠ᠃

ᠤᠡᠭ᠌ᠭᠤᠨ᠎ᠠᠴᠠ ᠶᠠᠭᠤ ᠢᠯᠡᠷᠡᠬᠦᠯᠦᠭ᠌ᠰᠡᠨ ᠪᠤᠢ

1992 ᠤᠨ᠎ᠳᠤ ᠬᠠᠭᠤᠴᠢ ᠰᠤᠲᠤᠯᠤᠭᠠᠴᠢᠳ ᠴᠤᠭ᠍ᠲᠤ ᠠᠭᠤᠯᠠᠨ᠎ᠠᠴᠠ ᠶᠧᠯᠢᠦᠢ ᠢᠦᠢ ᡁᠢ᠎ᠶ᠋ᠢᠨ ᠤᠡᠭ᠌ᠭᠤᠨ᠎ᠢ ᠢᠯᠡᠷᠡᠬᠦᠯᠬᠦ᠌᠎ᠶ᠋ᠢᠨ ᠬᠠᠮᠲᠦ᠍᠂ ᠯᠢᠶᠤᠤ ᠤᠯᠤᠰ᠎ᠤᠨ ᠤᠯᠤᠰ ᠲᠦᠷᠦ᠍ ᠠᠵᠦ᠍ ᠠᠬᠤᠢ᠂ ᠰᠤᠶᠤᠯ ᠤᠷᠠᠯᠢᠭ ᠵᠡᠷᠭᠡ ᠲᠠᠯ᠎ᠠ᠎ᠪᠠᠷ᠎ᠬᠢ ᠴᠢᠬᠤᠯᠠ ᠠᠮᠵᠢᠯᠲᠠ᠎ᠶ᠋ᠢ ᠲᠡᠯᠡᠭᠡᠢ ᠳ᠋ᠠᠬᠢᠨ᠎ᠠ ᠲᠡᠯᠭᠡᠨ ᠬᠠᠷᠠᠭᠤᠯᠤᠬ᠍ᠰᠠᠨ ᠶᠤᠮ᠃

ᠶᠧᠯᠢᠦᠢ ᠢᠦᠢ ᡁᠢ᠎ᠶ᠋ᠢᠨ ᠤᠡᠭ᠌ᠭᠤᠨ ᠲᠤᠭᠤᠰᠭ᠎ᠠ ᠴᠢᠯᠠᠭᠤ᠎ᠶ᠋ᠢᠨ ᠪᠦᠲᠦᠴᠡ᠎ᠲᠠᠢ᠃ ᠱᠠᠲᠦ ᠬᠡᠯᠪᠡᠷᠢ᠎ᠲᠠᠢ ᠵᠠᠮ᠎ᠢᠶᠠᠷ ᠲᠤᠲᠤᠭ᠍ᠰᠢᠯᠠᠪᠠᠯ ᠲᠡᠭᠡᠬᠦᠷ᠎ᠢᠶᠠᠨ ᠱᠢᠬᠠᠭᠤ᠂ ᠲᠤᠤᠭᠤᠷ᠎ᠢᠶᠠᠨ ᠠᠭᠤᠵᠢᠭᠤ ᠪᠦᠲᠦᠴᠡ᠎ᠲᠠᠢ ᠤᠡᠭ᠌ᠭᠤᠨ᠎ᠳᠤ ᠤᠷᠤᠨ᠎ᠠ᠃ ᠦᠷᠦᠵᠦ᠍ ᠱᠦᠷᠬᠦᠬᠡᠭ᠌ᠰᠡᠨ ᠲᠤᠮᠤ ᠴᠢᠯᠠᠭᠤ᠎ᠪᠠᠷ ᠤᠡᠭ᠌ᠭᠤᠨ᠎ᠤ ᠬᠠᠭᠠᠯᠭ᠎ᠠ ᠪᠤᠯᠭᠠᠵᠦ᠍᠂ ᠬᠠᠭᠠᠯᠭᠠᠨ ᠲᠡᠭᠡᠷ᠎ᠡ ᠱ᠌ᠢᠷᠤᠨ ᠤᠯᠠᠭᠠᠨ ᠦᠡᠭ᠌ᠭᠡ᠎ᠪᠠᠷ ᠲᠡᠪᠢᠰᠭᠡᠷ ᠦᠡᠭ᠌ᠭᠡ ᠪᠤᠯᠭᠠᠵᠦ᠍᠂ ᠮᠠᠨᠲᠠᠷᠸ᠎ᠠ ᠴᠡᠴᠡᠭ᠂ ᠭᠠᠷᠤᠳᠢ ᠱᠢᠪᠠᠭᠤ᠂ ᠱᠢᠷ᠎ᠠ ᠴᠡᠴᠡᠭ ᠵᠡᠷᠭᠡ᠎ᠶ᠋ᠢ ᠵᠢᠷᠤᠭ᠍ᠰᠠᠨ ᠪᠠᠢᠨ᠎ᠠ᠃


QQ截图20201216110103.jpg


ᠤᠡᠭ᠌ᠭᠤᠨ᠎ᠤ ᠬᠤᠨᠭ᠌ᠬᠢᠯ ᠪᠠ ᠴᠢᠬᠢᠨ ᠭᠡᠷ᠎ᠢ ᠮᠦᠨ ᠴᠢᠯᠠᠭᠤᠨ ᠬᠠᠪᠲᠠᠰᠦ᠎ᠪᠠᠷ ᠪᠦᠲᠦᠭᠡᠭ᠌ᠰᠡᠨ ᠪᠠᠢᠲᠠᠭ᠃ ᠠᠳᠡ ᠦᠨᠡᠨ᠎ᠳᠡᠭᠡᠨ ᠴᠠᠭᠠᠨ ᠴᠤᠬᠤᠢ᠎ᠪᠠᠷ ᠴᠤᠬᠤᠢ᠍ᠢᠲᠠᠵᠦ᠍᠂ ᠲᠡᠭᠡᠷ᠎ᠡ᠎ᠨᠢ ᠨᠠᠷᠢᠯᠢᠭ ᠭᠤᠶᠤ ᠬᠠᠨ᠎ᠠ᠎ᠶ᠋ᠢᠨ ᠵᠢᠷᠤᠭ ᠵᠢᠷᠤᠭᠠᠰᠤᠲᠠᠢ ᠪᠠᠢᠬ᠍ᠰᠠᠨ ᠶᠤᠮ᠃ ᠬᠡᠪᠡᠴᠦ᠍ ᠤᠨ ᠵᠢᠯ ᠦᠡᠭ᠌ᠭᠡᠷᠡᠬᠦ᠌᠎ᠶ᠋ᠢ ᠲᠠᠭᠠᠯᠲᠤᠨ ᠬᠠᠨ᠎ᠠ᠎ᠶ᠋ᠢᠨ ᠵᠢᠷᠤᠭ᠎ᠨᠢ ᠪᠠᠯᠠᠷᠠᠨ ᠠᠷᠢᠯᠵᠦ᠍᠂ ᠵᠦᠪᠭᠡᠨ ᠤᠡᠭ᠌ᠭᠤᠨ᠎ᠤ ᠤᠷᠤᠢ᠎ᠶ᠋ᠢᠨ ᠭᠡᠰᠡᠭ᠎ᠲᠠᠬᠢ ᠲᠤᠭᠤᠷᠤᠤ᠎ᠶ᠋ᠢᠨ ᠵᠢᠷᠤᠭ᠎ᠨᠢ ᠵᠤᠯ᠎ᠢᠶᠠᠷ ᠦᠯᠡᠳᠡᠵᠡᠢ᠃ ᠤᠡᠭ᠌ᠭᠤᠨ᠎ᠤ ᠬᠤᠨᠭ᠌ᠬᠢᠯ᠎ᠳᠤ᠂ ᠶᠧᠯᠢᠦᠢ ᠢᠦᠢ ᡁᠢ᠎ᠶ᠋ᠢᠨ ᠨᠢᠬᠡ ᠨᠠᠰᠦᠨ᠎ᠤ ᠦᠢᠯᠡ ᠶᠠᠪᠤᠲᠠᠯ᠎ᠢ ᠲᠡᠮᠳᠡᠭ᠌ᠯᠡᠭ᠌ᠰᠡᠨ ᠬᠦᠱᠢᠶᠡᠨ ᠪᠢᠴᠢᠭᠡᠰᠦ᠎ᠶ᠋ᠢ ᠲᠠᠯᠪᠢᠵᠦ᠍᠂ ᠬᠦᠱᠢᠶᠡᠨ ᠪᠢᠴᠢᠭᠡᠰᠦ᠎ᠶ᠋ᠢᠨ ᠬᠤᠶᠠᠷ ᠲᠠᠯ᠎ᠠ᠎ᠳᠤᠨᠢ ᠵᠡᠬᠦᠨ ᠪᠠᠷᠠᠭᠤᠨ ᠬᠤᠶᠠᠷ ᠴᠢᠬᠢᠨ ᠭᠡᠷ ᠪᠠᠢᠷᠢᠯᠠᠵᠠᠢ᠃

ᠤᠡᠭ᠌ᠭᠤᠨ᠎ᠤ ᠭᠤᠤᠯ ᠭᠡᠷ ᠲᠦᠷᠪᠡᠯᠵᠢᠨ ᠬᠡᠯᠪᠡᠷᠢ᠎ᠲᠠᠢ᠂ ᠲᠤᠭᠤᠷᠢᠭ ᠤᠷᠤᠢ᠎ᠲᠠᠢ᠂ ᠲᠦᠷᠪᠡᠨ ᠬᠠᠨ᠎ᠠ ᠪᠠ ᠤᠡᠭ᠌ᠭᠤᠨ᠎ᠤ ᠤᠷᠤᠢ ᠵᠢᠴᠢ ᠠᠪᠰᠠ ᠲᠠᠯᠪᠢᠬᠤ ᠬᠤᠶᠠᠷ ᠤᠷᠤ᠎ᠶ᠋ᠢ ᠪᠦᠷ ᠨᠤᠭᠤᠭᠠᠨ ᠦᠡᠭ᠌ᠭᠡ᠎ᠲᠠᠢ ᠱᠢᠯ ᠲᠤᠭᠤᠰᠭ᠎ᠠ᠎ᠪᠠᠷ ᠵᠡᠷᠭᠡᠯᠡᠵᠦ᠍ ᠪᠦᠲᠦᠭᠡᠭ᠌ᠰᠡᠨ ᠪᠠᠢᠲᠠᠭ᠃ ᠬᠠᠭᠤᠴᠢ ᠰᠤᠲᠤᠯᠤᠯ᠎ᠤᠨ ᠲᠤᠰᠭᠠᠢ ᠮᠡᠷᠭᠡᠵᠢᠯᠳᠡᠳ᠎ᠤᠨ ᠵᠠᠲᠠᠯᠤᠬ᠍ᠰᠠᠨ᠎ᠢᠶᠠᠷ ᠲᠤᠰ ᠤᠡᠭ᠌ᠭᠤᠨ᠎ᠤ ᠭᠤᠤᠯ ᠭᠡᠷ᠎ᠤᠨ ᠬᠤᠢᠲᠦ ᠬᠠᠨ᠎ᠠ᠎ᠶ᠋ᠢᠨ ᠲᠤᠤᠷᠠᠬᠢ ᠠᠪᠰᠠ᠎ᠨᠢ ᠶᠧᠯᠢᠦᠢ ᠢᠦᠢ ᡁᠢ᠎ᠶ᠋ᠢᠨ ᠪᠠᠢᠵᠦ᠍᠂ ᠵᠡᠬᠦᠨ ᠬᠠᠨ᠎ᠠ᠎ᠶ᠋ᠢᠨ ᠲᠤᠤᠷᠠᠬᠢ ᠠᠪᠰᠠ᠎ᠨᠢ ᠲᠡᠬᠦᠨ᠎ᠤ ᠬᠠᠲᠤᠨ᠎ᠤ ᠬᠢᠨᠢ ᠪᠤᠯᠤᠨ᠎ᠠ᠃ ᠤᠡᠭ᠌ᠭᠤᠨ᠎ᠤ ᠵᠡᠬᠦᠨ ᠴᠢᠬᠢᠨ ᠭᠡᠷ᠎ᠲᠤᠨᠢ ᠡᠯ᠎ᠡ ᠵᠦᠢᠯ᠎ᠤᠨ ᠱᠠᠭᠠᠵᠠᠩ ᠸᠠᠭᠠᠷ᠎ᠤᠨ ᠰᠠᠪᠠ ᠭᠡᠷᠡᠭ᠌ᠰᠡᠯ᠎ᠢ ᠰᠠᠲᠠᠭᠠᠯᠠᠨ ᠤᠷᠤᠱᠢᠭᠤᠯᠵᠦ᠍᠂ ᠪᠠᠷᠠᠭᠤᠨ ᠴᠢᠬᠢᠨ ᠭᠡᠷ᠎ᠲᠤᠨᠢ ᠲᠡᠷᠭᠡ ᠮᠤᠷᠢᠨ᠎ᠤ ᠪᠠᠭᠠᠵᠢ ᠭᠡᠷᠡᠭ᠌ᠰᠡᠯ᠎ᠢ ᠰᠠᠲᠠᠭᠠᠯᠠᠨ ᠤᠷᠤᠱᠢᠭᠤᠯᠵᠠᠢ᠃

ᠲᠤᠰ ᠤᠡᠭ᠌ᠭᠤᠨ᠎ᠠᠴᠠ ᠠᠯᠲᠠ ᠮᠦᠡᠭ᠌ᠬᠦᠨ ᠵᠠᠰᠠᠯ᠂ ᠱᠠᠭᠠᠵᠠᠩ ᠰᠠᠪᠠ᠂ ᠲᠤᠷᠭ᠎ᠠ ᠲᠤᠷᠲᠤᠩ᠂ ᠬᠦᠷᠡᠯ ᠵᠡᠪᠰᠡᠭ᠂ ᠲᠡᠮᠦᠷ ᠵᠡᠪᠰᠡᠭ᠂ ᠮᠤᠲᠤᠨ ᠭᠡᠷᠡᠭ᠌ᠰᠡᠯ ᠪᠠ ᠬᠠᠰ᠂ ᠮᠠᠨᠤ᠂ ᠪᠤᠯᠤᠷ᠂ ᠬᠤᠪᠠ᠎ᠶ᠋ᠢᠨ ᠵᠠᠰᠠᠯ ᠵᠢᠮᠰᠡᠭ ᠵᠡᠷᠭᠡ᠎ᠶ᠋ᠢ ᠢᠯᠡᠷᠡᠬᠦᠯᠦᠭ᠌ᠰᠡᠨ ᠪᠠᠢᠨ᠎ᠠ᠃ ᠡᠳᠡᠭᠡᠷ ᠲᠡᠦᠬᠡᠨ ᠲᠤᠷᠠᠰᠭᠠᠯᠲᠦ ᠵᠦᠢᠯᠡᠰ᠎ᠨᠢ ᠨᠠᠷᠢᠯᠢᠭ ᠭᠤᠶᠤ ᠬᠢᠴᠡ ᠤᠷᠠᠯᠠᠯ᠎ᠢᠶᠠᠷ᠎ᠢᠶᠠᠨ ᠬᠠᠭᠤᠴᠢ ᠰᠤᠲᠤᠯᠤᠭᠠᠴᠢᠳ᠎ᠤᠨ ᠠᠩᠬᠠᠷᠤᠯ᠎ᠢ ᠲᠠᠲᠠᠭ᠍ᠰᠠᠨ ᠶᠤᠮ᠂ ᠢᠯᠠᠩᠭᠤᠶ᠎ᠠ ᠠᠯᠲᠠ᠎ᠪᠠᠷ ᠬᠦᠪᠡᠭᠡᠯᠡᠭ᠌ᠰᠡᠨ ᠮᠦᠡᠭ᠌ᠬᠦᠨ ᠪᠤᠲᠤᠩ᠂ ᠴᠠᠭᠠᠨ ᠱᠠᠭᠠᠵᠠᠩ᠎ᠤᠨ ᠯᠤᠩᠬᠤ ᠵᠡᠷᠭᠡ᠎ᠨᠢ ᠬᠠᠮᠤᠭ᠎ᠠᠴᠠ ᠠᠯᠲᠠᠷᠲᠠᠢ᠂ ᠬᠠᠮᠤᠭ᠎ᠠᠴᠠ ᠦᠨ᠎ᠡ ᠴᠡᠨ᠎ᠡ᠎ᠲᠠᠢ ᠪᠠᠢᠲᠠᠭ᠃


QQ截图20201216110117.jpg


ᠶᠠᠮᠠᠷ ᠰᠤᠲᠤᠯᠭᠠᠨ᠎ᠤ ᠦᠨ᠎ᠡ ᠦᠷᠳᠡᠭ᠎ᠲᠠᠢ ᠪᠤᠢ

ᠨᠠᠷᠢᠯᠢᠭ ᠵᠤᠬᠢᠮᠵᠢᠲᠠᠢ ᠪᠦᠲᠦᠴᠡ ᠪᠠ ᠨᠠᠷᠢᠯᠢᠭ ᠭᠤᠶᠤ ᠵᠠᠰᠠᠯ ᠴᠢᠮᠡᠭ᠌ᠯᠡᠯ᠎ᠨᠢ ᠲᠤᠰ ᠤᠡᠭ᠌ᠭᠤᠨ᠎ᠢ ᠶᠠᠭ ᠯᠡ ᠭᠠᠵᠠᠷ ᠲᠤᠤᠷᠠᠬᠢ ᠤᠷᠲᠤ ᠬᠠᠷᠰᠢ ᠮᠡᠲᠦ ᠪᠤᠯᠭᠠᠵᠠᠢ᠃ ᠨᠡᠩ ᠴᠦ᠍ ᠤᠡᠭ᠌ᠭᠤᠨ᠎ᠤ ᠬᠠᠨ᠎ᠠ ᠪᠠ ᠤᠷᠤᠢ᠎ᠶ᠋ᠢ ᠱᠢᠯ ᠲᠤᠭᠤᠰᠭ᠎ᠠ᠎ᠪᠠᠷ ᠴᠢᠮᠡᠭ᠌ᠯᠡᠭ᠌ᠰᠡᠨ᠎ᠨᠢ ᠶᠧᠯᠢᠦᠢ ᠢᠦᠢ ᡁᠢ᠎ᠶ᠋ᠢᠨ ᠤᠡᠭ᠌ᠭᠤᠨ᠎ᠢ ᠤᠷᠢᠲᠦ ᠢᠯᠡᠷᠡᠬᠦᠯᠦᠭ᠌ᠰᠡᠨ ᠯᠢᠶᠤᠤ ᠤᠯᠤᠰ᠎ᠤᠨ ᠤᠡᠭ᠌ᠭᠤᠨ᠎ᠳᠤ ᠭᠠᠷᠤᠭ᠎ᠠ ᠦᠬᠡᠢ ᠡᠷᠬᠢᠮᠰᠦᠭ ᠭᠤᠸ᠎ᠠ ᠪᠤᠯᠭᠠᠭ᠍ᠰᠠᠨ ᠶᠤᠮ᠃

ᠶᠧᠯᠢᠦᠢ ᠢᠦᠢ ᡁᠢ᠎ᠶ᠋ᠢᠨ ᠤᠡᠭ᠌ᠭᠤᠨ᠎ᠤ ᠠᠯᠲᠠᠨ ᠡᠳ᠋ᠯᠡᠯ ᠭᠡᠷᠡᠭ᠌ᠰᠡᠯ᠎ᠢ ᠰᠠᠪᠠ ᠭᠡᠷᠡᠭ᠌ᠰᠡᠯ ᠪᠠ ᠵᠠᠰᠠᠯ ᠵᠢᠮᠰᠡᠭ ᠭᠡᠵᠦ᠍ ᠬᠤᠶᠠᠷ ᠠᠩᠬᠢᠯᠠᠵᠦ᠍ ᠪᠤᠯᠲᠠᠭ᠃ ᠮᠦᠡᠭ᠌ᠬᠦᠨ ᠡᠳ᠋ᠯᠡᠯ᠎ᠢ ᠤᠷᠠᠯᠠᠯ ᠬᠢᠴᠡ᠎ᠪᠠᠷ᠎ᠨᠢ ᠠᠯᠲᠠᠨ ᠴᠡᠴᠡᠭ᠎ᠲᠠᠢ ᠮᠦᠡᠭ᠌ᠬᠦᠨ ᠭᠡᠷᠡᠭ᠌ᠰᠡᠯ᠂ ᠲᠤᠩᠭᠠᠮᠠᠯ ᠠᠯᠲᠠ᠎ᠪᠠᠷ ᠴᠡᠴᠡᠭ ᠱᠢᠬᠢᠳᠭᠡᠭ᠌ᠰᠡᠨ ᠮᠦᠡᠭ᠌ᠬᠦᠨ ᠡᠳ᠋ᠯᠡᠯ ᠪᠠ ᠮᠦᠡᠭ᠌ᠬᠦᠨ ᠡᠳ᠋ᠯᠡᠯ ᠬᠡᠬᠦ᠌ ᠭᠤᠷᠪᠠᠨ ᠲᠦᠷᠦᠯ᠎ᠳᠤ ᠬᠤᠪᠢᠶᠠᠵᠦ᠍ ᠪᠤᠯᠤᠨ᠎ᠠ᠃ ᠤᠡᠭ᠌ᠭᠤᠨ᠎ᠠᠴᠠ ᠪᠠᠰᠠ ᠲᠡᠮᠦᠷ ᠭᠡᠷᠡᠭ᠌ᠰᠡᠯ᠂ ᠱᠠᠭᠠᠵᠠᠩ ᠭᠡᠷᠡᠭ᠌ᠰᠡᠯ᠂ ᠬᠠᠰ᠂ ᠮᠠᠨᠤ᠂ ᠲᠤᠷᠭ᠎ᠠ ᠲᠤᠷᠲᠤᠩ ᠵᠡᠷᠭᠡ ᠵᠦᠢᠯᠡᠰ᠎ᠢ ᠢᠯᠡᠷᠡᠬᠦᠯᠵᠡᠢ᠃ ᠡᠳᠡᠭᠡᠷ ᠪᠤᠲᠠᠰ᠎ᠤᠨ ᠤᠷᠠᠯᠠᠯ ᠬᠢᠴᠡ᠎ᠨᠢ ᠨᠠᠷᠢᠯᠢᠭ ᠪᠠᠢᠵᠦ᠍᠂ ᠲᠡᠦᠭᠡᠨ ᠲᠤᠷᠠᠰᠭᠠᠯᠲᠦ ᠵᠦᠢᠯᠡᠰ᠎ᠤᠨ ᠲᠤᠲᠤᠷᠠᠬᠢ ᠤᠬᠢ ᠪᠤᠲᠠᠰ ᠭᠡᠵᠦ᠍ ᠬᠡᠯᠡᠵᠦ᠍ ᠪᠤᠯᠬᠤ ᠶᠤᠮ᠃

ᠤᠡᠭ᠌ᠭᠤᠨ᠎ᠠᠴᠠ ᠢᠯᠡᠷᠡᠬᠦᠯᠦᠭ᠌ᠰᠡᠨ ᠲᠡᠦᠭᠡᠨ ᠲᠤᠷᠠᠰᠭᠠᠯᠲᠦ ᠵᠦᠢᠯᠡᠰ᠎ᠤᠨ ᠲᠤᠲᠤᠷ᠎ᠠ ᠬᠢᠲᠠᠨ ᠦᠨᠲᠦᠰᠦᠳᠡᠨ ᠪᠠ ᠱᠢᠶᠠᠨᠪᠢ ᠦᠨᠲᠦᠰᠦᠳᠡᠨ᠎ᠤ ᠬᠠᠷᠢᠴᠠᠭ᠎ᠠ ᠬᠤᠯᠪᠤᠭ᠎ᠠ᠎ᠶ᠋ᠢᠨ ᠭᠡᠷᠡᠴᠢ ᠪᠠᠷᠢᠮᠲᠠ ᠪᠤᠯᠤᠬ᠍ᠰᠠᠨ ᠤᠡᠭ᠌ᠭᠤᠨ᠎ᠤ ᠪᠢᠴᠢᠭᠡᠰᠦ᠎ᠨᠢ ᠰᠤᠶᠤᠯ ᠰᠤᠲᠤᠯᠭᠠᠨ᠂ ᠲᠡᠦᠭᠡ ᠰᠤᠲᠤᠯᠭᠠᠨ᠎ᠤ ᠴᠢᠬᠤᠯᠠ ᠦᠨ᠎ᠡ ᠦᠷᠳᠡᠭ᠎ᠲᠠᠢ ᠪᠠᠢᠲᠠᠭ᠃ ᠡᠨᠡ ᠬᠦ᠌ 《ᠬᠢᠲᠠᠨ ᠤᠯᠤᠰ᠎ᠤᠨ ᠳ᠋ᠦᠩ ᠵᠢᠩ᠎ᠲᠠᠢ ᠹᠦ᠋ ᠱᠢᠶᠠᠩ ᠬᠦᠩ᠎ᠤᠨ ᠤᠡᠭ᠌ᠭᠤᠨ᠎ᠤ ᠪᠢᠴᠢᠭᠡᠰᠦ》 ᠬᠡᠮᠡᠬᠦ᠌ ᠤᠡᠭ᠌ᠭᠤᠨ᠎ᠤ ᠬᠦᠱᠢᠶᠡᠨ ᠪᠢᠴᠢᠭᠡᠰᠦᠨ ᠲᠡᠭᠡᠷ᠎ᠡ᠂ 1210 ᠦᠰᠦᠭ᠎ᠢᠶᠠᠷ ᠯᠢᠶᠤᠤ ᠤᠯᠤᠰ᠎ᠤᠨ ᠬᠠᠭᠠᠨ᠎ᠤ ᠤᠲᠤᠮ ᠤᠬ᠍ᠰᠠᠭ᠎ᠠ ᠵᠢᠴᠢ ᠶᠧᠯᠢᠦᠢ ᠢᠦᠢ ᡁᠢ᠎ᠶ᠋ᠢᠨ ᠨᠢᠬᠡ ᠨᠠᠰᠦ᠎ᠶ᠋ᠢ ᠲᠤᠪᠴᠢᠯᠠᠨ ᠲᠠᠨᠢᠯᠴᠠᠭᠤᠯᠤᠬ᠍ᠰᠠᠨ ᠪᠠᠢᠨ᠎ᠠ᠃ ᠡᠨᠡ ᠬᠦ᠌ ᠪᠢᠴᠢᠭᠡᠰᠦ᠎ᠳᠤ ᠲᠡᠦᠭᠡ᠎ᠶ᠋ᠢᠨ ᠰᠤᠷᠠᠭ ᠵᠠᠩᠬᠢ ᠡᠯᠪᠡᠭ ᠠᠭᠤᠯᠤᠬ᠍ᠲᠠᠵᠦ᠍᠂ ᠬᠢᠲᠠᠨ ᠦᠨᠲᠦᠰᠦᠳᠡᠨ ᠪᠤᠯ ᠮᠠᠨ᠎ᠤ ᠤᠯᠤᠰ᠎ᠤᠨ ᠤᠮᠠᠷᠠᠲᠦ᠎ᠶ᠋ᠢᠨ ᠲᠠᠯ᠎ᠠ ᠨᠤᠲᠤᠭ᠎ᠤᠨ ᠨᠡᠬᠦᠳᠡᠯᠴᠢᠨ ᠦᠨᠲᠦᠰᠦᠳᠡᠨ᠎ᠤ ᠨᠢᠬᠡ ᠮᠦᠨ ᠪᠦᠬᠡᠳ ᠱᠢᠶᠠᠨᠪᠢ᠎ᠶ᠋ᠢᠨ ᠢᠦᠢ ᠸᠧᠨ ᠠᠢᠮᠠᠬ᠎ᠤᠨ ᠬᠤᠢᠴᠢ ᠦᠶ᠎ᠡ ᠪᠤᠯᠬᠤ᠎ᠶ᠋ᠢ ᠭᠡᠷᠡᠴᠢᠯᠡᠭ᠌ᠰᠡᠨ ᠪᠠᠢᠨ᠎ᠠ᠃


QQ截图20201216110136.jpg


ᠶᠧᠯᠢᠦᠢ ᠢᠦᠢ ᡁᠢ᠎ᠶ᠋ᠢᠨ ᠤᠡᠭ᠌ᠭᠤᠨ᠎ᠳᠤ ᠰᠠᠲᠠᠭᠠᠯᠠᠨ ᠤᠷᠤᠱᠢᠭᠤᠯᠤᠬ᠍ᠰᠠᠨ ᠶᠡᠭᠡ ᠬᠡᠮᠵᠢᠶᠡᠨ᠎ᠤ ᠨᠠᠷᠢᠯᠢᠭ ᠭᠤᠶᠤ ᠪᠤᠲᠠᠰ᠎ᠠᠴᠠ ᠪᠢᠳᠡ ᠯᠢᠶᠤᠤ ᠤᠯᠤᠰ᠎ᠤᠨ ᠲᠤᠮᠲᠠᠲᠦ᠎ᠶ᠋ᠢᠨ ᠦᠨᠲᠦᠰᠦᠳᠡᠨ᠎ᠤ ᠤᠯᠠᠨ ᠡᠱᠢᠲᠦ ᠨᠢᠬᠡ ᠴᠤᠭ᠍ᠴᠠᠵᠢᠬ᠍ᠰᠠᠨ ᠰᠤᠶᠤᠯ᠎ᠤᠨ ᠪᠠᠢᠷᠢᠱᠢᠯ᠎ᠤᠨ ᠪᠦᠷᠢᠯᠲᠦᠯ᠎ᠳᠤ ᠦᠵᠡᠬᠦᠯᠦᠭ᠌ᠰᠡᠨ ᠲᠤᠪᠤᠢᠮ᠎ᠠ ᠬᠤᠪᠢ ᠨᠡᠮᠡᠷᠢ᠎ᠶ᠋ᠢ ᠦᠵᠡᠵᠦ᠍ ᠭᠠᠷᠴᠦ᠍ ᠪᠤᠯᠬᠤ ᠶᠤᠮ᠃ ᠤᠯᠠᠨ ᠵᠦᠢᠯ᠎ᠤᠨ ᠰᠤᠶᠤᠯ᠎ᠤᠨ ᠰᠤᠯᠢᠯᠴᠠᠭ᠎ᠠ᠂ ᠮᠦᠷᠬᠦᠯᠲᠦᠭᠡᠨ ᠪᠠ ᠠᠭᠤᠰᠤᠯᠴᠠᠯ᠎ᠨᠢ ᠬᠢᠲᠠᠨ᠎ᠤ ᠨᠡᠢᠬᠡᠮ᠎ᠤᠨ ᠤᠯᠠᠨ ᠡᠱᠢᠴᠢᠯᠡᠵᠦ᠍ ᠨᠢᠬᠡ ᠴᠤᠭ᠍ᠴᠠᠵᠢᠬ᠍ᠰᠠᠨ ᠰᠤᠶᠤᠯ᠎ᠤᠨ ᠬᠦᠭ᠌ᠵᠢᠯᠳᠡ᠎ᠶ᠋ᠢᠨ ᠤᠨᠴᠠᠯᠢᠭ᠎ᠢ ᠪᠤᠢ ᠪᠤᠯᠭᠠᠵᠦ᠍᠂ ᠡᠷᠳᠡᠨ᠎ᠤ ᠤᠮᠠᠷᠠᠲᠦ᠎ᠶ᠋ᠢᠨ ᠦᠨᠲᠦᠰᠦᠳᠡᠨ᠎ᠨᠦᠭᠦᠳ᠎ᠤᠨ ᠰᠤᠶᠤᠯ᠎ᠤᠨ ᠰᠭᠠᠤᠷᠢ᠎ᠶ᠋ᠢ ᠪᠠᠬᠢᠵᠢᠬᠦᠯᠵᠡᠢ᠃ ᠡᠢᠨ ᠬᠦ᠌ ᠶᠧᠯᠢᠦᠢ ᠢᠦᠢ ᡁᠢ᠎ᠶ᠋ᠢᠨ ᠤᠡᠭ᠌ᠭᠤᠨ᠎ᠨᠢ 1992 ᠤᠨ᠎ᠳᠤ ᠪᠦᠬᠦ᠌ ᠤᠯᠤᠰ᠎ᠤᠨ ᠠᠷᠪᠠᠨ ᠶᠡᠭᠡ ᠬᠠᠭᠤᠴᠢ ᠰᠤᠲᠤᠯᠤᠯ᠎ᠤᠨ ᠱᠢᠨ᠎ᠡ ᠢᠯᠡᠷᠡᠬᠦᠯᠦᠯᠳᠡ᠎ᠪᠠᠷ ᠦᠨᠡᠯᠡᠭ᠌ᠳᠡᠵᠦ᠍᠂ 1996 ᠤᠨ᠎ᠳᠤ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠤᠷᠲᠤᠨ᠎ᠳᠤ ᠲᠡᠦᠭᠡ᠎ᠶ᠋ᠢᠨ ᠲᠤᠷᠠᠰᠭᠠᠯᠲᠦ ᠵᠦᠢᠯᠡᠰ᠎ᠤᠨ ᠬᠠᠮᠠᠭᠠᠯᠠᠯᠲᠠ᠎ᠶ᠋ᠢᠨ ᠨᠢᠬᠡᠴᠢ᠎ᠪᠠᠷ ᠦᠨᠡᠯᠡᠭ᠌ᠳᠡᠵᠦ᠍᠂ 2001 ᠤᠨ᠎ᠳᠤ ᠲᠦᠷᠦ᠎ᠶ᠋ᠢᠨ ᠶᠠᠪᠤᠲᠠᠯ᠎ᠤᠨ ᠬᠤᠷᠢᠶᠠᠨ᠎ᠤ ᠪᠦᠬᠦ᠌ ᠤᠯᠤᠰ᠎ᠤᠨ ᠲᠠᠪᠤᠲᠤᠭᠠᠷ ᠪᠦᠯᠦᠭ᠎ᠤᠨ ᠤᠯᠤᠰ᠎ᠤᠨ ᠴᠢᠬᠤᠯᠠ ᠲᠡᠦᠭᠡ᠎ᠶ᠋ᠢᠨ ᠲᠤᠷᠠᠰᠭᠠᠯᠲᠦ ᠵᠦᠢᠯᠡᠰ᠎ᠤᠨ ᠬᠠᠮᠠᠭᠠᠯᠠᠯᠲᠠ᠎ᠶ᠋ᠢᠨ ᠨᠢᠬᠡᠴᠢ ᠪᠤᠯᠤᠬ᠍ᠰᠠᠨ ᠪᠠᠢᠨ᠎ᠠ᠃

ᠤᠢ᠍ᠢᠷ᠎ᠠ᠎ᠶ᠋ᠢᠨ ᠵᠢᠯ᠎ᠠᠴᠠ᠂ ᠪᠦᠬᠦ᠌ ᠤᠯᠤᠰ᠎ᠤᠨ ᠡᠯ᠎ᠡ ᠭᠠᠵᠠᠷ᠎ᠤᠨ ᠲᠡᠦᠭᠡᠨ ᠲᠤᠷᠠᠰᠭᠠᠯᠲᠦ ᠵᠦᠢᠯᠡᠰ᠎ᠤᠨ ᠲᠤᠰᠭᠠᠢ ᠮᠡᠷᠭᠡᠵᠢᠯᠳᠡᠳ ᠪᠠ ᠶᠠᠫᠦᠨ᠂ ᠠᠩᠭ᠌ᠯᠢ᠂ ᠠᠮᠧᠷᠢᠺᠠ᠂ ᠭᠧᠷᠮᠠᠨ᠂ ᠺᠠᠨᠠᠲᠠ᠂ ᠺᠤᠷᠢᠶᠠ ᠵᠡᠷᠭᠡ ᠭᠠᠲᠠᠭᠠᠲᠦ ᠤᠯᠤᠰ᠎ᠤᠨ ᠵᠢᠭᠤᠯᠴᠢᠯᠠᠭ᠍ᠰᠠᠳ ᠰᠤᠷᠠᠭ ᠲᠤᠭᠤᠯᠤᠨ ᠠᠷᠤ ᠬᠤᠷᠴᠢᠨ᠎ᠳᠤ ᠬᠦᠷᠦᠯᠴᠡᠨ ᠢᠷᠡᠵᠡᠬᠡᠵᠦ᠍᠂ ᠡᠨᠡ ᠬᠦ᠌ ᠤᠡᠭ᠌ᠭᠤᠨ᠎ᠤ ᠲᠡᠦᠭᠡ ᠰᠤᠶᠤᠯ᠎ᠤᠨ ᠲᠠᠯ᠎ᠠ᠎ᠪᠠᠷ ᠤᠢ᠍ᠢᠯᠠᠭᠠᠵᠦ᠍ ᠰᠤᠲᠤᠯᠬᠤ ᠪᠤᠯᠵᠠᠢ᠃ ᠤᠮᠠᠷᠠᠲᠦ᠎ᠶ᠋ᠢᠨ ᠲᠠᠯ᠎ᠠ ᠨᠤᠲᠤᠭ᠎ᠲᠤ ᠮᠢᠩᠭᠠᠭᠠᠳ ᠵᠢᠯ ᠨᠠᠮ ᠬᠡᠪᠳᠡᠭ᠌ᠰᠡᠨ ᠲᠤᠰ ᠤᠡᠭ᠌ᠭᠤᠨ᠎ᠨᠢ ᠤᠲᠤ ᠨᠢᠬᠡᠨᠳᠡ ᠵᠢᠭᠤᠯᠴᠢᠯᠠᠯ᠂ ᠬᠠᠭᠤᠴᠢ ᠰᠤᠲᠤᠯᠤᠯ᠂ ᠰᠤᠶᠤᠯ ᠢᠷᠭᠡᠨᠱᠢᠯ᠎ᠢ ᠨᠢᠬᠡ ᠴᠤᠬ᠍ᠴᠠᠵᠢᠭᠤᠯᠤᠬ᠍ᠰᠠᠨ ᠵᠢᠭᠤᠯᠴᠢᠯᠠᠯ᠎ᠤᠨ ᠡᠬᠢ ᠪᠠᠶᠠᠯᠢᠭ᠎ᠤᠨ ᠨᠦᠬᠡᠴᠡ ᠬᠦᠴᠦᠨ᠎ᠲᠠᠢ ᠭᠠᠵᠠᠷ ᠪᠤᠯᠤᠬ᠍ᠰᠠᠨ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号