ᠡᠪᠦᠯ ᠤ᠋ᠨ ᠨᠠᠷᠠᠨ ᠴᠠᠭᠠᠨ ᠬᠦᠷᠢᠶ᠎ᠡ ᠳᠠᠳᠠᠨ ᠦᠨᠳᠦᠷ ᠲᠦ᠍ ᠲᠡᠭᠲᠡᠵᠦ ᠬᠦᠳᠡᠭᠡ ᠵᠢᠨ ᠨᠢᠭᠡᠨ ᠡᠳᠦᠷ ᠡᠬᠢᠯᠡᠭᠰᠡᠨᠢ ᠵᠠᠷᠯᠠᠨ᠎ᠠ᠃ ᠭᠤᠤᠯ ᠤ᠋ᠨ ᠳᠡᠨᠵᠢ ᠵᠢ ᠳᠡᠷᠡᠯᠡᠨ ᠰᠠᠭᠤᠬᠰᠠᠨ ᠠᠢᠯ ᠤ᠋ᠨ ᠲᠠᠬᠢᠶ᠎ᠠ ᠡᠵᠡᠨ ᠵᠢᠡᠨ ᠲᠠᠭᠣᠲᠠᠬᠣ ᠭᠡᠰᠡᠨ ᠮᠠᠶᠢᠬᠲᠠᠢ ᠭᠤᠷᠪᠠ ᠳᠤᠤᠭᠠᠷᠬᠤ ᠳ᠋ᠦ᠂ ᠰᠦᠨᠢ ᠵᠢᠨ ᠬᠦᠢᠳᠡᠨ ᠳ᠋ᠦ ᠬᠦᠷᠦᠵᠤ ᠬᠦᠢᠴᠡᠭᠰᠡᠨ ᠬᠠᠨᠵᠤᠨ ᠳᠡᠭᠡᠷ᠎ᠡ ᠡᠴᠡ ᠪᠠᠨ ᠭᠠᠷᠪᠤ ᠬᠦᠭᠰᠢᠨ ᠰᠡᠭᠦᠷᠡᠰᠦ ᠠᠯᠳᠠᠨ ᠪᠠᠭᠤᠯ᠎ᠠ᠃ ᠭᠠᠳᠠᠨ᠎ᠠ ᠲᠠᠰᠣᠯᠭᠠᠨ ᠡᠴᠡ ᠴᠠᠢ ᠵᠢᠨ ᠦᠨᠦᠷ ᠬᠠᠩᠬᠤᠯᠵᠤ᠂ ᠬᠦᠦ ᠨᠢ ᠵᠤᠷᠰᠢᠯ ᠶᠤᠰᠤᠭᠠᠷ ᠮᠠᠯ ᠰᠦᠷᠦᠭᠶ᠋ᠢᠡᠨᠲᠦᠪᠬᠢᠨᠠᠭᠦᠯᠴᠢᠬᠡᠭᠡᠳᠦᠷᠯᠦᠭᠡᠨ ᠤ᠋ ᠴᠠᠢ ᠪᠠᠨ ᠤᠤᠭᠤᠵᠦ ᠰᠠᠭᠣᠨ᠎ᠠ᠃
— ᠲᠤᠭᠤᠯ ᠴᠢᠨᠢ ᠶᠠᠭᠠᠬᠢᠵᠤ ᠪᠠᠢᠨ᠎ᠠ᠃ ᠨᠡᠮᠨᠡᠬᠦ ᠴᠢᠬᠤᠯᠠ ᠦᠭᠡᠢ ᠪᠢᠵᠠ? ᠭᠡᠵᠦ ᠬᠦᠭᠰᠢᠨ ᠠᠰᠠᠭᠣᠯᠠ᠃
— ᠨᠡᠮᠨᠡᠬᠦ ᠬᠡᠷᠡᠭ ᠦᠭᠡᠢ ᠭᠡᠳ ᠬᠦᠦ ᠨᠢ ᠭᠠᠷ ᠤᠳᠠᠰᠤ ᠪᠠᠨ ᠱᠠᠭᠠᠢᠨ᠎ᠠ᠃
— ᠭᠠᠯ ᠤ᠋ᠨ ᠳᠠᠬᠢᠯ ᠵᠢᠠᠨ ᠡᠷᠭᠦᠴᠢᠬᠡᠪᠡᠦ? ᠭᠡᠵᠤ ᠬᠦᠭᠰᠢᠨ ᠳᠠᠬᠢᠭᠠᠳ ᠯᠠᠪᠯᠠᠪᠠ᠃
ᠬᠦᠦ ᠨᠢ ᠬᠠᠷᠢᠭᠤ ᠦᠴᠢᠭᠰᠡᠨ ᠦᠭᠡᠢ ᠲᠤᠯᠤᠭᠠᠢ ᠲᠤᠬᠢᠨᠠ᠃
ᠠᠮᠠ ᠨᠡᠭᠡᠭᠡᠪᠡᠯ ᠠᠯᠳᠠ ᠤᠨᠠᠴᠢᠬᠠᠪᠠᠣ ᠭᠡᠮᠡᠷ ᠦᠭᠡ ᠲᠠᠭᠣ ᠴᠦᠭᠡᠨᠲᠠᠢ ᠡᠨᠡ ᠬᠦᠦ ᠵᠢ ᠪᠢᠯᠢᠭ ᠭᠡᠳᠡᠭ᠃ ᠬᠡᠲᠦᠢᠪᠡᠷ ᠡᠨᠡ ᠵᠢᠯ ᠭᠤᠴᠢᠨ ᠲᠤᠯᠤᠭ᠎ᠠ ᠬᠦᠷᠦᠭᠰᠡᠨ ᠭᠡᠲᠡᠭ ᠴᠦ᠍ ᠦᠶ᠎ᠡ ᠬᠤᠷᠠᠭ ᠤ᠋ᠨ ᠬᠦᠮᠦᠰ ᠵᠢᠠᠨ ᠰᠢᠭ ᠠᠪᠠᠭᠠᠢ ᠬᠡᠦᠬᠡᠳ ᠭᠡᠵᠤ ᠦᠭᠡᠢ ᠭᠤᠤᠨᠢ ᠪᠡᠶ᠎ᠡ ᠭᠤᠵᠤᠩ ᠲᠤᠯᠤᠭᠠᠢ ᠶᠠᠪᠤᠬᠤ ᠨᠢ ᠬᠦᠭᠰᠢᠨ ᠡᠵᠢ ᠵᠢᠨ ᠬᠢᠨᠢ ᠰᠡᠳᠬᠢᠯ ᠤ᠋ᠨ ᠡᠪᠡᠳᠴᠢᠨ᠂ ᠰᠠᠳᠤᠨ ᠲᠦᠷᠦᠯ ᠤ᠋ᠨ ᠬᠢᠨ ᠤ᠋ ᠰᠠᠨᠠᠭᠠᠰᠢᠷᠠᠬᠣ ᠲᠣᠮᠣ ᠶᠠᠪᠤᠳᠠᠯ ᠪᠤᠯᠵᠠᠢ᠃
ᠬᠦᠦ ᠪᠠᠨ ᠢᠳᠡᠭᠡᠵᠤ ᠶᠠᠳᠠᠬᠰᠠᠨ ᠭᠠᠷᠪᠤ ᠬᠦᠭᠰᠢᠨ ᠮᠠᠢᠵᠢᠬᠢᠨᠠᠨ ᠠᠯᠬᠤᠵᠦ ᠮᠠᠯ ᠤ᠋ᠨ ᠬᠠᠰᠢᠶ᠎ᠠ ᠪᠠᠨ ᠨᠢᠭᠡ ᠲᠤᠭᠤᠷᠢᠭᠠᠳ ᠰᠠᠶᠢ ᠰᠠᠨᠠᠭ᠎ᠠ ᠠᠮᠠᠷᠠᠵᠤ᠄《ᠬᠦᠭᠡᠷᠦᠬᠦᠢ ᠡᠨᠡ ᠬᠦᠢᠳᠡᠨ ᠳ᠋ᠦ ᠪᠠᠭᠠᠰᠤ ᠠᠯᠳᠠᠬᠰᠠᠨ ᠴᠦ᠍ ᠦᠭᠡᠢ ᠤᠪᠤᠭ᠎ᠠ ᠳᠠᠮᠢᠷ ᠲᠠᠢ ᠲᠦᠯ ᠪᠠᠢᠨ᠎ᠠ》ᠭᠡᠵᠤ ᠲᠦᠲᠦᠨᠡᠭᠰᠡᠭᠡᠷ ᠭᠡᠷ ᠲᠡᠭᠡᠨ ᠣᠷᠣᠵᠦ ᠢᠷᠡᠪᠡ᠃
ᠭᠠᠷᠪᠣ ᠬᠦᠭᠰᠢᠨ ᠲᠤᠯᠭ᠎ᠠ ᠵᠢᠨ ᠭᠤᠷᠪᠠᠨ ᠴᠢᠯᠠᠭᠤ ᠰᠢᠭ᠋ ᠭᠤᠷᠪᠠᠨ ᠬᠦᠦ ᠲᠠᠢ᠃ ᠬᠤᠶᠠᠷ ᠬᠦᠦ ᠨᠢ ᠠᠢᠯ ᠭᠡᠷ ᠪᠤᠯᠵᠤ᠂ ᠬᠠᠶᠠ ᠠᠷᠢᠬᠢ ᠳᠠᠷᠠᠰᠤ ᠭᠡᠵᠤ ᠬᠡᠷᠡᠭᠦᠯ ᠴᠤᠤᠬᠢᠶᠠᠨ ᠪᠤᠯᠳᠠᠭᠢ ᠭᠠᠷᠭᠠᠪᠠᠯ ᠠᠢᠯ ᠠᠢᠮᠠᠬ ᠲᠠᠭᠠᠨ ᠵᠡᠭᠡᠭᠰᠡᠨ ᠠᠮᠢᠲᠣᠷᠠᠯ ᠲᠠᠢ ᠵᠣᠪᠠᠬᠣ ᠵᠦᠢᠯ ᠠᠯᠠᠭ᠎ᠠ᠃ ᠤᠳᠬᠤᠨ ᠬᠦᠦ ᠪᠢᠯᠢᠭ ᠨᠢ ᠦᠨᠦ ᠪᠣᠯᠲᠠᠯ᠎ᠠ ᠭᠠᠬᠴᠠ ᠪᠡᠶ᠎ᠡ ᠪᠠᠢᠵᠦ᠂ ᠤᠤᠯ ᠳ᠋ᠠᠭᠠᠨ ᠬᠡᠦᠬᠡᠨ ᠳᠠᠨᠢᠯᠴᠠᠭᠤᠯᠪᠠᠯ ᠪᠠᠰᠠ ᠠᠭᠤᠯᠵᠠᠵᠤ ᠶᠠᠷᠢᠯᠴᠠᠳᠠᠭ ᠪᠠᠢᠬᠰᠠᠨ ᠡᠴᠡ ᠪᠠᠨ ᠤᠳᠤ ᠪᠦᠷ ᠠᠭᠤᠯᠵᠠᠵᠤ ᠤᠴᠠᠷᠠᠬᠤ ᠳᠤᠷ᠎ᠠ ᠦᠭᠡᠢ ᠪᠤᠯᠵᠤ᠂ ᠭᠠᠬᠴᠠᠭᠠᠷ ᠵᠢᠠᠨ ᠭᠡᠷ ᠲᠡᠭᠡᠨ ᠣᠶᠠᠬᠲᠠᠲᠠᠬ ᠪᠣᠯᠵᠠᠢ᠃
ᠭᠠᠷᠪᠣ ᠬᠦᠭᠰᠢᠨ ᠴᠠᠢ ᠪᠠᠨ ᠤᠭᠤᠴᠢᠭᠠᠳ ᠬᠤᠷᠤᠳ ᠬᠡᠮᠡᠯᠢᠨ ᠰᠠᠭᠤᠬᠤ ᠬᠦᠦ ᠪᠠᠨ ᠨᠢᠭᠡ ᠬᠠᠷᠠᠵᠤ᠂ ᠣᠨᠲᠣᠢ ᠰᠣᠨᠲᠣᠢ᠂ ᠡᠮᠬᠢ ᠲᠢᠭᠯᠢᠮ ᠵᠢᠠᠨ ᠪᠠᠷᠠᠬᠰᠠᠨ ᠭᠡᠷ ᠲᠣᠲᠣᠷᠠᠬᠢᠶᠢ ᠲᠤᠭᠤᠷᠢᠭᠤᠯᠵᠤ ᠠᠵᠢᠯᠠ᠃
ᠬᠦᠦ ᠵᠢᠨ ᠬᠢᠨᠢ ᠰᠢᠪᠠᠷ ᠰᠢᠷᠤᠢ ᠳ᠋ᠦ ᠪᠢᠯᠳᠠᠬᠰᠠᠨ ᠱᠠᠬᠠᠢ ᠬᠠᠭᠠᠰ ᠰᠠᠷ᠎ᠠ ᠬᠦᠳᠡᠯᠦᠭᠰᠡᠨ ᠦᠭᠡᠢ ᠬᠡᠪ ᠶ᠋ᠢᠡᠷ ᠡᠭᠦᠳᠡᠨ ᠲᠣᠰᠢᠶ᠎ᠠ ᠬᠠᠶᠠᠬᠲᠠᠵᠦ᠂ ᠬᠠᠵᠠᠭᠤ ᠳ᠋ᠤᠨᠢ ᠬᠠᠭᠣᠴᠢᠷᠠᠵᠦ ᠦᠩᠭᠡ ᠨᠢ ᠲᠠᠨᠢᠬᠲᠠᠬᠣ ᠪᠠᠨ ᠪᠣᠯᠢᠬᠰᠠᠨ ᠤᠢᠮᠤᠰᠤ᠂ ᠰᠢᠬᠢᠷ ᠤ᠋ᠨ ᠴᠠᠭᠠᠰᠤ ᠦᠷᠬᠦᠯᠵᠢᠯᠡᠨ᠎ᠡ᠃ ᠬᠠᠨ᠎ᠠ ᠵᠢᠨ ᠦᠨᠴᠦᠭ ᠲᠠᠭᠠᠣ ᠣᠲᠣᠭ᠎ᠠ ᠲᠤᠭᠤᠰᠤ ᠪᠦᠷᠬᠦᠵᠦ᠂ ᠤᠬᠢᠶᠠᠬᠤ ᠪᠤᠯᠤᠬᠰᠠᠨ ᠬᠤᠪᠴᠠᠰᠤ ᠲᠡᠪᠡᠯ ᠤᠷᠤ ᠵᠢᠨ ᠢᠷᠮᠡᠭ ᠬᠢᠷᠢᠲᠡᠢ ᠦᠨᠳᠦᠷ ᠤᠪᠤᠭᠠᠯᠠᠭᠠᠰᠤᠳᠠᠢ ᠪᠠᠢᠯ᠎ᠠ᠃ ᠭᠠᠷᠪᠣ ᠬᠦᠭᠰᠢᠨ ᠬᠠᠷᠠᠬᠤ ᠳᠤᠳᠤᠮ ᠦᠯᠦ ᠮᠡᠳᠡᠭ ᠠᠭᠣᠷ ᠲᠦᠷᠦᠵᠦ᠂ ᠠᠶᠠᠭ᠎ᠠ ᠲᠠᠢ ᠴᠠᠢ ᠪᠠᠨ ᠳᠠᠬᠢᠨᠳᠠ ᠤᠭᠤᠴᠢᠯᠠ᠃ ᠲᠡᠭᠡᠭᠡᠳ ᠠᠶᠠᠭ᠎ᠠ ᠪᠠᠨ ᠰᠢᠷᠡᠭᠡᠨ ᠳ᠋ᠦ ᠳᠠᠯᠪᠢᠬᠤ ᠳ᠋ᠠᠭᠠᠨ ᠨᠦᠬᠦᠭᠡ ᠠᠶᠠᠭ᠎ᠠ ᠨᠢ ᠬᠠᠯᠳᠠᠷ ᠡᠷᠢᠶᠡᠨ ᠪᠤᠯᠤᠬᠰᠠᠨ ᠢ᠋ ᠤᠯᠵᠤ ᠬᠠᠷᠠᠪᠠ᠃
ᠲᠡᠷᠡᠬᠡᠨ ᠮᠦᠴᠡ ᠳ᠋ᠦ ᠬᠦᠭᠰᠢᠨ ᠪᠡᠶ᠎ᠡ ᠪᠡᠨ ᠪᠠᠷᠢᠵᠤ ᠶᠠᠳᠠᠨ ᠠᠭᠤᠷᠯᠠᠵᠤ᠄《ᠤᠳᠤ ᠬᠡᠳᠦᠨ ᠡᠳᠦᠷ ᠡᠴᠡ ᠰᠢᠨᠡᠯᠡᠬᠦ ᠭᠡᠵᠤ ᠪᠠᠢᠨ᠎ᠠ᠃ ᠡᠨᠡ ᠭᠡᠷ ᠢ᠋ ᠦᠵᠡ ᠯᠡ ᠳᠠ᠂ ᠡᠭᠦᠳᠡ ᠤᠷᠤᠬᠤ ᠡᠴᠡ ᠠᠪᠤᠭᠠᠳ ᠡᠷᠦᠢ ᠬᠤᠷᠤᠢ ᠦᠭᠡᠢ᠃ ᠡᠳᠦᠷᠵᠢᠨ ᠶᠠᠭᠤ ᠪᠤᠳᠤᠵᠤ ᠪᠠᠢᠨ᠎ᠠ ? ᠬᠡᠷᠪᠡ ᠨᠢᠭᠡ ᠪᠡᠷᠢ ᠲᠠᠢ ᠪᠠᠢᠬᠰᠠᠨ ᠪᠤᠯ ᠪᠢᠳᠡ ᠢᠩᠬᠢᠵᠤ ᠠᠮᠢᠳᠤᠷᠠᠨ᠎ᠠ ᠦᠦ? ᠲᠠᠯ᠎ᠠ ᠭᠠᠷᠣᠬᠰᠠᠨ ᠨᠠᠮᠠᠶ᠋ᠢ ᠪᠠᠰᠠ ᠠᠷᠪᠠᠨ ᠨᠠᠢ᠍ᠮᠠᠳᠠᠢ ᠠᠳᠠᠯᠢ ᠵᠠᠷᠤᠨ᠎ᠠ ᠦᠦ?》ᠭᠡᠵᠤ ᠠᠬᠰᠣᠮᠨᠠᠵᠦ ᠭᠠᠷᠤᠯ᠎ᠠ᠃
ᠪᠢᠯᠢᠭ ᠬᠦᠦ ᠡᠵᠢ ᠪᠠᠨ ᠬᠠᠷᠠᠬᠰᠠᠨ ᠵᠢᠠᠨ ᠠᠶᠠᠭᠠᠨ ᠳ᠋ᠤᠨᠢ ᠴᠠᠢ ᠠᠶᠠᠭᠠᠯᠠᠵᠤ ᠦᠭᠬᠦᠭᠡᠳ ᠭᠡᠷ ᠶ᠋ᠢᠡᠨ ᠲᠢᠭᠯᠡᠬᠦ ᠪᠡᠷ ᠪᠣᠵᠢᠬᠢᠨᠠᠵᠦ ᠭᠠᠷᠪᠠ᠃ ᠲᠡᠬᠦᠨ ᠳ᠋ᠦ ᠠᠪᠴᠤ ᠬᠡᠯᠡᠪᠡᠯ ᠡᠵᠢ ᠨᠢ ᠡᠳᠦᠷ ᠪᠤᠯᠭᠠᠨ ᠤᠩᠰᠢᠳᠠᠭ ᠨᠤᠮ ᠵᠢᠠᠨ ᠡᠬᠢᠯᠡᠵᠤ ᠤᠩᠰᠢᠵᠤ ᠪᠠᠢᠭ᠎ᠠ ᠲᠡᠷᠡ᠃ ᠭᠡᠪᠡᠴᠦ ᠲᠡᠷᠡ ᠡᠵᠢ ᠪᠠᠨ ᠶᠡᠬᠡ ᠠᠭᠤᠷᠯᠠᠭᠣᠯᠵᠤ ᠡᠪᠡᠳᠴᠢᠨ ᠠᠷᠬᠠᠭ ᠤᠯᠬᠤ ᠡᠴᠡ ᠬᠢᠴᠢᠶᠡᠵᠤ᠂ ᠠᠯᠢ ᠴᠢᠲᠠᠬᠣᠢᠴᠠ ᠪᠡᠷ ᠠᠭᠤᠷ ᠢ᠋ ᠨᠢ ᠳᠠᠢᠳᠬᠤᠷᠠᠭᠤᠯᠬᠤ ᠵᠢ ᠪᠤᠳᠤᠨ᠎ᠠ᠃
ᠭᠡᠷ ᠲᠢᠭᠯᠡᠵᠦ ᠮᠣᠩᠭᠠᠨᠢᠬᠣ ᠬᠦᠦ ᠪᠠᠨ ᠬᠠᠷᠠᠵᠤ᠂ ᠠᠭᠤᠷ ᠨᠢ ᠨᠠᠮᠳᠠᠬᠰᠠᠨ ᠭᠠᠷᠪᠣ ᠬᠦᠭᠰᠢᠨ᠄《ᠦᠴᠦᠭᠡᠳᠦᠷ ᠬᠡᠳᠦᠢ ᠪᠠᠩᠰᠢ ᠪᠠᠷᠢᠵᠦ ᠲᠠᠯᠪᠢᠪᠠ ᠳᠠ?》 ᠭᠡᠵᠤ ᠠᠰᠠᠭᠤᠯ᠎ᠠ ᠃
《ᠢᠯᠡᠭᠦᠦ ᠭᠡᠷ ᠲᠦ᠍ ᠪᠠᠢᠨ᠎ᠠ》ᠭᠡᠵᠤ ᠪᠢᠯᠢᠭ ᠬᠦᠦ ᠨᠠᠮ ᠲᠣᠣᠭᠠᠷᠪᠠ᠃
ᠭᠠᠷᠪᠣ ᠬᠦᠭᠰᠢᠨ ᠬᠦᠯ ᠵᠢᠠᠨ ᠴᠢᠷᠴᠦ᠂ ᠢᠯᠡᠭᠦᠦ ᠭᠡᠷ ᠲᠡᠬᠡᠨ ᠤᠷᠤᠵᠤ ᠦᠵᠡᠪᠡᠯ ᠠᠮᠪᠠᠨ ᠳᠡᠭᠡᠷ᠎ᠡ ᠨᠢᠭᠡ ᠮᠠᠳᠠᠢ ᠲᠠᠢ ᠶᠠᠭᠤᠮ᠎ᠠ ᠲᠠᠯᠪᠢᠬᠣ ᠬᠠᠷᠠᠬᠲᠠᠨᠠ᠃ ᠭᠠᠢᠬᠠᠬᠰᠠᠨ ᠬᠦᠴᠦᠨ ᠳ᠋ᠡᠭᠡᠨ ᠣᠢᠷᠠᠲᠣᠨ ᠦᠵᠡᠪᠡᠯ ᠮᠠᠳᠠᠢ ᠲᠦᠭᠦᠷᠡᠩ ᠬᠦᠯᠳᠡᠭᠡᠭᠰᠡᠨ ᠪᠠᠩᠰᠢ ᠪᠠᠢᠵᠠᠢ᠃ ᠡᠭᠦᠨ ᠢ᠋ ᠦᠵᠡᠭᠰᠡᠨ ᠬᠦᠭᠰᠢᠨᠤ ᠠᠭᠤᠷ ᠢᠨᠢᠶᠡᠳᠦ ᠬᠤᠤᠰᠯᠠᠨ᠄《ᠡᠢᠮᠦ ᠠᠷᠪᠢᠨ ᠪᠠᠩᠰᠢ ᠪᠠᠷᠢᠭᠠᠳ ᠶᠠᠭᠠᠬᠢᠬᠣ ᠭᠡᠰᠡᠨ ᠪᠤᠢ? ᠬᠡᠳᠦᠨ ᠭᠡᠢᠴᠢᠨ ᠢᠷᠡᠨ᠎ᠡ ᠭᠡᠵᠤ ᠡᠢᠮᠦ ᠠᠷᠪᠢᠨ ᠪᠠᠷᠢᠬᠰᠠᠨ ᠪᠤᠢ?》ᠭᠡᠵᠤ ᠶᠡᠬᠡ ᠳᠠᠭᠤ ᠪᠡᠷ ᠠᠭᠤᠷᠯᠠᠨ ᠪᠠᠷᠬᠢᠷᠠᠵᠤ᠂ ᠬᠦᠦ ᠪᠠᠨ ᠬᠦᠴᠦᠳᠠᠢ ᠠᠯᠠᠭᠠᠳᠠᠵᠤ ᠠᠪᠤᠯ᠎ᠠ᠃
ᠪᠢᠯᠢᠭ ᠬᠦᠦ ᠣᠢᠰᠢᠶᠠᠬᠰᠠᠨ ᠴᠦ᠍ ᠦᠭᠡᠢ ᠢᠨᠢᠶᠡᠭᠰᠡᠨ ᠬᠡᠪ ᠶ᠋ᠢᠡᠷ᠄ 《ᠬᠠᠮᠢᠶ᠎ᠠ ᠦᠭᠡᠢ᠂ ᠨᠠᠮᠠᠶ᠋ᠢ ᠭᠡᠷ ᠲᠦ᠍ ᠦᠭᠡᠢ ᠦᠶᠡᠰ ᠲᠠ ᠪᠠᠩᠰᠢ ᠴᠢᠨᠠᠭᠠᠳ ᠢᠳᠡᠬᠦ ᠦᠭᠡᠢ ᠦᠦ ! ᠠᠮᠠᠷ ᠰᠢᠳᠠ》 ᠭᠡᠪᠡ᠃
ᠡᠬᠦᠨᠢ ᠰᠣᠨᠣᠰᠣᠭᠠᠳ ᠭᠠᠷᠪᠣ ᠬᠦᠭᠰᠢᠨ᠄《ᠠᠢ᠂ ᠮᠢᠬ᠎ᠠ ᠲᠤᠰᠤᠨ ᠤ᠋ ᠪᠠᠷᠠᠮᠠᠯ ᠡ ᠴᠢ!》 ᠭᠡᠵᠤ ᠢᠨᠢᠶᠡᠳᠦ ᠠᠯᠳᠠᠪᠠ᠃
ᠡᠵᠢ ᠵᠢᠨ ᠵᠢᠠᠨ ᠢᠨᠢᠶᠡᠬᠦ ᠵᠢ ᠦᠵᠡᠭᠰᠡᠨ ᠪᠢᠯᠢᠭ ᠬᠦᠦ ᠪᠠᠬᠠᠨ ᠠᠭᠤᠵᠢᠷᠠᠬᠤ ᠰᠢᠭ᠋ ᠪᠤᠯᠵᠣ᠂ ᠪᠦᠲᠦᠨ ᠰᠦᠨᠢ ᠪᠠᠷᠢᠬᠰᠠᠨ ᠪᠠᠩᠰᠢ ᠮᠠᠨᠢ ᠬᠡᠷᠡᠭ ᠲᠦ᠍ ᠬᠦᠷᠦᠭᠰᠡᠨ ᠬᠡᠮᠡᠨ ᠪᠣᠲᠣᠵᠦ ᠠᠮᠵᠢᠪᠠ᠃ ᠴᠠᠭᠠᠨ ᠰᠠᠷ᠎ᠠ ᠲᠦᠬᠦᠬᠦ ᠪᠡᠷ ᠠᠢᠯ ᠪᠤᠯᠭᠠᠨ ᠭᠠᠲᠠᠨ᠎ᠠ ᠲᠣᠳᠣᠨᠠᠶᠢᠨ ᠣᠯᠠᠨ ᠠᠵᠢᠯ ᠳ᠋ᠦ ᠶᠠᠭᠠᠷᠠᠲᠠᠬ ᠭᠡᠬᠦ ᠳ᠋ᠦ ᠡᠲᠡᠨᠡᠢᠬᠢᠨ ᠪᠤᠯ ᠬᠠᠷᠢᠨ ᠪᠢᠯᠢᠭ ᠬᠦᠦ ᠶ᠋ᠢᠨ ᠪᠡᠷᠢ ᠬᠡᠯᠡᠯᠴᠡᠬᠦ ᠡᠴᠡ ᠦᠭᠡᠷ᠎ᠡ ᠵᠦᠢᠯ ᠶᠠᠷᠢᠳᠠᠭ ᠦᠭᠡᠢ᠃ ᠦᠩᠭᠡᠷᠡᠭᠰᠡᠨ ᠵᠢᠯ ᠠᠪᠤ ᠨᠢ ᠮᠦᠨ ᠴᠠᠭᠠᠨ ᠰᠠᠷ᠎ᠠ ᠪᠡᠷ ᠪᠢᠯᠢᠭ ᠢ᠋ ᠪᠡᠷᠢ ᠬᠡᠯᠡᠯᠴᠡᠬᠦ ᠦᠭᠡᠢ ᠭᠡᠵᠤ ᠠᠭᠤᠷᠯᠠᠵᠤ᠂ ᠪᠡᠶ᠎ᠡ ᠮᠠᠭᠤᠳᠠᠨ ᠬᠡᠳᠦᠨ ᠰᠠᠷ᠎ᠠ ᠵᠢᠨ ᠳᠠᠷᠠᠭ᠎ᠠ ᠦᠮᠡᠨ ᠡᠪᠡᠳᠴᠢᠨ ᠵᠢᠡᠷ ᠨᠠᠰᠤ ᠪᠠᠷᠠᠵᠠᠢ᠃
ᠲᠡᠷᠡ ᠴᠠᠬ ᠡᠴᠡ ᠬᠣᠢᠰᠢ ᠪᠢᠯᠢᠭ ᠬᠦᠦ ᠡᠵᠢ ᠵᠢ ᠪᠡᠨ ᠠᠭᠣᠷᠯᠠᠭᠣᠯᠬᠣ ᠡᠴᠡ ᠶᠡᠬᠡ ᠬᠢᠴᠢᠶᠡᠳᠡᠭ ᠪᠤᠯᠤᠬᠰᠠᠨ ᠶᠤᠮ᠃ ᠦᠨᠡᠨᠢ ᠬᠡᠯᠡᠪᠡᠯ᠂ ᠪᠢᠯᠢᠭ ᠬᠦᠦ ᠴᠦ᠍ ᠮᠦᠨ ᠬᠠᠨᠢ ᠢᠵᠢᠯᠢ ᠲᠠᠢ ᠪᠤᠯᠬᠤ ᠵᠢ ᠬᠦᠰᠡᠨ᠎ᠡ᠃ ᠭᠡᠪᠡᠴᠦ ᠨᠢᠷᠤᠭᠤ ᠪᠠᠨ ᠡᠭᠦᠷᠦᠭᠰᠡᠨ ᠨᠢ ᠲᠡᠭᠦᠨ ᠢ᠋ ᠭᠤᠯᠤᠵᠤ᠂ ᠨᠢᠰᠤ ᠪᠠᠨ ᠴᠢᠷᠦᠭᠰᠡᠨ ᠢ᠋ ᠨᠢ ᠲᠡᠷᠡ ᠭᠤᠯᠤᠵᠤ ᠦᠨᠦ ᠬᠦᠷᠴᠠᠢ᠃ ᠡᠳᠦᠢ ᠪᠤᠯᠳᠠᠯ᠎ᠠ ᠭᠠᠬᠴᠠᠭᠠᠷ ᠶᠠᠪᠣᠵᠦ ᠢᠷᠡᠭᠰᠡᠨ ᠬᠤᠢᠨ᠎ᠠ᠂ ᠶᠠᠭᠠᠬᠢᠬᠰᠠᠨ ᠴᠦ᠍ ᠳᠤᠷ᠎ᠠ ᠦᠭᠡᠢ ᠨᠢᠭᠡᠨ ᠲᠠᠢ ᠪᠠᠨ ᠰᠠᠭᠤᠬᠤ ᠦᠭᠡᠢ ᠭᠡᠵᠤ ᠲᠡᠷᠡ ᠲᠠᠰᠣ ᠪᠤᠳᠤᠵᠠᠢ᠃
ᠪᠢᠯᠢᠭ ᠰᠡᠢᠯᠦᠮᠡᠯ ᠤ᠋ᠨ ᠠᠵᠢᠯ ᠳ᠋ᠦ ᠭᠠᠷ ᠲᠡᠮᠲᠡᠢ᠃ ᠭᠡᠬᠦ ᠳ᠋ᠡᠬᠡᠨ ᠨᠤᠳᠤᠭ ᠤᠰᠤ᠂ ᠡᠵᠢ ᠡᠴᠡ ᠪᠠᠨ ᠰᠠᠯᠵᠦ ᠲᠦᠪᠲᠡᠬᠦ ᠦᠭᠡᠢ ᠬᠠᠭᠠᠰ ᠮᠠᠯᠴᠢᠨ ᠪᠤᠯᠵᠤ᠂ ᠬᠤᠳᠠ ᠬᠦᠳᠡᠭᠡ ᠵᠢᠨ ᠳᠤᠮᠳᠠ ᠬᠤᠶᠠᠷ ᠳᠡᠢᠰᠢ ᠬᠣᠯᠬᠢᠵᠦ ᠲᠠᠪᠬᠢᠭᠣᠯᠣᠨᠠ᠃ ᠵᠠᠶᠠᠭᠠᠨ ᠤ᠋ ᠬᠠᠨᠢ ᠵᠠᠮ ᠳᠡᠭᠡᠷ᠎ᠡ ᠭᠡᠵᠤ ᠬᠡᠯᠡᠳᠡᠭ ᠴᠦ᠍ ᠲᠡᠭᠦᠨ ᠤ᠋ ᠵᠠᠮ ᠳᠡᠭᠡᠷ᠎ᠡ ᠬᠠᠷᠢᠨ ᠬᠠᠢᠷᠠᠯᠠᠵᠤ ᠰᠠᠨᠠᠬᠰᠠᠨ ᠬᠦᠮᠦᠨ ᠨᠢ ᠬᠦᠯᠢᠶᠡᠵᠤ ᠪᠠᠢᠬᠰᠠᠨ ᠦᠭᠡᠢ᠃ ᠬᠤᠪᠢ ᠵᠠᠶᠠᠭᠠᠨ ᠤ᠋ ᠡᠷᠬᠡ ᠪᠡᠷ ᠭᠠᠬᠴᠠ ᠪᠡᠶ᠎ᠡ ᠶᠠᠪᠤᠬᠤ ᠬᠦᠦ ᠪᠠᠨ ᠦᠷᠦᠪᠳᠡᠭᠰᠡᠨ ᠡᠵᠢ ᠨᠢ ᠠᠶᠤᠯᠭᠠᠵᠤ ᠰᠦᠷᠳᠡᠭᠦᠯᠬᠦ ᠪᠠ ᠠᠷᠭᠠᠲᠠᠵᠦ ᠭᠤᠶᠤᠬᠣ ᠠᠷᠭ᠎ᠠ ᠪᠦᠬᠦᠨᠢ ᠬᠡᠷᠡᠭᠯᠡᠵᠦ ᠠᠷᠣ ᠡᠴᠡ ᠨᠢ ᠰᠢᠪᠠᠲᠠᠭᠣᠯᠣᠨᠠ᠃
《ᠡᠵᠢ ᠨᠢ ᠶᠠᠭᠠᠬᠢᠬᠣᠪ ᠳ᠋ᠠ᠂ ᠬᠡᠳᠦᠢ ᠡᠳᠦᠷ ᠠᠮᠢᠳᠤᠷᠠᠨ᠎ᠠ ᠭᠡᠵᠢ᠂ ᠨᠠᠮᠠᠶ᠋ᠢ ᠶᠠᠪᠤᠬᠰᠠᠨ ᠬᠤᠢᠨ᠎ᠠ ᠴᠢ ᠯᠠ ᠭᠠᠬᠴᠠᠭᠠᠷ ᠪᠤᠯᠤᠨ᠎ᠠ ᠰᠢᠦ !》 ᠭᠡᠵᠤ ᠭᠠᠷᠪᠣ ᠬᠦᠭᠰᠢᠨ ᠰᠡᠭᠦᠷᠡᠰᠤ ᠠᠯᠳᠠᠨ ᠰᠠᠨᠳᠠᠯᠢ ᠳᠡᠭᠡᠷ᠎ᠡ ᠪᠡᠨ ᠰᠠᠭᠤᠭᠠᠳ᠄《ᠬᠦᠭᠰᠢᠨ ᠡᠵᠢ ᠪᠠᠨ ᠪᠠᠷᠢ ᠲᠠᠢ ᠴᠢᠨᠢ ᠬᠡᠷᠡᠯᠳᠦᠵᠤ ᠤᠷᠤᠯᠳᠤᠬᠤ ᠡᠴᠡ ᠠᠶᠤᠬᠤ ᠬᠡᠷᠡᠭ ᠦᠭᠡᠢ᠂ ᠪᠠᠷᠢ ᠲᠠᠢ ᠪᠤᠯᠪᠠᠯ ᠪᠢ ᠠᠬᠠᠶᠢᠨ ᠳ᠋ᠦ ᠴᠢᠨᠢ ᠣᠴᠢᠨ᠎ᠠ᠃ ᠪᠢ ᠬᠡᠯᠡᠯᠴᠡᠭᠡᠳ ᠲᠣᠬᠲᠠᠴᠢᠬᠠᠬᠰᠠᠨ᠂ ᠪᠡᠷᠬᠡᠨ ᠲᠠᠢ ᠴᠢᠨᠢ ᠡᠳᠦᠢ ᠵᠢᠯ ᠠᠭᠠᠰᠢ ᠵᠠᠩ ᠶ᠋ᠢᠡᠨ ᠮᠡᠳᠡᠴᠢᠭᠡᠬᠰᠡᠨ ᠶᠣᠮ᠂ ᠰᠠᠨᠠᠭ᠎ᠠ ᠪᠤᠯᠬᠤ ᠴᠢᠬᠤᠯᠠ ᠦᠭᠡᠢ ᠁》 ᠭᠡᠵᠤ ᠶᠠᠷᠢᠨ᠎ᠠ᠃
ᠵᠦᠭ ᠵᠦᠭ ᠲᠠᠬᠡᠨ ᠵᠢᠳᠬᠦᠭᠰᠡᠨ ᠡᠵᠢ ᠬᠦᠦ ᠬᠤᠶᠠᠭᠣᠯᠠ ᠭᠡᠷ ᠲᠡᠷᠬᠡ ᠪᠠᠨ ᠲᠢᠭᠯᠡᠨ ᠰᠢᠨ᠎ᠡ ᠵᠢᠨ ᠪᠡᠯᠡᠳᠭᠡᠯ ᠳ᠋ᠦ ᠶᠠᠭᠠᠷᠠᠨ᠎ᠠ᠃ ᠴᠣᠩᠬᠣᠨ ᠭᠠᠳᠠᠨᠠᠬᠢ ᠰᠠᠬᠯᠠᠭᠠᠷ ᠮᠤᠳᠤᠨ ᠳᠡᠭᠡᠷ᠎ᠠ ᠰᠠᠭᠣᠬᠰᠠᠨ ᠠᠯᠠᠭ ᠱᠠᠭᠠᠵᠠᠭᠠᠢ ᠡᠳᠡ ᠬᠣᠶᠠᠭᠣᠯᠠᠶᠢᠨ ᠶᠠᠷᠢᠶᠠᠶᠢ ᠴᠢᠩᠨᠠᠬᠣ ᠮᠡᠲᠦ ᠱᠠᠬᠰᠢᠵᠦ ᠪᠠᠢᠯ᠎ᠠ᠃