ᠲᠦᠷᠦ᠍ ᠲᠦᠪᠱᠢᠨ ᠲᠦᠮᠡᠨ ᠠᠮᠤᠭᠤᠯᠠᠩ ᠵᠢᠷᠭᠠᠯ ᠦᠭᠡᠳᠡ
ᠲᠡᠷᠢᠭᠦᠨ ᠡᠷᠭᠦᠮᠡᠭ᠌ᠴᠡ ᠦᠯᠵᠡᠢ ᠪᠠᠶᠠᠷ ᠡᠷᠦᠬᠡ ᠦᠭᠡᠳᠡ
ᠲᠤᠷᠤᠭᠤ ᠬᠡᠢᠰᠭᠡᠭ᠌ᠰᠡᠨ ᠬᠦᠮᠦᠰᠤᠨ ᠠᠢᠯᠴᠢᠯᠠᠯᠳᠠ ᠮᠡᠨᠳᠦᠴᠢᠯᠡᠯ ᠦᠭᠡᠳᠡ
ᠲᠤᠰᠤ ᠦᠷᠦᠮᠡ᠂ ᠠᠢᠷᠠᠭ ᠴᠡᠭᠡ ᠰᠦᠩ ᠦᠭᠡᠳᠡ
ᠲᠤᠭ᠍ᠯᠠᠵᠦ᠍ ᠨᠠᠭᠠᠳᠭᠤ ᠬᠡᠤᠬᠡᠳ ᠪᠠᠭᠠᠴᠤᠳ ᠬᠦᠰᠡᠯ ᠦᠭᠡᠳᠡ
ᠲᠦᠯᠦᠭᠡ ᠰᠡᠭᠦᠯᠲᠠᠢ ᠱᠢᠨᠡ ᠵᠢᠯ ᠦᠭᠡᠳᠡ ᠦᠭᠡᠳᠡ᠃
ᠲᠤᠯᠤᠭᠠᠳ ᠲᠠᠮᠵᠢᠭ᠍ᠰᠠᠨ ᠤᠷᠢᠬᠠᠨ ᠰᠠᠯᠬᠢ ᠲᠠᠯᠠ ᠦᠭᠡᠳᠡ
ᠲᠤᠨᠤᠷᠠᠨ ᠴᠠᠢᠯᠵᠠᠬᠤ ᠭᠤᠤᠯᠤᠨ ᠬᠠᠯᠢᠶᠠ ᠬᠠᠪᠤᠷ ᠦᠭᠡᠳᠡ
ᠲᠡᠭᠡᠰᠦᠯᠡᠨ ᠢᠷᠡᠬᠦ᠌ ᠱᠢᠪᠠᠭᠤᠳᠤᠨ ᠵᠢᠷᠭᠢᠭᠡ ᠲᠤᠯᠠᠭᠠᠨ ᠦᠭᠡᠳᠡ
ᠲᠠᠭᠤᠯᠠᠮᠠᠷ ᠲᠠᠭᠤᠯᠠᠮᠠᠷ ᠠᠮᠠᠷᠠᠭᠤᠳᠤᠨ ᠮᠦᠱᠢᠶᠡᠳᠦ ᠲᠡᠷᠭᠡᠯ ᠦᠭᠡᠳᠡ
ᠲᠠᠯᠠᠯᠭᠠ ᠬᠤᠷᠤᠢᠲᠠᠢ ᠮᠠᠯᠤᠨ ᠬᠡᠱᠢᠭ ᠬᠦᠷᠢᠶᠡ ᠦᠭᠡᠳᠡ
ᠲᠤᠷᠤᠮ ᠪᠦᠬᠦ᠌ᠲᠠᠢ ᠱᠢᠨᠠ ᠵᠢᠯ ᠦᠭᠡᠳᠡ ᠦᠭᠡᠳᠡ᠃
ᠪᠤᠷᠬᠠᠨᠳᠤ ᠲᠠᠯᠪᠢᠭ᠍ᠰᠠᠨ ᠪᠤᠤᠪᠤᠶ᠋ᠢᠨ ᠤᠷᠤᠢ ᠰᠦᠮᠪᠦᠷ ᠦᠭᠡᠳᠡ
ᠪᠤᠭᠤᠷᠤᠯ ᠨᠠᠰᠤᠳᠠᠨᠳᠤ ᠪᠠᠷᠢᠭ᠍ᠰᠠᠨ ᠬᠠᠳᠠᠭ ᠢᠷᠦᠭᠡᠯ ᠦᠭᠡᠳᠡ
ᠪᠤᠶᠠᠨ ᠬᠡᠱᠢᠭ ᠪᠤᠳᠠᠭᠠ ᠱᠢᠭ᠋ ᠠᠷᠪᠢᠵᠢᠨ ᠦᠷᠭᠦᠯᠵᠢ ᠦᠭᠡᠳᠡ
ᠪᠢᠯᠢᠭ ᠰᠤᠷᠭᠠᠯ ᠦᠪ ᠰᠤᠶᠤᠯ ᠬᠦᠮᠦᠵᠢᠯ ᠦᠭᠡᠳᠡ
ᠪᠤᠱᠤᠭᠠ ᠠᠯᠬᠤᠭ᠍ᠰᠠᠨ ᠪᠠᠷᠰ ᠵᠢᠯ ᠰᠠᠢᠨ ᠰᠠᠢᠬᠠᠨ ᠦᠭᠡᠳᠡ
ᠪᠢᠷᠠᠭᠤ ᠪᠤᠯᠴᠢᠩᠲᠠᠢ ᠱᠢᠨᠡ ᠵᠢᠯ ᠦᠭᠡᠳᠡ ᠦᠭᠡᠳᠡ᠃
ᠬᠦᠪᠴᠢᠶ᠋ᠢᠨ ᠨᠤᠭᠤᠭᠠᠨ ᠪᠠᠢᠭᠠᠯᠢ ᠠᠬᠤᠢ ᠤᠤᠭᠠᠯ ᠦᠭᠡᠳᠡ
ᠬᠤᠪᠤᠷ ᠴᠤᠬᠠᠭ ᠠᠷᠢᠶᠠᠳᠠᠨ ᠠᠮᠢᠳᠠᠨ ᠬᠠᠮᠠᠭᠠᠯᠠᠯ ᠦᠭᠡᠳᠡ
ᠬᠦᠨᠳᠦᠯᠡᠵᠦ᠍ ᠠᠴᠢᠯᠠᠬᠤ᠂ ᠬᠦᠩᠭᠡᠮᠰᠦᠭ ᠲᠠᠷᠤᠤ ᠡᠯᠪᠡᠷᠢᠯ ᠦᠭᠡᠳᠡ
ᠬᠦᠳᠦᠰᠦᠨ ᠲᠡᠪᠡᠯ ᠶ᠋ᠢᠡᠨ ᠡᠮᠦᠰᠦᠭᠡᠳ ᠭᠠᠷᠬᠤᠳᠤ ᠰᠦᠯᠳᠡ ᠦᠭᠡᠳᠡ
ᠬᠦᠷᠦᠭᠡᠳ ᠢᠷᠡᠭ᠌ᠰᠡᠨ ᠴᠠᠭᠠᠨ ᠰᠠᠷᠠ ᠬᠦᠰᠡᠭ᠌ᠰᠡᠨᠢᠶᠠᠷ ᠦᠭᠡᠳᠡ
ᠬᠦᠮᠦᠨ ᠪᠦᠬᠦᠨ ᠱᠢᠨᠡ ᠵᠢᠯᠳᠤ ᠦᠭᠡᠳᠡ ᠦᠭᠡᠳᠡ᠃
ᠢᠰᠡᠭᠡᠢ ᠤᠯᠪᠤᠭᠲᠤ ᠠᠢᠯ ᠪᠦᠯᠢ ᠪᠠᠶᠠᠷ ᠦᠭᠡᠳᠡ
ᠢᠰᠭᠡᠵᠦ᠍ ᠲᠡᠵᠢᠭᠡᠭ᠌ᠰᠡᠨ ᠠᠢᠷᠠᠭ ᠰᠦ ᠬᠦᠷᠦᠩᠭᠡ ᠦᠭᠡᠳᠡ
ᠢᠯᠭᠢᠨ ᠪᠤᠭ᠍ᠴᠦᠳᠤ ᠢᠳᠡᠭᠡ ᠲᠦᠭᠦᠷᠡᠩ ᠡᠷᠭᠢᠯᠳᠡ ᠦᠭᠡᠳᠡ
ᠢᠨᠲ᠋ᠧᠷ ᠰᠦᠯᠵᠢᠶᠡ ᠱᠢᠨᠵᠢᠯᠡᠭᠡ ᠮᠡᠷᠭᠡᠵᠢᠯ ᠲᠠᠶᠠᠭᠠᠷᠴᠢᠯᠠᠯ ᠦᠭᠡᠳᠡ
ᠶᠢᠷᠳᠢᠨᠴᠦ᠍ ᠶ᠋ᠢᠨ ᠬᠦᠮᠦᠰ ᠨᠢᠭᠡᠨ ᠭᠡᠷ ᠮᠡᠳᠦ ᠬᠠᠮᠲᠣ ᠦᠭᠡᠳᠡ
ᠢᠨᠢᠶᠡᠵᠦ᠍ ᠪᠠᠶᠠᠰᠤᠨ ᠢᠷᠡᠵᠦ᠍ ᠶᠠᠪᠤᠬᠤ ᠨᠠᠷᠠᠨ ᠦᠭᠡᠳᠡ᠃
ᠦᠷᠯᠦᠭᠡ ᠪᠤᠯᠭᠠᠨ ᠪᠠᠶᠠᠷ ᠪᠠᠶᠠᠰᠭᠤᠯᠠᠩᠲᠠᠢ ᠦᠯᠡᠮᠵᠢ ᠦᠭᠡᠳᠡ
ᠤᠷᠠᠢ ᠬᠤᠷᠤᠢ ᠤᠤᠬᠠᠢᠪᠠᠷ ᠪᠤᠯᠤᠭᠠᠳ ᠬᠡᠱᠢᠭ ᠦᠭᠡᠳᠡ
ᠤᠳᠭᠠ ᠤᠷᠠᠯᠢᠭ ᠦᠩᠭᠡ ᠢᠯᠭᠠᠷᠠᠨ ᠠᠷᠠᠳ ᠲᠦᠮᠡᠨ ᠦᠭᠡᠳᠡ
ᠦᠩᠭᠡᠲᠠᠢ ᠵᠢᠯᠢᠶᠠᠨ ᠤᠭ᠍ᠳᠤᠬᠤ ᠱᠢᠯᠦᠭᠤᠨ ᠰᠠᠨᠠᠭᠠ ᠦᠭᠡᠳᠡ
ᠡᠳᠦᠷᠠᠴᠠ ᠡᠳᠦᠷ ᠦᠭᠡᠳᠡᠯᠡᠨ ᠮᠡᠷᠡᠢᠵᠦ᠍ ᠲᠠᠪᠱᠢᠯᠳᠠ ᠦᠭᠡᠳᠡ
ᠤᠮ ᠰᠠᠢᠨ᠂ ᠤᠯᠠᠮ ᠰᠠᠢᠬᠠᠨ ᠵᠢᠷᠭᠠᠯᠠᠩ ᠦᠭᠡᠳᠡ᠃