ᠰᠠᠷ᠎ᠠ ᠱᠢᠨ᠎ᠡ᠎ᠶ᠋ᠢᠨ ᠵᠤᠯᠭᠠᠯᠳᠠ
2022-01-26 09:33:00
ᠵᠣᠬᠢᠶᠠᠭ᠍ᠴᠢ᠄
ᠴᠢ᠊·ᠲᠤᠯᠬᠢᠶᠠᠨ
ᠣᠩᠱᠢᠭ᠍ᠰᠠᠨ ᠣᠳᠠᠭ᠎ᠠ᠄
★★★☆☆

ᠰᠠᠨᠴᠢᠭ ᠪᠤᠭᠤᠷᠤᠯ ᠡᠵᠢ ᠠᠪᠤ ᠳ᠋ᠠᠭᠠᠨ

ᠰᠠᠷ᠎ᠠ ᠱᠢᠨ᠎ᠡ᠎ᠶ᠋ᠢᠨ ᠮᠠᠨᠳᠦ ᠲᠡᠪᠱᠢᠭᠦᠯᠬᠦ᠌ ᠭᠡᠵᠦ᠍

ᠰᠠᠢᠨ᠎ᠤ ᠢᠷᠦᠭᠡᠯ᠎ᠢ᠎ᠨᠢ ᠬᠦᠷᠳᠡᠬᠦ᠌ ᠭᠡᠵᠦ᠍

ᠰᠠᠷ᠎ᠠ ᠡᠳᠦᠷ᠎ᠢ ᠲᠤᠭᠠᠯᠠᠭ᠍ᠰᠠᠭᠠᠷ ᠁


ᠨᠠᠷᠠᠨ ᠰᠠᠷᠠᠨ᠎ᠤ ᠤᠷᠴᠢᠯᠳᠠ᠎ᠪᠠᠷ

ᠨᠠᠷᠠᠯᠠᠭ ᠬᠤᠷᠸ᠎ᠠ᠎ᠶ᠋ᠢᠨ ᠵᠢᠮ᠎ᠡ᠎ᠪᠠᠷ

ᠨᠠᠢᠷᠳᠠᠢ ᠰᠠᠢᠬᠠᠨ ᠬᠠᠭᠤᠴᠢᠨ ᠵᠢᠯ᠎ᠢᠶᠠᠨ ᠦᠳᠡᠵᠦ᠍

ᠨᠠᠷᠬᠢᠶᠠᠨ ᠶᠡᠬᠡᠳᠡᠢ ᠱᠢᠨ᠎ᠡ ᠵᠢᠯ᠎ᠢᠶᠠᠨ ᠤᠭ᠍ᠳᠤᠬᠤ ᠪᠤᠯᠤᠯ᠎ᠠ


ᠡᠬᠦᠳᠡᠨ ᠭᠠᠳᠠᠨ᠎ᠠ᠎ᠪᠠᠨ ᠰᠠᠷᠠᠪᠴᠢᠯᠠᠨ ᠵᠤᠭ᠍ᠰᠤᠭ᠎ᠠ

ᠦᠳᠡᠯᠦᠭᠡ ᠪᠤᠭᠤᠷᠤᠯ ᠡᠵᠢ ᠠᠪᠤ᠎ᠳ᠋ᠠᠭᠠᠨ

ᠦᠨᠡᠨ᠎ᠤ ᠰᠦᠵᠢᠭ᠎ᠲᠠᠢ ᠤᠴᠢᠬᠤ ᠶᠤᠮᠰᠠᠨ

ᠡᠩᠭᠡ᠎ᠶ᠋ᠢᠨ ᠮᠡᠨᠳᠦ᠍᠎ᠲᠠᠢ ᠵᠤᠯᠭᠠᠬᠤ ᠶᠤᠮᠰᠠᠨ


ᠡᠵᠢ᠎ᠶ᠋ᠢᠨ ᠬᠢᠭ᠌ᠰᠡᠨ ᠬᠤᠭᠤᠯᠠ

ᠡᠨᠡ ᠲᠡᠯᠡᠬᠡᠢ᠎ᠶ᠋ᠢᠨ ᠬᠠᠮᠤᠭ᠎ᠤᠨ ᠠᠮᠳᠠᠳᠠᠢ ᠬᠤᠭᠤᠯᠠ ᠶᠤᠮᠰᠠᠨ

ᠰᠠᠭᠠᠯᠢ᠎ᠶ᠋ᠢᠨ ᠦᠨᠦᠷ᠎ᠲᠠᠢ ᠦᠷᠦᠬᠡ

ᠡᠨᠡ ᠲᠡᠯᠡᠬᠡᠢ᠎ᠶ᠋ᠢᠨ ᠬᠠᠮᠤᠭ᠎ᠤᠨ ᠲᠠᠭᠠᠯᠠᠮᠵᠢᠳᠠᠢ ᠤᠷᠤᠴᠠ ᠶᠤᠮᠰᠠᠨ


ᠰᠠᠨᠠᠭ᠎ᠠ ᠪᠤᠳᠤᠯ᠎ᠤᠨ ᠪᠠᠶᠠᠷ ᠭᠤᠨᠢᠭ᠎ᠢᠶᠠᠨ

ᠰᠠᠢᠬᠠᠨ ᠡᠵᠢ᠎ᠲᠠᠢ᠎ᠪᠠᠨ ᠬᠤᠪᠢᠶᠠᠯᠴᠠᠬᠤ ᠶᠤᠮᠰᠠᠨ

ᠰᠠᠷ᠎ᠠ ᠱᠢᠨ᠎ᠡ᠎ᠶ᠋ᠢᠨ ᠠᠮᠤᠷ ᠮᠡᠨᠳᠦ᠍᠎ᠶ᠋ᠢ

ᠰᠠᠨᠠᠭ᠍ᠰᠠᠨ ᠡᠵᠢ᠎ᠳ᠋ᠡᠭᠡᠨ ᠬᠦᠷᠭᠡᠬᠦ᠌ ᠶᠤᠮᠰᠠᠨ


ᠦᠷ᠎ᠡ᠎ᠪᠠᠨ ᠬᠠᠷᠠᠭᠠᠳ ᠪᠠᠶᠠᠷᠯᠠᠬᠤ ᠰᠡᠳᠭᠢᠯ᠎ᠨᠢ

ᠦᠷᠴᠢᠯᠡᠭᠡᠰᠦᠳᠦ ᠨᠢᠭᠤᠷ᠎ᠲᠤᠨᠢ ᠪᠢᠯᠬᠠᠷᠠᠬᠤ ᠶᠤᠮᠰᠠᠨ

ᠦᠷ᠎ᠡ᠎ᠶ᠋ᠢᠨ ᠮᠢᠨᠢ ᠦᠷ᠎ᠡ ᠭᠡᠵᠦ᠍

ᠡᠩᠭᠦᠷᠡᠢ ᠬᠡᠦᠬᠡᠨ᠎ᠢ ᠮᠢᠨᠢ ᠦᠨᠦᠰᠭᠦ ᠶᠤᠮᠰᠠᠨ


ᠦᠪᠡᠷ᠎ᠢᠶᠠᠨ ᠪᠢ ᠡᠵᠢ ᠰᠠᠭᠤᠴᠢᠬᠠᠭ᠍ᠰᠠᠨ ᠴᠦ᠍

ᠡᠬᠡ᠎ᠳᠡᠭᠡᠨ ᠪᠢ ᠨᠢᠯᠬᠠᠷᠠᠬᠤ ᠶᠤᠮᠰᠠᠨ

ᠡᠵᠢ ᠮᠢᠨᠢ ᠦᠳᠡᠯᠴᠢᠭᠡᠭ᠌ᠰᠡᠨ ᠴᠦ᠍

ᠦᠷ᠎ᠡ᠎ᠳ᠋ᠡᠭᠡᠨ ᠬᠠᠷᠢᠨ ᠠᠭᠤᠯᠠ ᠱᠢᠭ᠋ ᠲᠦᠱᠢᠭ ᠶᠤᠮᠰᠠᠨ


ᠬᠦᠮᠦᠨ ᠪᠦᠷᠢ᠎ᠶ᠋ᠢᠨ ᠴᠢᠷᠠᠢ᠎ᠳᠤ

ᠵᠢᠷᠭᠠᠯ᠎ᠤᠨ ᠲᠤᠶᠠᠭ᠎ᠠ ᠰᠠᠴᠤᠷᠠᠨ᠎ᠠ

ᠬᠦᠭ᠌ᠰᠢᠨ ᠪᠤᠭᠤᠷᠤᠯ ᠡᠵᠢ ᠠᠪᠤ᠎ᠶ᠋ᠢᠨ ᠮᠢᠨᠢ

ᠮᠠᠩᠨᠠᠢ᠎ᠶ᠋ᠢᠨ ᠦᠷᠴᠢᠯᠡᠭᠡᠰᠦ ᠲᠡᠨᠢ᠌ᠨ᠎ᠡ


ᠰᠠᠷ᠎ᠠ ᠱᠢᠨ᠎ᠡ᠎ᠶ᠋ᠢᠨ ᠵᠤᠯᠭᠠᠯᠳᠠ᠎ᠳᠤ

ᠰᠠᠳᠤᠨ ᠲᠦᠷᠦᠯ᠎ᠢᠶᠠᠷ᠎ᠢᠶᠠᠨ ᠪᠠᠶᠠᠷ᠎ᠲᠠᠢ

ᠰᠠᠨᠠᠬᠤ᠎ᠶ᠋ᠢᠨ ᠬᠡᠴᠡᠬᠦᠦ ᠮᠦᠷᠦᠭᠡᠳᠦᠯ᠎ᠳᠤ

ᠠᠭᠤᠯᠵᠠᠨ ᠵᠤᠯᠭᠠᠭᠠᠳ ᠪᠠᠶᠠᠷ᠎ᠲᠠᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号