2021 ᠤᠨ᠎ᠤ 12 ᠰᠠᠷ᠎ᠠ᠎ᠶ᠋ᠢᠨ 26 ᠤ᠋ ᠡᠳᠤᠷ᠂ ᠦᠪᠤᠷ ᠮᠤᠡᠭ᠌ᠭᠤᠯᠤᠨ ᠨᠡᠢ᠌ᠭᠡᠮ᠎ᠤᠨ ᠱᠢᠨᠵᠢᠯᠡᠬᠦ᠌ ᠤᠠᠬ᠍ᠭᠠᠨᠤ ᠬᠦᠷᠢᠶᠡᠯᠠᠡᠭᠤᠨ ᠤᠳᠭ᠎ᠠ ᠵᠤᠬᠢᠶᠠᠯ ᠰᠤᠳᠤᠯᠬᠤ ᠭᠠᠵᠡᠷ᠂ ᠦᠪᠤᠷ ᠮᠤᠡᠭᠭᠤᠯ᠎ᠤᠨ ᠤᠳᠭ᠎ᠠ ᠤᠷᠠᠯᠢᠭ᠎ᠤᠨ ᠬᠢᠨ᠎ᠤ ᠬᠤᠯᠪᠤᠭ᠎ᠠ ᠶ᠋ᠢᠨ《ᠠᠯᠳᠡᠨ ᠦᠨᠳᠦᠰᠦ》ᠰᠡᠳᠬᠦᠯ᠎ᠤᠨ ᠨᠠᠢ᠌ᠷᠠᠭᠤᠯᠬᠤ ᠬᠡᠯᠳᠡᠰ ᠬᠢᠭᠡᠳ ᠦᠪᠦᠷ ᠮᠤᠡᠭ᠌ᠭᠤᠯᠤᠨ ᠱᠢᠨ᠋ᠠ ᠤᠳᠭ᠎ᠠ ᠵᠤᠬᠢᠶᠠᠯ ᠰᠤᠳᠤᠯᠬᠤ ᠬᠤᠷᠠᠯᠳᠠᠢ ᠡᠴᠠ ᠬᠠᠮᠳᠤᠷᠡᠨ ᠡᠷᠬᠢᠯᠡᠭ᠌ᠰᠡᠨ《ᠸ·ᠬᠠᠰᠤᠨ ᠷᠤᠮᠠᠨ〈ᠢᠱᠢᠪᠡᠯᠵᠤᠷ〉 ᠢ᠋ ᠰᠤᠳᠤᠯᠤᠨ ᠶᠠᠷᠢᠯᠴᠠᠬᠤ ᠬᠤᠷᠡᠯ》 ᠬᠦᠬᠡᠬᠤᠳᠠ᠎ᠳᠦ ᠶᠠᠪᠤᠬ᠍ᠳᠠᠯ᠎ᠠ᠃


ᠮᠠᠨᠤᠤᠷᠤᠨᠤ《ᠰᠤᠯᠦᠡᠭ᠌ᠭᠠ ᠱᠠᠡᠭ᠌ᠨᠠᠯᠳᠦ》ᠵᠤᠬᠢᠶᠠᠯᠴᠢ ᠸ·ᠬᠠᠰᠤᠨ ᠲᠤᠭᠤᠷᠪᠢᠬ᠍ᠰᠡᠨ 43 ᠲᠦᠮᠡᠨ ᠦᠰᠦᠭ ᠲᠠᠢ ᠲᠡᠤᠬᠡᠨ ᠰᠡᠳᠤᠪᠳᠦ ᠷᠤᠮᠡᠨ《ᠢᠱᠢᠪᠡᠯᠵᠤᠷ》ᠪᠤᠯ ᠦᠪᠡᠷᠳᠡᠭᠡᠨ ᠵᠠᠰᠭᠠᠤ ᠤᠷᠤᠨ᠎ᠤ ᠨᠠᠮ᠎ᠤᠨ ᠬᠤᠷᠢᠶ᠎ᠠ᠎ᠶ᠋ᠢᠨ ᠤᠬᠠᠭᠤᠯᠬᠤ ᠭᠡᠯᠳᠡᠰ᠎ᠤᠨ ᠰᠠᠨᠠᠭᠠᠴᠢᠯᠠᠭ᠎ᠠ᠎ᠶ᠋ᠢᠨ ᠲᠠᠭᠠᠤ᠂ ᠦᠪᠤᠷ ᠮᠤᠡᠭᠭᠤᠯ᠎ᠤᠨ ᠤᠳᠭ᠎ᠠ ᠤᠷᠠᠯᠢᠭ᠎ᠤᠨ ᠬᠢᠨ᠎ᠤ ᠬᠤᠯᠪᠤᠭ᠎ᠠ᠂ ᠦᠪᠡᠷᠳᠡᠭᠡᠨ ᠵᠠᠰᠠᠬᠤ ᠤᠷᠤᠨ᠎ᠤ ᠵᠤᠬᠢᠶᠠᠯᠴᠢᠳ᠎ᠤᠨ ᠡᠪᠯᠡᠯ᠎ᠤᠨ ᠵᠤᠬᠢᠶᠠᠨ ᠪᠠᠢ᠌ᠭᠤᠯᠤᠬ᠍ᠰᠡᠨ《ᠦᠪᠤᠷ ᠮᠤᠡᠭ᠌ᠭᠤᠯᠤᠨ ᠤᠷᠡᠨ ᠵᠤᠬᠢᠶᠠᠯ᠎ᠤᠨ ᠭᠤᠤᠯᠳᠠᠯᠭ᠎ᠠ᠎ᠳᠦ ᠪᠦᠳᠦᠭᠡᠯ᠎ᠢ ᠵᠤᠬᠢᠶᠠᠨ ᠪᠦᠳᠦᠬᠡᠬᠦ᠌ ᠢᠨᠵᠸᠨ᠋ᠸᠷᠢᠡᠭ》 ᠳ᠋ᠥ ᠰᠤᠡᠭ᠌ᠭᠤᠬ᠍ᠳᠠᠬ᠍ᠰᠡᠨ ᠪᠦᠳᠦᠬᠡᠯ᠎ᠤᠨ ᠨᠢᠭᠡ ᠪᠤᠯᠤᠨ᠋᠎ᠠ᠃ ᠲᠤᠰ ᠷᠤᠮᠡᠨ᠎ᠳᠦ 300 ᠭᠠᠷᠤᠢ ᠵᠢᠯ᠎ᠤᠨ ᠡᠮᠤᠨᠡᠬᠢ ᠲᠡᠤᠬᠡᠳᠦ ᠬᠦᠮᠦᠨ ᠲᠡᠭᠡᠳᠦ ᠮᠤᠡᠭ᠌ᠭᠤᠯᠤᠨ ᠤᠢ᠍ᠢᠷᠡᠳ ᠶᠠᠰᠤᠳᠡᠨ ᠢᠱᠢᠪᠡᠯᠵᠤᠷᠤᠨ ᠶᠡᠭᠡ ᠪᠠᠭ᠎ᠠ ᠠᠷᠪᠡᠨ ᠤᠬᠠᠭᠠᠨᠳᠦ ᠨᠡᠪᠳᠡᠷᠡᠭ᠌ᠰᠡᠨ ᠤᠢ᠍ᠢᠯᠡ ᠠᠵᠢᠯᠯᠠᠭ᠎ᠠ ᠪᠠ ᠲᠡᠬᠦᠨ᠎ᠤ ᠭᠠᠪᠢᠶ᠎ᠠ ᠵᠢᠳᠬᠦᠯ ᠪᠦᠬᠦᠢ ᠭᠠᠢ᠌ᠬᠠᠮᠱᠢᠬ᠍ᠳᠦ ᠨᠢᠭᠡ ᠨᠠᠰᠤᠨ᠎ᠤ ᠤᠢ᠍ᠢᠯᠡ ᠠᠵᠢᠯᠯᠠᠭ᠎ᠠ᠎ᠳᠦ ᠰᠠᠭᠤᠷᠢᠯᠡᠨ᠂ ᠲᠤᠬᠠᠢ᠎ᠶ᠋ᠢᠨ ᠦᠶ᠎ᠠ᠎ᠶ᠋ᠢᠨ ᠨᠡᠢ᠌ᠭᠡᠮ ᠤᠯᠤᠰ ᠲᠦᠷᠦ᠍᠎ᠶ᠋ᠢᠨ ᠵᠦᠷᠢᠴᠡᠯ᠂ᠱᠠᠱᠢᠨᠤᠬᠢᠮᠤᠷᠠᠯᠳᠤᠭᠠᠨ᠂ ᠡᠷᠭᠡ ᠵᠡᠷᠭᠡ᠎ᠶ᠋ᠢᠨ ᠲᠡᠮᠡᠴᠡᠭᠡᠨ᠂ ᠡᠷᠳᠡᠮ ᠱᠢᠨᠵᠢᠯᠡᠭᠡᠨ᠎ᠤ ᠮᠠᠷᠭᠤᠯᠳᠤᠭᠠᠨ ᠲᠤᠮᠳᠠ ᠢᠱᠢᠪᠡᠯᠵᠤᠷᠤᠨ ᠦᠰᠦᠨ ᠪᠤᠢ᠌ᠵᠢᠬ᠍ᠰᠡᠨ ᠶᠠᠪᠤᠴᠠ ᠬᠢᠭᠡᠳ ᠮᠤᠡᠭ᠌ᠭᠤᠯ ᠠᠨᠠᠭᠠᠬᠤ ᠤᠬᠠᠭᠠᠨ᠎ᠤ ᠬᠦᠭ᠌ᠵᠢᠯᠳᠠ᠎ᠶ᠋ᠢᠨ ᠲᠦᠯᠦᠭᠡ ᠭᠤᠶᠡᠴᠢ ᠦᠭᠡᠢ ᠵᠢᠳᠬᠦᠭ᠌ᠰᠡᠨ ᠲᠡᠬᠦᠨ᠎ᠤ ᠨᠢᠭᠡ ᠨᠡᠰᠤᠨᠤ ᠦᠯᠢᠭᠡᠷ ᠤᠴᠠᠷᠡᠯᠢ ᠪᠢᠴᠢᠵᠠᠢ᠃
ᠰᠤᠳᠤᠯᠤᠨ ᠶᠠᠷᠢᠯᠴᠠᠬᠤ ᠬᠤᠷᠡᠯ᠎ᠳᠦ ᠱᠢᠬᠦᠮᠵᠢᠯᠡᠭ᠌ᠴᠢ ᠪᠠ ᠡᠷᠳᠡᠮᠳᠡᠳ ᠡᠴᠠ ᠷᠤᠮᠡᠨ《ᠢᠱᠢᠪᠡᠯᠵᠤᠷ》 ᠪᠤᠯ ᠲᠡᠤᠬᠡᠳᠦ ᠬᠦᠮᠦᠨ᠂ ᠡᠷᠳᠡᠮᠳᠡᠨ ᠢᠱᠢᠪᠡᠯᠵᠤᠷᠤᠨ ᠲᠤᠬᠠᠢ ᠪᠢᠴᠢᠭ᠌ᠳᠡᠭ᠌ᠰᠡᠨ ᠠᠡᠭ᠌ᠬᠠᠳᠠᠬ᠍ᠴᠢ ᠷᠤᠮᠡᠨ ᠪᠦᠭᠡᠳ《ᠢᠱᠢᠪᠡᠯᠵᠤᠷ ᠰᠤᠳᠤᠯᠤᠯ》 ᠤ᠋ᠨ ᠬᠠᠷᠠᠭ᠎ᠠ ᠰᠡᠭᠡᠭᠡ᠎ᠶ᠋ᠢ ᠲᠡᠯᠡᠵᠦ᠍᠂ ᠱᠢᠨᠵᠢᠯᠡᠬᠦ᠌ ᠤᠬᠠᠭᠠᠨ᠎ᠤ ᠵᠤᠷᠢᠭ ᠰᠠᠨᠠᠭ᠎ᠠ ᠬᠢᠭᠡᠳ ᠤᠷᠡᠨ ᠲᠠᠷᠬᠠᠨ᠎ᠤ ᠵᠤᠷᠢᠭ ᠰᠠᠨᠠᠭ᠎ᠠ᠎ᠶ᠋ᠢ ᠱᠤᠭᠤᠬᠤ ᠪᠡᠷ ᠤᠷᠤᠯᠳᠤᠬ᠍ᠰᠡᠨ ᠠᠮᠵᠢᠯᠳᠠ ᠤᠯᠤᠯᠳᠠ ᠪᠠ ᠠᠯᠳᠠᠭ ᠤᠨᠤᠭ ᠢ ᠱᠢᠬᠦᠮᠵᠢᠯᠡᠨ ᠦᠬᠦᠯᠡᠵᠡᠭᠡᠵᠡᠢ᠃ᠰᠤᠳᠤᠯᠤᠨ ᠶᠠᠷᠢᠯᠴᠠᠬᠤ ᠬᠤᠷᠡᠯ᠎ᠳᠦ᠂ ᠴ·ᠵᠢᠷᠭᠠᠯ᠂ ᠰᠦᠶᠦᠭᠡ᠂ ᠪᠦᠷᠢᠨᠪᠡᠶᠡᠷ᠂ ᠨᠠ᠊·ᠱᠢᠯᠢᠨᠪᠡᠭᠠᠳᠤᠷ᠂ ᠰᠤ ·ᠡᠷᠳᠠᠨᠢ᠂ ᠰᠠᠷᠡᠨ᠋ᠠ᠂ ᠨᠡᠮᠢᠶᠠ᠂ ᠶ·ᠲᠠᠮᠤᠷ᠎ᠵᠢᠨ᠂ ᠴᠥ᠋ᠯᠢᠭᠢᠷ᠂ ᠴᠦ ᠢ ᠂ ᠨᠠ᠊·ᠬᠡᠬᠡᠨᠰᠠᠷᠠ᠂ ᠲᠠᠷᠬᠤ᠎ᠤᠨ ᠬᠢᠡᠭ᠌ᠭᠠᠨ᠂ ᠪᠤ᠊ · ᠱᠢᠭᠤᠢ᠂ ᠵᠤᠷᠢᠬ᠍ᠳᠦ ᠵᠡᠷᠭᠡ ᠠᠬᠠᠮᠡᠳ᠂ ᠢᠳᠡᠷ᠂ ᠵᠠᠯᠠᠭᠤ ᠭᠤᠷᠪᠡᠨ ᠦᠶ᠎ᠠ᠎ᠶ᠋ᠢᠨ ᠡᠷᠳᠡᠮᠳᠡᠨ ᠱᠢᠬᠦᠮᠵᠢᠯᠡᠭ᠌ᠴᠢᠳ ᠤᠷᠤᠯᠴᠠᠵᠠᠢ᠃ ᠡᠬᠦᠨ᠎ᠳᠦ᠂ ᠰᠦᠶᠦᠭᠡ ᠫᠷᠤᠹᠸᠰᠰᠤᠷ᠎ᠤᠨ《ᠷᠤᠮᠡᠨ〈ᠢᠱᠢᠪᠡᠯᠵᠤᠷ〉᠎ᠤ᠋ᠨ ᠱᠢᠬᠦᠮᠵᠢᠯᠡᠯ》᠂ ᠨᠡᠮᠶ᠋ᠢᠠ ᠫᠷᠤᠹᠸᠰᠰᠤᠷ᠎ᠤᠨ《ᠪᠢᠳᠠ ᠶᠠᠭᠤᠨ᠎ᠳᠦ ᠲᠡᠤᠭᠡ ᠬᠦᠤᠷᠨᠢᠳᠡᠭ ᠪᠤᠢ?》᠂ ᠶ·ᠲᠡᠮᠤᠷᠵᠢᠨᠰᠤᠳᠤᠯᠤᠬ᠍ᠴᠢᠶ᠋ᠢᠨ《ᠲᠡᠤᠭᠡᠨ ᠬᠦᠤᠷᠨᠢᠯ᠎ᠳᠡᠬᠢ ᠪᠡᠶᠡᠴᠢ ᠴᠤᠬ᠍ᠴᠠ᠎ᠶ᠋ᠢᠨ ᠲᠦᠰᠦᠭᠡᠯᠡᠯ》᠂ ᠴᠥᠯᠢᠭᠢᠷ ᠫᠷᠤᠹᠸᠰᠰᠤᠷ᠎ᠤᠨ《ᠨᠠᠢ᠌ᠷᠠᠭᠤᠯᠤᠬ᠍ᠰᠡᠨ ᠷᠤᠮᠡᠨ〈ᠢᠱᠢᠪᠡᠯᠵᠤᠷ〉᠎ᠤ᠋ᠨ ᠤᠨᠭᠰᠢᠯᠭ᠎ᠠ ᠵᠠᠳᠠᠯᠤᠯ》᠂ ᠴᠦ ᠢ ᠫᠷᠤᠹᠸᠰᠰᠤᠷ᠎ᠤᠨ《 ᠸ·ᠬᠠᠰᠤᠨ〈ᠢᠱᠢᠪᠡᠯᠵᠤᠷ〉ᠷᠤᠮᠡᠨᠤ ᠲᠦᠷᠢ᠎ᠶ᠋ᠢᠨ ᠰᠤᠳᠤᠯᠤᠯ》ᠬᠢᠭᠡᠳ ᠨᠠ᠊·ᠬᠡᠬᠡᠨᠰᠠᠷᠠ ᠰᠤᠳᠤᠯᠤᠬ᠍ᠴᠢ᠂ ᠪᠤ᠊· ᠱᠢᠭᠤᠢ ᠰᠤᠳᠤᠯᠤᠬ᠍ᠴᠢ᠂ ᠲᠠᠷᠡᠠᠤᠤᠨ ᠬᠢᠡᠭ᠌ᠭᠠᠨ ᠲᠡᠳ᠋ ᠫᠷᠤᠹᠸᠰᠰᠤᠷ᠎ᠤᠨ ᠲᠡᠪᠰᠢᠬᠦᠯᠦᠭᠰᠡᠨ《ᠤᠳᠭ᠎ᠠ ᠰᠡᠳᠤᠪ᠂ ᠠᠬᠤᠢ᠎ᠶ᠋ᠢᠨ ᠲᠡᠯᠬᠡᠯᠳᠠ᠂ ᠲᠦᠷᠢ᠎ᠶ᠋ᠢᠨ ᠪᠦᠳᠦᠭᠡᠯᠳᠠ》《ᠲᠡᠤᠭᠡᠨ ᠬᠦᠮᠦᠨ ᠢᠱᠢᠪᠡᠯᠵᠤᠷ ᠪᠡ ᠤᠷᠡᠨ ᠲᠦᠷᠢ᠎ᠶ᠋ᠢᠨ ᠢᠱᠢᠪᠡᠯᠵᠤᠷ》᠂《ᠢᠱᠢᠪᠡᠯᠵᠤᠷᠤᠨ ᠤᠶᠤᠨ᠎ᠤ ᠶᠢᠷᠳᠢᠨᠴᠦ᠍》ᠬᠡᠬᠦ᠌ ᠱᠢᠬᠦᠮᠵᠢ᠎ᠶ᠋ᠢᠨ ᠵᠤᠬᠢᠶᠠᠯ᠎ᠤᠳ ᠲᠦ᠍᠂ ᠷᠤᠮᠡᠨ《ᠢᠱᠢᠪᠡᠯᠵᠤᠷ》᠎ᠤ᠋ᠨ ᠲᠦᠷᠢ ᠪᠦᠳᠦᠭᠡᠯᠳᠠ᠂ ᠤᠳᠭ᠎ᠠ ᠰᠡᠳᠤᠪ᠂ ᠤᠷᠡᠨ ᠰᠡᠳᠭᠢᠮᠵᠢ᠂ ᠦᠯᠢᠭᠡᠷ ᠵᠤᠬᠢᠶᠠᠮᠵᠢ᠂ ᠰᠠᠨᠠᠭ᠎ᠠ ᠠᠬᠤᠢ᠂ ᠲᠡᠤᠭᠡᠳᠦ ᠬᠡᠷᠡᠭ᠂ ᠪᠢᠴᠢᠯᠭᠡ᠎ᠶ᠋ᠢᠨ ᠠᠷᠭ᠎ᠠ ᠵᠡᠷᠭᠡ ᠤᠯᠠᠨ ᠲᠠᠯ᠎ᠠ ᠡᠴᠠ ᠱᠢᠬᠦᠮᠵᠢᠯᠡᠨ ᠦᠬᠦᠯᠡᠭ᠌ᠰᠡᠨ ᠪᠠᠢ᠌ᠨ᠋ᠠ᠃
ᠵᠤᠬᠢᠶᠠᠯᠴᠢ ᠸ·ᠬᠠᠰ ᠪᠤᠯ ᠬᠢᠡᠭ᠌ᠭᠠᠨ ᠠᠢ᠌ᠮᠠᠭ᠎ᠤᠨ ᠬᠤᠷᠴᠢᠨ ᠪᠠᠷᠠᠭᠤᠨ ᠭᠠᠷᠤᠨ ᠲᠤᠮᠳᠡᠳᠦ ᠬᠤᠱᠢᠭᠤ ᠪᠡᠷ ᠨᠤᠳᠤᠬᠳᠠᠢ᠃ ᠲᠤᠮᠳᠡᠳᠦ ᠤᠯᠤᠰ᠎ᠤᠨ ᠵᠤᠬᠢᠶᠠᠯᠴᠢᠳ᠎ᠤᠨ ᠡᠪᠯᠡᠯ᠎ᠤᠨ ᠬᠡᠱᠢᠬᠦᠨ᠂ ᠬᠢᠡᠭ᠌ᠭᠠᠨ ᠠᠢ᠌ᠮᠠᠭ᠎ᠤᠨ ᠵᠤᠬᠢᠶᠠᠯᠴᠢᠳ᠎ᠤᠨ ᠡᠪᠯᠡᠯ᠎ᠤᠨ ᠲᠡᠳ᠋ ᠲᠡᠷᠢᠭᠦᠯᠡᠭ᠌ᠴᠢ ᠵᠡᠷᠭᠡ ᠨᠡᠢ᠌ᠭᠡᠮ᠎ᠤᠨ ᠡᠬᠦᠷᠭᠡ ᠲᠤᠱᠢᠶᠡᠯ ᠢ ᠡᠬᠦᠷᠭᠡᠯᠡᠵᠦ ᠪᠠᠢᠨ᠎ᠠ᠃ ᠲᠠᠷᠠ ᠪᠡᠷ ᠲᠡᠭᠡᠷ᠎ᠠ ᠵᠠᠭᠤᠨ᠎ᠤ ᠶᠡᠷᠡᠭᠡᠳ ᠤᠨ ᠡᠴᠠ ᠨᠠᠭᠠᠰᠢ᠂ 《ᠰᠡᠴᠡᠨᠪᠢᠯᠢᠭ᠂ ᠸ·ᠬᠠᠰᠤᠨ ᠨᠠᠢ᠌ᠷᠠᠭᠤᠯᠤᠯ᠎ᠤᠨ ᠲᠡᠬᠦᠪᠦᠷᠢ》᠂《ᠬᠠᠮᠤᠭ ᠰᠡᠬᠦᠯᠴᠢ᠎ᠶ᠋ᠢᠨ ᠨᠡᠬᠦᠳᠡᠯᠴᠢᠨ》《ᠴᠠᠰᠤᠨ᠎ᠳᠦ ᠲᠠᠷᠤᠬ᠍ᠳᠠᠬ᠍ᠰᠡᠨ ᠠᠬ᠍ᠳᠠᠰ》(ᠬᠢᠳᠡᠳ)᠂《ᠸ·ᠬᠠᠰᠤᠨ ᠨᠠᠢ᠌ᠷᠠᠭᠤᠯᠤᠯ᠎ᠤᠨ ᠰᠤᠡᠭ᠌ᠭᠤᠮᠠᠯ》 ᠵᠡᠷᠭᠡ ᠵᠤᠬᠢᠶᠠᠯ ᠪᠦᠳᠦᠭᠡᠯ ᠬᠡᠪᠯᠡᠬᠦᠯᠦᠭᠰᠡᠨ ᠮᠦᠷᠳᠡᠭᠡᠨ ᠲᠤᠯᠤᠭᠠᠨ ᠨᠠᠢ᠌ᠷᠠᠭᠤᠯᠤᠯ᠎ᠤᠨ ᠵᠤᠬᠢᠶᠠᠯ ᠨᠢ ᠬᠢᠴᠢᠶᠡᠯ᠎ᠤᠨ ᠪᠢᠴᠢᠭ ᠲᠦ᠍ ᠰᠤᠡᠭ᠌ᠭᠤᠬ᠍ᠳᠠᠨ ᠤᠷᠤᠵᠠᠢ᠃《ᠢᠮᠠᠭᠠᠴᠢᠨ ᠲᠤᠷᠵᠢ》ᠬᠡᠬᠦ᠌ ᠨᠠᠢ᠌ᠷᠠᠭᠤᠯᠤᠯᠢ᠋ᠢᠡᠷᠢ᠋ᠢᠡᠨ《ᠰᠤᠯᠦᠡᠭ᠌ᠭᠠ ᠱᠠᠡᠭ᠌ᠨᠠᠯ》ᠲᠤᠰᠴᠦ᠍᠂ 《ᠸ· ᠬᠠᠰᠤᠨ ᠨᠠᠢ᠌ᠷᠠᠭᠤᠯᠤᠯ᠎ᠤᠨ ᠰᠤᠡᠭ᠌ᠭᠤᠮᠠᠯ》ᠢ᠋ᠢᠡᠷᠢ᠋ᠢᠡᠨ ᠦᠪᠡᠷᠳᠡᠭᠡᠨ ᠵᠠᠰᠠᠬᠤ ᠤᠷᠤᠨ᠎ᠤ《ᠲᠡᠪᠤ ᠨᠢᠭᠡ ᠢᠨᠵᠸᠨ᠋ᠸᠷᠢᠡᠭ》᠎ᠤ᠋ᠨ ᠱᠢᠯᠢᠳᠡᠭ ᠨᠤᠮ ᠪᠦᠳᠦᠭᠡᠯ᠎ᠤᠨ ᠱᠠᠡᠭ᠌ᠨᠠᠯᠢ ᠲᠤᠰᠪᠠ᠃ 《ᠢᠱᠢᠪᠡᠯᠵᠤᠷ》ᠪᠤᠯ ᠵᠤᠬᠢᠶᠠᠬ᠍ᠴᠢ᠎ᠶ᠋ᠢᠨ ᠤᠤᠭᠠᠨ ᠷᠤᠮᠠᠨ ᠪᠠᠢ᠌ᠵᠦ᠍᠂ ᠬᠤᠶᠠᠳᠡᠬᠢ ᠷᠤᠮᠡᠨ《 ᠲᠡᠭ᠌ᠷᠢ᠎ᠶ᠋ᠢᠨ ᠬᠤᠳᠤᠬ᠍ᠳᠦ ᠮᠤᠳᠤᠨ ᠴᠠᠨ ᠢᠤᠢ》 ᠪᠡᠨ ᠨᠢᠬᠡᠨᠳᠠ ᠬᠡᠪᠯᠡᠯ᠎ᠳᠦ ᠲᠡᠪᠱᠢᠬᠦᠯᠪᠡ᠃
ᠡᠷᠳᠡᠮᠳᠡᠨ ᠱᠢᠬᠦᠮᠵᠢᠯᠡᠭ᠌ᠴᠢᠳᠤᠨ ᠰᠤᠡᠭ᠌ᠭᠤᠳᠠᠭ ᠦᠵᠠᠯᠳᠠ᠄
●ᠰᠦᠶᠦᠭᠡ(ᠦᠪᠤᠷ ᠮᠤᠡᠭᠭᠤᠯ᠎ᠤᠨ ᠶᠡᠭᠡ ᠰᠤᠷᠭᠠᠭᠤᠯᠢ᠎ᠶᠢᠨ ᠫᠷᠤᠹᠸᠰᠰᠤᠷ)᠄ ᠸ· ᠬᠠᠰᠤᠨ ᠲᠤᠭᠤᠷᠪᠢᠭ᠍ᠰᠠᠨ ᠤᠷᠲᠤ ᠲᠤᠭᠤᠵᠢᠰ 《ᠢᠱᠢᠪᠠᠯᠵᠤᠷ》 ᠪᠣᠯ ᠱᠢᠷ᠎ᠠ᠎ᠶ᠋ᠢᠨ ᠱᠠᠱᠢᠨᠲᠠᠨᠤ ᠳᠡᠭᠡᠳᠦ ᠳᠠᠪᠬᠤᠷᠭᠠᠳᠠᠨ ᠰᠥᠮᠪᠡ ᠬᠠᠮᠪᠤ ᠢᠱᠢᠪᠠᠯᠵᠤᠷᠤᠨ ᠨᠢᠭᠡ ᠨᠠᠰᠤᠨ᠎ᠤ ᠶᠠᠪᠤᠳᠠᠯ ᠦᠢᠯᠡ᠎ᠶ᠋ᠢ ᠲᠣᠢᠮᠤᠴᠢᠯᠠᠨ ᠪᠢᠴᠢᠬᠦ᠌᠎ᠪᠠᠷ ᠳᠠᠮᠵᠢᠭᠤᠯᠵᠤ᠂ ᠲᠡᠭᠦᠨ᠎ᠤ ᠨᠢᠭᠡᠨ ᠰᠡᠳᠭᠢᠯ ᠭᠠᠭ᠍ᠴᠠ ᠵᠣᠷᠢᠭ᠎ᠢᠶᠠᠷ ᠲᠡᠦᠬᠡ ᠰᠣᠶᠣᠯ᠂ ᠠᠨᠠᠭᠠᠬᠤ ᠤᠬᠠᠭᠠᠨ᠂ ᠵᠢᠷᠤᠬᠠᠢ᠎ᠶ᠋ᠢᠨ ᠶᠣᠰᠣ᠂ ᠱᠠᠱᠢᠨ᠎ᠤ ᠨᠣᠮᠯᠠᠯ᠎ᠳᠤ ᠮᠠᠬᠠᠷᠠᠨ ᠵᠢᠳᠬᠦᠵᠦ᠍ ᠨᠠᠢ᠍ᠮᠠᠨ ᠪᠤᠳᠢ ᠪᠦᠬᠦᠢ ᠰᠥᠮᠪᠥᠮᠢᠶᠠᠨ ᠲᠤᠭᠤᠷᠪᠢᠠ ᠬᠡᠪᠯᠡᠭᠦᠯᠵᠦ᠍ᠬᠥᠮᠥᠨᠨᠡᠢᠭᠡᠮᠤᠨᠬᠥᠭ᠌ᠵᠢᠯᠳᠤᠥᠪᠡᠷᠤᠨᠭᠡᠬᠦ᠌ᠬᠤᠪᠢ ᠨᠡᠮᠡᠷᠢ ᠦᠵᠡᠭᠦᠯᠦᠭ᠌ᠰᠡᠨ᠎ᠢ ᠮᠡᠳᠡᠭᠦᠯᠬᠦ᠌ ᠭᠡᠵᠦ᠍ ᠴᠢᠷᠮᠠᠢᠭ᠍ᠰᠠᠨ ᠪᠦᠲᠦᠭᠡᠯ ᠪᠣᠯᠤᠨ᠎ᠠ᠃
ᠢᠱᠢᠪᠠᠯᠵᠤᠷᠤᠨ ᠲᠥᠪᠡᠳ᠎ᠢ ᠵᠣᠷᠢᠵᠤ ᠱᠠᠱᠢᠨ᠎ᠤ ᠦᠢᠯᠡᠰ᠎ᠲᠤ ᠤᠳᠠᠭᠠᠨ ᠣᠨ ᠵᠢᠯ᠎ᠢᠶᠠᠷ ᠵᠢᠳᠬᠦᠵᠦ᠍ 《ᠶᠡᠭᠡ ᠲᠠᠪᠤᠨ ᠤᠬᠠᠭᠠᠨ᠂ ᠪᠠᠭ᠎ᠠ ᠲᠠᠪᠤᠨ ᠤᠬᠠᠭᠠᠨ》᠎ᠢ᠋ ᠱᠢᠮᠳᠠᠨ ᠰᠤᠷᠴᠤ᠌᠂ ᠣᠷᠣᠨ ᠨᠤᠲᠤᠭ ᠵᠢᠴᠢ ᠪᠡᠭᠡᠵᠢᠩ᠎ᠤᠨ ᠬᠤᠭᠤᠷᠤᠨᠳᠤ ᠵᠣᠷᠴᠢᠨ ᠣᠨᠣᠯ ᠦᠢᠯᠡᠳᠦᠯᠭᠡ᠎ᠶ᠋ᠢ ᠤᠶᠠᠯᠳᠤᠭᠤᠯᠵᠤ᠂ᠥᠪᠡᠷᠤᠨᠰᠤᠷᠤᠭ᠍ᠰᠠᠨᠢᠶᠠᠨᠪᠣᠳᠠᠲᠠᠢᠲᠠᠢᠤᠶᠠᠰᠭᠠᠨ ᠨᠢᠭᠡᠯᠡ ᠰᠡᠳᠭᠢᠯ᠎ᠢᠶᠠᠷ 《ᠪᠢᠱᠢᠯᠭᠠᠯ》 ᠳ᠋ᠦ ᠰᠠᠭᠤᠵᠤ 《ᠲᠤᠭᠤᠷᠪᠢᠬᠤᠢ》ᠦᠢᠯᠡ᠎ᠳᠤ ᠱᠢᠮᠳᠠᠵᠤ ᠡᠷᠳᠡᠮ ᠱᠢᠨᠵᠢᠯᠡᠭᠡᠨ᠎ᠤ ᠥᠭᠦᠯᠡᠯ ᠪᠣᠯᠤᠨ ᠲᠤᠰᠭᠠᠢ ᠪᠦᠲᠦᠭᠡᠯ᠎ᠢ ᠣᠯᠠᠨ ᠪᠢᠴᠢᠵᠦ᠍ ᠦᠯᠡᠳᠡᠭᠡᠭ᠌ᠰᠡᠨᠢ ᠭᠤᠣᠯ ᠠᠭᠤᠯᠭ᠎ᠠ ᠪᠣᠯᠭᠠᠪᠠ᠃ ᠡᠭᠦᠨ᠎ᠠᠴᠠ ᠦᠵᠡᠪᠡᠯ᠂ ᠵᠣᠬᠢᠶᠠᠭ᠍ᠴᠢ᠎ᠶ᠋ᠢᠨ ᠭᠤᠣᠯ ᠰᠠᠨᠠᠭ᠎ᠠ᠎ᠨᠢ ᠰᠥᠮᠪᠡ ᠬᠠᠮᠪᠤ ᠢᠱᠢᠪᠠᠯᠵᠤᠷᠤᠨ ᠳᠥᠷᠢ᠎ᠶ᠋ᠢ ᠪᠦᠲᠦᠭᠡᠬᠦ᠌᠎ᠪᠠᠷ ᠳᠠᠮᠵᠢᠭᠤᠯᠵᠤ᠂ ᠠᠯᠢ ᠨᠢᠭᠡ ᠦᠢᠯᠡ᠎ᠶ᠋ᠢ ᠡᠭᠦᠰᠭᠡᠨ ᠬᠢᠪᠡᠴᠦ᠍ ᠲᠡᠭᠦᠨ᠎ᠢᠶᠠᠨ ᠵᠠᠪᠠᠯ ᠡᠴᠦᠰ᠎ᠲᠤᠨᠢ ᠲᠤᠯᠲᠠᠯ᠎ᠠ ᠴᠢᠷᠮᠠᠢᠨ ᠪᠡᠶᠡᠯᠡᠭᠦᠯᠵᠦ᠍ ᠶᠠᠮᠠᠷ ᠨᠢᠭᠡᠨ ᠥᠨᠳᠥᠷᠴᠡ᠎ᠳᠤ ᠬᠦᠷᠭᠡᠬᠦ᠌᠎ᠨᠢ ᠴᠢᠬᠤᠯᠠ ᠭᠡᠳᠡᠭ ᠶᠣᠰᠣ᠎ᠶ᠋ᠢ ᠤᠯᠠᠮᠵᠢᠯᠠᠬᠤ᠎ᠶ᠋ᠢ ᠵᠣᠷᠢᠭ᠍ᠰᠠᠨ ᠪᠠᠢᠯ᠎ᠠ᠃ ᠡᠭᠦᠨ᠎ᠢᠶᠠᠨ ᠢᠱᠢᠪᠠᠯᠵᠤᠷᠤᠨ 《ᠨᠣᠮᠯᠠᠬᠤᠢ ᠮᠠᠷᠭᠤᠬᠤᠢ ᠲᠤᠭᠤᠷᠪᠢᠬᠤᠢ》 ᠶᠣᠰᠤᠨ᠎ᠳᠤ ᠤᠢᠭ᠎ᠠ ᠦᠭᠡᠢ ᠮᠡᠷᠡᠢᠭ᠌ᠰᠡᠨ ᠵᠠᠮ ᠮᠥᠷ᠎ᠢᠶᠠᠷ ᠪᠠᠲᠤᠯᠠᠬᠤ ᠭᠡᠰᠡᠨ ᠪᠠᠢᠪᠠ᠃ ᠡᠢᠮᠦᠷᠬᠦᠦ ᠮᠠᠶᠢᠭ᠎ᠤᠨ ᠴᠢᠷᠮᠠᠢᠯᠭ᠎ᠠ᠎ᠨᠢ《ᠲᠡᠦᠬᠡᠨ ᠰᠡᠳᠦᠪᠲᠦ ᠵᠣᠬᠢᠶᠠᠯ》᠎ᠢ᠋ ᠣᠳᠣᠬᠢ ᠠᠬᠤᠢ᠎ᠳᠤ ᠦᠢᠯᠡᠴᠢᠯᠡᠭᠦᠯᠬᠦ᠌ ᠵᠣᠷᠢᠯᠭ᠎ᠠ᠎ᠠᠴᠠ ᠪᠣᠯᠵᠤ 《ᠲᠡᠦᠬᠡ》 ᠳ᠋ᠦ ᠡᠳᠦᠢ ᠲᠡᠳᠦᠢ ᠱᠢᠨ᠎ᠡ ᠲᠥᠰᠥᠭᠡᠯᠡᠯ᠂ ᠱᠢᠨ᠎ᠡ ᠦᠢᠯᠡ ᠬᠡᠷᠡᠭ᠂ ᠱᠢᠨ᠎ᠡ ᠰᠡᠳᠭᠢᠮᠵᠢᠯᠡᠯᠢ ᠨᠡᠮᠡᠵᠦ᠍ 《ᠦᠨᠡᠨ ᠲᠡᠦᠬᠡ》 ᠪᠣᠯᠤᠨ ᠲᠤᠭᠤᠵᠢᠰᠢ ᠠᠭᠤᠰᠤᠯᠳᠤᠭᠤᠯᠤᠨ ᠪᠢᠴᠢᠵᠦ᠍ 《ᠵᠣᠬᠢᠶᠠᠮᠠᠯ ᠲᠡᠦᠬᠡ》ᠵᠢᠨ ᠶᠠᠩᠵᠤ᠎ᠪᠠᠨ 《ᠤᠷᠠᠯᠢᠭ᠎ᠤᠨ ᠦᠨᠡᠨ》 ᠪᠣᠯᠭᠠᠵᠤ ᠪᠢᠴᠢᠳᠡᠭ ᠵᠢᠮ᠎ᠡ᠎ᠲᠠᠢ᠃ ᠡᠨᠡ᠎ᠨᠢ ᠤᠷᠠᠨ ᠵᠣᠬᠢᠶᠠᠯ᠎ᠢ ᠲᠡᠦᠬᠡ ᠪᠣᠯᠭᠠᠨ ᠦᠨᠡᠯᠡᠵᠦ᠍ ᠡᠰᠡ ᠪᠣᠯᠬᠤ᠎ᠶ᠋ᠢᠨ ᠶᠣᠰᠣ ᠤᠴᠢᠷ᠎ᠠᠴᠠ ᠱᠢᠯᠲᠠᠭᠠᠯᠠᠭ᠍ᠰᠠᠨ ᠶᠤᠮ᠃
ᠡᠢᠮᠦ᠍᠎ᠠᠴᠠ᠂ ᠲᠤᠰ ᠷᠤᠮᠠᠨ ᠢᠱᠢᠪᠠᠯᠵᠤᠷᠤᠨ ᠨᠠᠮᠲᠠᠷ ᠪᠢᠰᠢ᠂ ᠬᠠᠷᠢᠨ ᠤᠷᠠᠨ ᠵᠣᠬᠢᠶᠠᠯ ᠮᠥᠨ ᠭᠡᠳᠡᠭ᠎ᠢᠶᠠᠷ᠎ᠢᠶᠠᠨ ᠤᠩᠱᠢᠭ᠍ᠴᠢᠳ᠎ᠲᠤ ᠬᠦᠯᠢᠶᠡᠭ᠌ᠳᠡᠵᠦ᠍ ᠭᠤᠸ᠎ᠠ ᠰᠠᠢᠬᠠᠨ᠎ᠤ ᠠᠮᠲᠠᠷᠬᠠᠯ᠎ᠤᠨ ᠠᠢ᠎ᠳᠤ ᠣᠷᠤᠬᠤ ᠠᠵᠢ᠃ ᠡᠭᠦᠨ᠎ᠢ ᠸ᠊·ᠬᠠᠰ ᠠᠪᠤᠭᠠᠢ 《ᠤᠷᠠᠨ ᠳᠥᠷᠰᠥᠯᠡᠯ》 ᠤ᠋ᠨ ᠮᠠᠶᠢᠭ᠎ᠢᠶᠠᠷ ᠬᠥᠨᠳᠡᠵᠦ᠍ ᠦᠵᠡᠭ᠌ᠰᠡᠨ᠎ᠨᠢ ᠨᠢᠭᠡ ᠵᠥᠢᠯ᠎ᠤᠨ ᠱᠢᠨ᠎ᠡ ᠲᠤᠷᠱᠢᠴᠠ ᠪᠠᠢᠯ᠎ᠠ᠃
●ᠴᠥᠯᠢᠭᠢᠷ(ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠣᠷᠭᠠᠭᠤᠯᠢ᠎ᠶ᠋ᠢᠨ ᠫᠷᠤᠹᠸᠰᠰᠤᠷ)᠄ ᠸ᠊·ᠬᠠᠰᠤᠨ ᠪᠢᠴᠢᠭ᠌ᠰᠡᠨ 《ᠢᠱᠢᠪᠠᠯᠵᠤᠷ》 ᠭᠡᠬᠦ᠌ ᠷᠤᠮᠠᠨ ᠪᠤᠯ ᠠᠭᠤᠳᠠᠮ᠎ᠢᠶᠠᠷ ᠰᠡᠳᠭᠢᠵᠦ᠍ ᠭᠦᠨᠵᠡᠭᠡᠢ ᠤᠳᠭ᠎ᠠ᠎ᠶ᠋ᠢ ᠢᠯᠡᠷᠡᠭᠦᠯᠬᠦ᠌᠎ᠶ᠋ᠢ ᠵᠤᠷᠢᠬ᠍ᠰᠠᠨ᠂ ᠵᠤᠬᠢᠶᠠᠯᠴᠢ᠎ᠶ᠋ᠢᠨ ᠤᠬᠠᠭᠠᠨ ᠲᠠᠮᠢᠷ᠎ᠢ ᠨᠡᠯᠢᠶᠡᠳ ᠱᠢᠪᠬᠠᠬ᠍ᠰᠠᠨ ᠪᠦᠳᠦᠭᠡᠯ ᠪᠤᠯᠬᠤ᠎ᠨᠢ ᠮᠡᠳᠡᠭ᠌ᠳᠡᠵᠦ᠍ ᠪᠠᠢᠨ᠎ᠠ᠃
ᠷᠤᠮᠠᠨ᠎ᠳᠦ ᠪᠤᠷᠬᠠᠨ᠎ᠤ ᠱᠠᠱᠢᠨ᠎ᠤ ᠲᠤᠬᠠᠢ ᠲᠡᠦᠬᠡ᠎ᠶ᠋ᠢᠨ ᠮᠡᠳᠡᠯᠭᠡ᠎ᠪᠡᠷ ᠷᠤᠮᠠᠨᠤ ᠠᠭᠤᠯᠭ᠎ᠠ᠎ᠶ᠋ᠢ ᠪᠠᠶᠠᠯᠢᠬ᠍ᠵᠢᠭᠤᠯᠵᠤ ᠨᠡᠢᠭᠡᠮ ᠠᠬᠤᠢ᠎ᠶ᠋ᠢᠨ ᠦᠩᠭᠡ ᠴᠢᠨᠠᠷ᠎ᠢ ᠦᠨᠡᠮᠱᠢᠯᠳᠡᠢ ᠪᠤᠯᠭᠠᠨ᠂ ᠡᠭᠡᠯ ᠶᠡᠷᠦᠮᠳᠡᠭ᠂ ᠲᠠᠡᠭ ᠴᠤᠯᠭᠤᠢ ᠪᠤᠯᠬᠤ᠎ᠠᠴᠠ ᠵᠠᠢᠯᠠᠰᠭᠢᠯᠭᠡᠵᠡᠢ᠃ ᠷᠤᠮᠠᠨᠤ ᠪᠦᠬᠦ᠌ ᠦᠯᠢᠭᠡᠷ᠂ ᠢᠱᠢᠪᠠᠯᠵᠤᠷᠤᠨ ᠨᠢᠭᠡ ᠨᠠᠰᠣᠨ᠎ᠤ ᠦᠢᠯᠡ ᠬᠡᠷᠡᠭ᠎ᠢ ᠬᠦᠬᠡᠨᠠᠭᠤᠷ᠎ᠤᠨ ᠨᠡᠢᠭᠡᠮ ᠲᠦᠷᠦ᠍ᠶ᠋ᠢᠨᠶᠡᠭᠡᠬᠤᠪᠢᠰᠣᠯᠳᠠᠪᠠᠪᠤᠷᠬᠠᠨᠱᠠᠱᠢᠨᠤᠮᠦᠨᠴᠢᠨᠠᠷᠤᠨᠶᠡᠭᠡ ᠬᠤᠪᠢᠷᠠᠯᠳᠠ᠎ᠶ᠋ᠢᠨ ᠠᠬᠤᠢ ᠪᠠᠢᠳᠠᠯ᠎ᠳᠤ ᠲᠠᠯᠪᠢᠨ ᠲᠡᠭᠦᠨ᠎ᠲᠠᠢ ᠨᠢᠬ᠍ᠳᠠ ᠬᠤᠯᠪᠤᠬ᠍ᠰᠠᠨ᠎ᠨᠢ ᠲᠤᠰ ᠷᠤᠮᠠᠨᠤ ᠵᠤᠬᠢᠶᠠᠮᠵᠢ ᠰᠡᠳᠭᠢᠮᠵᠢᠯᠡᠯᠳᠡᠶ᠋ᠢᠨ ᠬᠠᠮᠤᠭ ᠶᠡᠭᠡ ᠠᠮᠵᠢᠯᠳᠠ ᠭᠡᠵᠦ᠍ ᠬᠡᠯᠡᠵᠦ᠍ ᠪᠤᠯᠤᠨ᠎ᠠ᠃ ᠡᠢᠮᠦ᠍᠎ᠠᠴᠠ ᠷᠤᠮᠠᠨ᠎ᠳᠤ ᠭᠤᠤᠯ ᠪᠠᠭᠠᠳᠣᠷ᠎ᠤᠨ ᠠᠮᠢᠳᠣᠷᠠᠯ ᠲᠡᠮᠡᠴᠡᠯ᠎ᠤᠨ ᠪᠦᠬᠦ᠌ ᠶᠠᠪᠤᠴᠠ᠎ᠶ᠋ᠢ ᠨᠡᠢᠭᠡᠮ᠎ᠤᠨ ᠶᠡᠭᠡ ᠠᠬᠤᠢ ᠪᠠᠢᠳᠠᠯ᠎ᠠᠴᠠ ᠤᠬ᠍ᠳᠣ ᠰᠠᠯᠭᠠᠯ ᠦᠭᠡᠢ ᠰᠡᠳᠭᠢᠮᠵᠢᠯᠡᠨ ᠢᠯᠡᠳᠭᠡᠭ᠌ᠰᠡᠨ᠎ᠨᠢ ᠲᠡᠦᠬᠡ᠎ᠶ᠋ᠢᠨ ᠪᠤᠳᠠᠳᠣ ᠪᠠᠢᠳᠠᠯ᠎ᠢ ᠦᠵᠡᠭᠦᠯᠵᠦ᠍ ᠴᠢᠳᠠᠬ᠍ᠰᠠᠨ ᠪᠦᠭᠡᠳ ᠭᠤᠤᠯ ᠪᠠᠭᠠᠳᠣᠷ ᠢᠱᠢᠪᠠᠯᠵᠤᠷᠤᠨ ᠡᠷᠳᠡᠮᠳᠡᠨ ᠪᠤᠯᠬᠤ ᠶᠠᠪᠤᠴᠠ᠎ᠶ᠋ᠢᠨ ᠪᠡᠷᠬᠡ ᠪᠠᠷᠳᠠᠭᠠᠳᠣ ᠱᠢᠨᠵᠢ ᠪᠠ ᠲᠡᠭᠦᠨ᠎ᠤ ᠡᠷᠡᠰ ᠬᠠᠳᠠᠭᠤ ᠵᠤᠷᠢᠭ ᠰᠠᠨᠠᠭᠠᠨ᠎ᠤ ᠪᠦᠷᠢᠯᠳᠦᠯ᠎ᠢ ᠢᠳᠡᠭᠡᠮᠵᠢᠳᠡᠢ ᠪᠤᠯᠭᠠᠵᠤ ᠴᠢᠳᠠᠵᠠᠢ᠃ ᠢᠱᠢᠪᠠᠯᠵᠤᠷᠤᠨ ᠠᠮᠢ ᠨᠠᠰᠣᠨ᠎ᠤ ᠶᠠᠪᠤᠴᠠ᠎ᠳᠤ ᠬᠡᠳᠦ᠋ᠢᠪᠡᠷ ᠢᠨᠠᠭ᠎ᠤᠨ ᠦᠯᠢᠭᠡᠷ ᠡᠭᠦᠰᠦᠭ᠌ᠰᠡᠨ ᠡᠰᠡᠬᠦ᠌᠎ᠨᠢ ᠬᠡᠯᠡᠬᠦ᠌᠎ᠶ᠋ᠢᠨ ᠠᠷᠭ᠎ᠠ ᠦᠭᠡᠢ ᠪᠤᠯᠪᠠᠴᠤ᠌ ᠷᠤᠮᠠᠨ᠎ᠳᠤ ᠤᠶᠠᠷᠠᠭᠤᠨ ᠵᠢᠪᠬᠤᠯᠠᠩᠳᠣ ᠢᠨᠠᠭ᠎ᠤᠨ ᠦᠯᠢᠭᠡᠷ᠎ᠢ ᠬᠡᠢ ᠰᠡᠳᠭᠢᠮᠵᠢᠯᠡᠨ ᠪᠢᠴᠢᠬᠦ᠌᠎ᠨᠢ ᠵᠤᠬᠢᠶᠠᠯ᠎ᠢ ᠤᠶᠠᠷᠠᠭᠤᠨ ᠡᠮᠭᠡᠨᠢᠯᠳᠡᠢ᠂ ᠤᠷᠠᠨ ᠤᠩᠱᠢᠪᠤᠷᠢᠳᠠᠢ ᠪᠤᠯᠭᠠᠬᠤ ᠦᠢᠯᠡᠳᠦᠯ ᠭᠠᠷᠭᠠᠵᠤ ᠪᠤᠯᠤᠨ᠎ᠠ᠃ ᠤᠨᠴᠠᠭᠠᠢ᠌ᠯᠡᠨ᠂ ᠲᠡᠦᠬᠡᠨ ᠷᠤᠮᠠᠨᠤ ᠲᠤᠤᠯᠢᠰᠯᠢᠭ ᠬᠦᠦᠷᠨᠢᠯ᠎ᠤᠨ ᠨᠠᠮᠪᠠ᠎ᠶ᠋ᠢ ᠤᠷᠬᠢᠵᠤ ᠡᠬᠡᠯᠵᠢᠯᠡᠨ ᠲᠦᠷᠰᠦᠯᠡᠬᠦ᠌ᠶ᠋ᠢ ᠡᠷᠬᠢᠮᠯᠡᠭ᠌ᠰᠡᠨ ᠪᠠ ᠡᠭᠡᠳᠡᠷᠡᠭᠡᠨ ᠪᠤᠳᠤᠯᠢᠶᠠᠨᠳᠣ ᠦᠯᠢᠭᠡᠷ ᠵᠤᠬᠢᠶᠠᠬᠤ᠎ᠶ᠋ᠢ ᠤᠷᠬᠢᠵᠤ᠂ ᠬᠡᠷᠡᠭ ᠤᠴᠢᠷ᠎ᠢ ᠬᠦᠢᠳᠡᠮᠰᠦᠭ᠎ᠢᠶᠠᠷ ᠲᠤᠭᠠᠴᠢᠬᠤ᠎ᠶ᠋ᠢ ᠡᠷᠬᠢᠮᠯᠡᠬᠦ᠌ ᠵᠢᠴᠢ ᠬᠡᠯᠡ ᠬᠡᠯᠡᠯᠭᠡ᠎ᠶ᠋ᠢᠨ ᠲᠠᠯ᠎ᠠ᠎ᠪᠠᠷ ᠤᠬᠠᠭᠠᠯᠢᠭ᠂ ᠤᠨᠤᠴᠢᠳᠠᠢ᠂ ᠤᠷᠠᠨ ᠢᠯᠡᠳᠭᠡᠬᠦ᠌᠎ᠶ᠋ᠢ ᠵᠤᠷᠢᠪᠠ᠃ ᠭᠡᠪᠡᠴᠦ᠍᠂ ᠷᠤᠮᠡᠨ᠎ᠳᠦ᠂ ᠦᠯᠢᠭᠡᠷ᠎ᠢ ᠤᠮᠳᠤᠭᠠᠢᠯᠠᠵᠤ ᠲᠤᠭᠠᠴᠢᠯ ᠤᠯᠠᠳᠠᠬ᠍ᠰᠠᠨᠠᠴᠠ ᠲᠦᠷᠢ᠎ᠶ᠋ᠢᠨ ᠠᠮᠢᠳᠣ ᠴᠤᠪᠤᠭᠤᠯᠢᠭ ᠪᠤᠯᠬᠤ᠎ᠶ᠋ᠢ ᠬᠠᠷᠱᠢᠯᠠᠬ᠍ᠰᠡᠨ ᠪᠦᠭᠡᠳ ᠭᠤᠤᠯ ᠲᠦᠷᠢ ᠢᠱᠢᠪᠠᠯᠵᠤᠷᠤᠨ ᠲᠤᠳᠤᠭᠠᠳᠣ ᠰᠡᠳᠭᠢᠯ᠎ᠢ ᠰᠠᠢᠳᠣᠷ ᠠᠭᠤᠳᠠᠯᠤᠨ ᠦᠨᠡᠨ ᠪᠤᠳᠠᠳᠣ ᠪᠠᠢᠳᠠᠯ᠎ᠢ᠎ᠨᠢ ᠢᠳᠡᠭᠡᠳᠡᠯᠡ ᠢᠯᠡᠳᠭᠡᠵᠦ᠍ ᠴᠢᠳᠠᠭ᠍ᠰᠠᠨ ᠦᠭᠡᠢ ᠪᠠ ᠢᠱᠢᠪᠠᠯᠵᠤᠷᠤᠨ ᠵᠤᠬᠢᠶᠠᠯ ᠪᠦᠳᠦᠭᠡᠯ᠎ᠤᠨ ᠠᠮᠵᠢᠯᠳᠠ᠎ᠶ᠋ᠢ ᠲᠤᠳᠤᠷᠠᠭᠤᠯᠤᠨ ᠦᠵᠡᠭᠦᠯᠵᠦ᠍ ᠴᠢᠳᠠᠬ᠍ᠰᠠᠨ ᠦᠭᠡᠢ ᠬᠦᠷᠦᠯᠴᠠᠬᠦ᠌ ᠦᠭᠡᠢ ᠲᠠᠯ᠎ᠠ ᠪᠤᠢ᠃
●ᠨᠠᠮᠢᠶ᠎ᠠ(ᠦᠪᠤᠷ ᠮᠤᠡᠭᠭᠤᠯ᠎ᠤᠨ ᠨᠡᠢᠭᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠠᠡᠭᠤᠨ ᠫᠷᠤᠹᠸᠰᠰᠤᠷ)᠄ 43 ᠲᠦᠮᠡ 6 ᠮᠢᠩᠭᠠᠨ ᠦᠰᠦᠭ᠎ᠲᠠᠢ 《ᠢᠱᠢᠪᠠᠯᠵᠤᠷ》 ᠭᠡᠳᠡᠭ ᠤᠷᠳᠤ ᠷᠤᠮᠠᠨ᠎ᠳᠤ ᠵᠤᠬᠢᠶᠠᠭ᠍ᠴᠢ ᠢᠱᠢᠪᠠᠯᠵᠤᠷ ᠭᠡᠳᠡᠭ ᠪᠠᠭᠠᠳᠤᠷ ᠬᠦᠮᠦᠨ᠂ ᠨᠡᠩ ᠲᠤᠳᠤᠷᠬᠠᠢ ᠬᠡᠯᠡᠪᠡᠯ ᠨᠢᠭᠡᠨ ᠰᠤᠶᠤᠯ᠎ᠤᠨ ᠪᠠᠭᠠᠳᠤᠷ᠎ᠤᠨ ᠳᠦᠷᠢ᠎ᠶ᠋ᠢ ᠪᠤᠰᠭᠠᠬᠤ ᠭᠡᠵᠤ ᠬᠦᠴᠦᠯᠡᠭ᠌ᠰᠡᠨ ᠪᠠᠢᠨ᠎ᠠ᠃ ᠵᠤᠬᠢᠶᠠᠯᠳᠤᠢᠱᠢᠪᠠᠯᠵᠤᠷᠭᠡᠳᠡᠭᠰᠤᠶᠤᠯᠤᠨᠪᠠᠭᠠᠳᠤᠷᠤᠨ ᠲᠦᠷᠢ᠎ᠶ᠋ᠢ ᠠᠮᠵᠢᠯᠳᠡ᠎ᠲᠠᠢ ᠱᠤᠭᠤᠬᠤ᠎ᠶ᠋ᠢᠨ ᠲᠦᠯᠦᠭᠡ᠂ ᠲᠡᠭᠦᠨ᠎ᠢ ᠤᠷᠪᠡᠭᠠᠨ ᠬᠦᠷᠪᠡᠭᠡᠨ᠎ᠳᠤ ᠨᠡᠢᠭᠡᠮ᠎ᠤᠨ ᠶᠡᠭᠡ ᠤᠷᠴᠢᠨ᠎ᠳᠤ ᠲᠠᠯᠪᠢᠵᠤ᠂ ᠲᠡᠭᠦᠨ᠎ᠤ ᠦᠰᠦᠨ ᠪᠤᠢᠵᠢᠯᠳᠡ ᠪᠡ ᠦᠵᠡᠯ ᠰᠠᠨᠠᠭᠠᠨ᠎ᠤ ᠰᠠᠭᠤᠷᠢ᠎ᠶ᠋ᠢ᠎ᠨᠢ ᠲᠤᠳᠤᠷᠠᠭᠤᠯᠤᠨ᠂ ᠠᠳᠠᠯᠢ ᠪᠤᠰᠤ ᠮᠡᠳᠡᠯᠭᠡ ᠮᠡᠷᠭᠡᠵᠢᠯ᠎ᠤᠨ ᠤᠷᠴᠢᠨ᠎ᠳᠤ ᠲᠡᠭᠦᠨ᠎ᠤ ᠮᠡᠷᠭᠡᠵᠢᠯ ᠪᠤᠯᠪᠠᠰᠤᠷᠡᠯᠢ ᠦᠵᠡᠭᠦᠯᠵᠤ᠂ ᠡᠭᠡᠯ ᠠᠮᠢᠳᠤᠷᠡᠯ᠎ᠤᠨ ᠤᠷᠴᠢᠨ᠎ᠳᠤ ᠲᠡᠭᠦᠨ᠎ᠤ ᠬᠠᠢᠷ᠎ᠠ ᠰᠡᠳᠭᠢᠯᠭᠡ ᠪᠡᠬᠦᠮᠦᠨᠴᠢᠴᠢᠨᠡᠷ᠂ ᠲᠤᠳᠤᠭᠠᠳᠤ ᠪᠤᠳᠤᠯ ᠰᠡᠳᠭᠢᠯᠭᠡ᠎ᠶ᠋ᠢ᠎ᠨᠢ ᠢᠯᠡᠷᠡᠭᠦᠯᠬᠦ᠌ ᠭᠡᠵᠤ ᠬᠦᠴᠤᠯᠡᠭᠰᠡᠨ ᠪᠠᠢᠨ᠎ᠠ᠃ ᠡᠭᠦᠨ᠎ᠤ ᠳ᠋ᠦᠩ᠎ᠳᠤ᠂ ᠤᠯᠠᠨ ᠰᠤᠶᠤᠯ᠎ᠢ ᠬᠠᠷᠢᠯᠴᠠᠨ ᠨᠠᠢᠷᠠᠯᠳᠤᠭᠤᠯᠵᠤ᠂ ᠠᠳᠠᠯᠢ ᠪᠤᠰᠤ ᠦᠨᠳᠦᠰᠦᠳᠡᠨ ᠶᠠᠰᠤᠳᠡᠨ᠂ ᠠᠩᠭᠢ ᠲᠠᠪᠬᠤᠷᠭ᠎ᠠ᠎ᠶ᠋ᠢ ᠬᠠᠷᠢᠯᠴᠠᠨ ᠨᠠᠢᠷᠠᠮᠳᠠᠭᠤᠯᠬᠤ᠂ ᠡᠨᠡᠷᠢᠨ ᠨᠢᠭᠦᠯᠡᠰᠭᠦᠪᠠᠷ ᠭᠤᠤᠯ ᠪᠤᠯᠭᠠᠭ᠍ᠰᠠᠨ ᠲᠦᠯᠭᠡᠨ ᠨᠠᠢᠷᠠᠮᠳᠠᠭᠤ ᠦᠵᠡᠯ ᠪᠦᠬᠦᠢ ᠰᠡᠭᠡᠭᠡᠳᠡᠨᠤ ᠳᠦᠷᠢ ᠱᠤᠭᠤᠭ᠍ᠳᠠᠨ ᠭᠠᠷᠤᠭ᠍ᠰᠠᠨ ᠪᠠᠢᠨ᠎ᠠ᠃ ᠲᠤᠰ ᠷᠤᠮᠡᠨᠢ ᠪᠢᠳᠡ ᠳᠦᠷᠢ᠎ᠶ᠋ᠢᠨ ᠲᠠᠯ᠎ᠠ᠎ᠪᠠᠷ ᠰᠤᠳᠤᠯᠵᠤ ᠦᠵᠡᠬᠦ᠌᠎ᠠᠴᠠ ᠭᠠᠳᠠᠨ᠎ᠠ ᠪᠠᠰᠠ ᠲᠧᠺᠰᠲ᠎ᠤᠨ ᠰᠦᠯᠵᠢᠯ᠎ᠤᠨ ᠠᠰᠠᠭᠤᠳᠠᠯ᠂ ᠤᠷᠤᠨᠵᠠᠢᠶ᠋ᠢᠨᠰᠡᠯᠡᠭᠦᠴᠡᠯᠤᠨᠠᠰᠠᠭᠤᠳᠡᠯ᠂ ᠲᠦᠷᠢ᠎ᠶ᠋ᠢᠨ ᠰᠠᠳᠭᠢᠴᠡ ᠬᠢᠭᠡᠳ ᠵᠤᠬᠢᠶᠠᠭ᠍ᠴᠢ᠎ᠶ᠋ᠢᠨ ᠬᠦᠥᠷᠨᠢᠯᠤᠨ ᠪᠠᠢᠷᠢ᠂ ᠠᠳᠠᠯᠢ ᠪᠤᠰᠤ ᠤᠷᠤᠨ ᠨᠤᠳᠤᠭ᠎ᠤᠨ ᠬᠠᠷᠢᠯᠴᠠᠨ ᠬᠦᠥᠷᠨᠢᠬᠦ᠌ ᠠᠰᠠᠭᠤᠳᠡᠯ᠂ ᠬᠦᠢᠰᠤ ᠢᠯᠭᠠᠯ᠎ᠤᠨ ᠬᠥᠥᠷᠨᠢᠯ ᠵᠡᠷᠭᠡ ᠤᠯᠠᠨ ᠲᠠᠯ᠎ᠠ᠎ᠳᠤ ᠬᠤᠯᠪᠤᠭ᠍ᠳᠠᠭᠤᠯᠤᠨ ᠰᠤᠳᠤᠯᠬᠤ ᠪᠤᠯᠤᠮᠵᠢ᠎ᠲᠠᠢ ᠶᠤᠮ᠃
ᠶᠡᠷᠦᠩᠭᠡᠢ᠎ᠳᠤᠨᠢ ᠦᠵᠡᠪᠡᠯ᠂ ᠲᠤᠰ ᠷᠤᠮᠠᠨ ᠪᠤᠯ ᠨᠡᠢᠭᠡᠮ᠎ᠤᠨ ᠪᠠᠢᠴᠠᠭᠠᠯᠳᠡ ᠪᠡ ᠮᠠᠲ᠋ᠧᠷᠢᠶᠠᠯ᠎ᠤᠨ ᠬᠤᠷᠠᠮᠳᠤᠭᠤᠯᠭ᠎ᠠ᠎ᠶ᠋ᠢᠨ ᠰᠠᠭᠤᠷᠢᠨ ᠲᠡᠭᠡᠷ᠎ᠠ ᠦᠪᠡᠷ᠎ᠤᠨ ᠭᠡᠰᠡᠨ ᠬᠠᠷᠠᠭ᠎ᠠ᠎ᠠᠴᠠ᠂ ᠦᠪᠡᠷ᠎ᠤᠨ ᠭᠡᠰᠡᠨ ᠦᠵᠡᠯ ᠰᠠᠨᠠᠭᠠᠨ᠎ᠤ ᠬᠠᠨᠳᠤᠯᠭ᠎ᠠ᠎ᠲᠠᠢ ᠪᠢᠴᠢᠭ᠌ᠳᠡᠭ᠌ᠰᠡᠨ᠂ ᠠᠷᠠᠳ ᠢᠷᠭᠡᠨ᠎ᠢ ᠠᠪᠤᠷᠠᠨ ᠴᠢᠯᠦᠭᠡᠯᠡᠬᠦ᠌ (ᠮᠠᠬᠠᠪᠤᠳ ᠪᠡ ᠤᠶᠤᠨ ᠰᠠᠨᠠᠭ᠎ᠠ) ᠦᠵᠡᠯ ᠰᠠᠨᠠᠭ᠎ᠠ᠎ᠶ᠋ᠢ ᠢᠯᠡᠷᠡᠭᠦᠯᠦᠭ᠌ᠰᠡᠨ ᠰᠡᠭᠡᠭᠡᠷᠡᠭᠦᠯᠬᠦ᠌ ᠦᠵᠡᠯ᠎ᠤᠨ ᠷᠤᠮᠠᠨ ᠭᠡᠵᠤ ᠳ᠋ᠦᠩᠨᠡᠵᠤ ᠪᠤᠯᠤᠨ᠎ᠠ᠃
● ᠨᠠ᠊ ·ᠭᠡᠭᠡᠨᠰᠠᠷᠠ (ᠦᠪᠤᠷ ᠮᠤᠡᠭᠭᠤᠯ᠎ᠤᠨ ᠨᠡᠢᠭᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠠᠡᠭᠤᠨ ᠰᠤᠳᠤᠯᠤᠬᠴᠢ) : ᠷᠤᠮᠠᠨ 《ᠢᠱᠢᠪᠠᠯᠵᠤᠷ》 ᠲᠸ᠋ ᠲᠤᠬᠠᠢ᠎ᠶ᠋ᠢᠨ ᠨᠠᠢᠭᠡᠮ ᠲᠡᠦᠭᠡ᠎ᠶ᠋ᠢᠨ ᠭᠤᠤᠯ ᠦᠵᠡᠭ᠌ᠳᠡᠯ ᠪᠤᠯᠤᠭ᠍ᠰᠠᠨ ᠭᠤᠷᠪᠠᠨ ᠶᠡᠭᠡ ᠤᠳᠭ᠎ᠠ ᠰᠡᠳᠦᠪ᠎ᠢ ᠰᠤᠩᠭᠤᠨ ᠢᠯᠡᠷᠡᠬᠦᠯᠵᠦ᠍᠂ ᠭᠤᠷᠪᠠᠨ ᠵᠦᠢᠯ᠎ᠤᠨ ᠲᠡᠦᠭᠡᠨ ᠠᠬᠤᠢ ᠵᠢ ᠲᠡᠯᠭᠡᠵᠡᠢ᠃ 《ᠰᠤᠩᠭᠤᠯᠳᠠ ᠪᠤᠯ ᠴᠠᠭ ᠦᠶ᠎ᠡ ᠨᠢᠭᠡᠪᠦᠷᠢ᠎ᠶ᠋ᠢᠨ ᠤᠳᠭ᠎ᠠ ᠵᠤᠬᠢᠶᠠᠯᠤᠨᠬᠢᠨᠤ ᠨᠡᠢᠳᠡ᠎ᠶ᠋ᠢᠨ ᠵᠢᠮ᠎ᠡ ᠪᠦᠭᠡᠳ ᠦᠪᠡᠷᠮᠢᠴᠡ ᠤᠨᠴᠠᠯᠢᠭ᠎ᠤᠨ ᠬᠢᠨᠢ ᠲᠤᠰᠭᠠᠯ᠂ ᠪᠠᠰᠠ ᠴᠤ᠌ ᠴᠠᠭ ᠦᠶ᠎ᠡ᠎ᠠᠴᠠ ᠤᠳᠭ᠎ᠠ ᠵᠤᠬᠢᠶᠠᠯ᠎ᠳᠤ ᠲᠠᠯᠪᠢᠭ᠍ᠰᠠᠨ ᠵᠠᠢᠯᠠᠰᠢ ᠦᠭᠡᠢ ᠱᠠᠭᠠᠷᠳᠠᠯᠭ᠎ᠠ ᠮᠦᠨ》᠃ 《ᠢᠱᠢᠪᠠᠯᠵᠤᠷ》ᠲᠡᠬᠢ ᠤᠳᠭ᠎ᠠ ᠰᠡᠳᠦᠪ᠎ᠤᠨ ᠰᠤᠩᠭᠤᠯᠳᠠ᠎ᠨᠢ ᠲᠤᠬᠠᠢ᠎ᠶ᠋ᠢᠨ ᠲᠡᠦᠭᠡᠨ ᠠᠬᠤᠢ᠎ᠶ᠋ᠢ ᠲᠡᠯᠭᠡᠨ ᠲᠤᠰᠭᠠᠬᠤ ᠪᠤᠳᠠᠳᠤ ᠱᠠᠭᠠᠷᠳᠠᠯᠭ᠎ᠠ᠎ᠠᠴᠠ ᠪᠤᠯᠤᠭ᠍ᠰᠠᠨ᠎ᠨᠢ ᠭᠠᠷᠴᠠᠭ᠎ᠠ ᠦᠭᠡᠢ᠃
ᠤᠳᠭ᠎ᠠ ᠰᠡᠳᠦᠪ᠎ᠤᠨ ᠰᠤᠩᠭᠤᠯᠳᠠ ᠪᠤᠶᠤ ᠠᠬᠤᠢ᠎ᠶ᠋ᠢᠨ ᠲᠡᠯᠭᠡᠯᠳᠡᠶᠢᠨ ᠲᠠᠯ᠎ᠠ ᠪᠡᠷ᠂ ᠱᠠᠱᠢᠨ᠎ᠤ ᠤᠳᠭ᠎ᠠ ᠰᠡᠳᠤᠪ ᠪᠤᠯ ᠷᠤᠮᠠᠨ 《ᠢᠱᠢᠪᠠᠯᠵᠤᠷ》 ᠤ᠋ᠨ ᠬᠠᠮᠤᠭ᠎ᠤᠨ ᠭᠤᠤᠯ ᠪᠤᠯᠬᠤ ᠤᠳᠭ᠎ᠠ ᠰᠡᠳᠦᠪ ᠪᠤᠯᠤᠨ᠎ᠠ᠃ 《ᠢᠱᠢᠪᠠᠯᠵᠤᠷ》ᠲᠸ᠋ ᠲᠦᠷᠦ᠍ ᠬᠢᠭᠡᠳ ᠱᠠᠱᠢᠨ᠎ᠤ ᠬᠠᠷᠢᠴᠠᠭ᠎ᠠ᠎ᠨᠢ ᠴᠢᠩ᠎ᠤᠨ ᠲᠦᠷᠦ᠍ ᠬᠦᠷᠦᠨ᠎ᠠᠴᠠ ᠱᠠᠱᠢᠨᠳᠠᠨᠢ ᠲᠠᠷᠤᠩᠭᠤᠢᠯᠠᠬᠤ᠂ ᠱᠠᠱᠢᠨ᠎ᠢ ᠬᠦᠭ᠌ᠵᠢᠬᠦᠯᠬᠦ᠌ ᠪᠠ ᠱᠠᠱᠢᠨ᠎ᠢ ᠠᠱᠢᠭ᠍ᠯᠠᠬᠤ ᠮᠡᠳᠦ᠍᠎ᠶ᠋ᠢᠨ ᠠᠳᠠᠯᠢ ᠪᠤᠰᠤ ᠭᠡᠳᠦᠨ ᠵᠦᠢᠯ ᠤᠨ ᠭᠡᠯᠪᠡᠷᠢ᠎ᠪᠠᠷ ᠢᠯᠡᠷᠡᠭ᠌ᠰᠡᠨ ᠪᠠᠢᠨ᠎ᠠ᠃ ᠲᠤᠰ ᠷᠤᠮᠠᠨ᠎ᠳᠤ ᠬᠤᠶᠠᠷ ᠵᠦᠢᠯ᠎ᠤᠨ ᠲᠠᠢᠨ᠎ᠤ ᠠᠬᠤᠢ᠎ᠶ᠋ᠢ ᠴᠤᠬᠤᠰ ᠲᠡᠯᠭᠡᠵᠡᠢ᠃ ᠨᠢᠭᠡ᠎ᠨᠢ ᠯᠤᠪᠰᠠᠩᠳᠠᠨᠵᠢᠨ ᠬᠢᠭᠡᠳ ᠴᠠᠭᠠᠨᠳᠠᠵᠢᠨ ᠨᠠᠷ᠎ᠲᠠᠢ ᠬᠢᠭ᠌ᠰᠡᠨ ᠲᠤᠳᠤᠭᠠᠳᠤ᠎ᠶ᠋ᠢᠨ ᠲᠠᠢᠨ᠃ ᠨᠦᠬᠦᠭᠡ᠎ᠨᠢ ᠯᠤᠪᠰᠠᠩᠳᠠᠨᠵᠢᠨ ᠨᠠᠷ᠎ᠤᠨ ᠴᠢᠩ ᠬᠦᠷᠦᠨ᠎ᠲᠠᠢ ᠬᠢᠭ᠌ᠰᠡᠨ ᠲᠠᠢᠨ᠃ ᠲᠤᠳᠤᠭᠠᠳᠤ᠎ᠶ᠋ᠢᠨ ᠲᠠᠢᠨ ᠳᠤ ᠯᠤᠪᠰᠠᠩᠳᠠᠨᠵᠢᠨ ᠨᠠᠷ ᠢᠯᠠᠯᠳᠠ ᠤᠯᠤᠭ᠍ᠰᠠᠨ ᠪᠤᠯᠪᠠᠴᠤ᠌ ᠴᠢᠩ ᠬᠦᠷᠦᠨᠲᠠᠢᠡᠰᠡᠷᠬᠦᠴᠡᠯᠳᠦᠨᠲᠠᠢᠳᠤᠭᠠᠳᠢᠯᠠᠭ᠍ᠳᠠᠵᠤ ᠯᠤᠪᠰᠠᠩᠳᠠᠨᠵᠢᠨ ᠴᠦᠭᠡᠨ ᠴᠡᠷᠢᠭ᠎ᠢᠶᠠᠨ ᠲᠠᠭᠠᠭᠤᠯᠵᠤ ᠵᠡᠭᠦᠠᠭᠠᠷ᠎ᠤᠨ ᠬᠢᠯᠢ ᠤᠷᠤᠬᠰᠡᠨ ᠶᠠᠪᠤᠳᠠᠯ᠎ᠢ ᠬᠦᠤᠷᠨᠢᠵᠠᠢ᠃ ᠭᠤᠤᠯ ᠪᠤᠯᠬᠤ ᠲᠦᠷᠢ᠎ᠶ᠋ᠢᠨ ᠴᠤᠭ᠍ᠴᠠᠯᠠᠯᠳᠠ ᠶᠢᠨ ᠲᠠᠯ᠎ᠠ ᠪᠡᠷ᠂ ᠲᠤᠰ ᠷᠤᠮᠠᠨ ᠳᠤ ᠭᠤᠷᠪᠠᠨ ᠵᠦᠢᠯ᠎ᠤᠨ ᠲᠦᠷᠢᠶ᠋ᠢᠨᠱᠢᠰᠲ᠋ᠧᠮ ᠢᠯᠡᠷᠡᠭ᠌ᠰᠡᠨ ᠪᠠᠢᠨ᠎ᠠ᠃ ᠲᠡᠳᠡᠭᠡᠷ᠎ᠨᠢ ᠲᠠᠷᠤᠢ ᠯᠠᠮᠠ ᠨᠠᠷ᠎ᠤᠨ ᠲᠦᠷᠢ᠎ᠶ᠋ᠢᠨ ᠱᠢᠰᠲ᠋ᠧᠮ᠂ ᠡᠭᠡᠯ ᠬᠠᠷᠠᠴᠤᠰ᠎ᠤᠨ ᠲᠦᠷᠢ᠎ᠶ᠋ᠢᠨ ᠱᠢᠰᠲ᠋ᠧᠮ ᠬᠢᠭᠡᠳ ᠴᠡᠷᠢᠭ ᠵᠠᠩᠵᠤᠨ᠎ᠤ ᠲᠦᠷᠢ᠎ᠶ᠋ᠢᠨ ᠱᠢᠰᠲ᠋ᠧᠮ ᠪᠤᠯᠤᠨ᠎ᠠ᠃ ᠲᠦᠷᠢ ᠪᠦᠳᠦᠭᠡᠬᠦ᠌ ᠠᠷᠭ᠎ᠠ ᠠᠪᠴᠠᠯ ᠨᠠᠷᠢᠨ ᠠᠵᠢᠭ᠍ᠯᠠᠪᠠᠯ ᠲᠤᠰ ᠷᠤᠮᠠᠨ᠎ᠳᠠᠬᠢ ᠲᠦᠷᠢ ᠪᠦᠳᠦᠭᠡᠵᠦ᠍ ᠪᠠᠢᠭ᠎ᠠ ᠠᠷᠭ᠎ᠠ ᠠᠪᠴᠠᠯ᠎ᠨᠢ ᠭᠤᠤᠯᠳᠠᠭᠤ ᠲᠦᠷᠰᠦᠯᠡᠬᠦ᠂ ᠲᠤᠭᠠᠴᠢᠬᠤ᠂ ᠲᠤᠱᠢᠶᠠᠵᠤ ᠲᠠᠢᠯᠪᠤᠷᠢᠯᠠᠬᠤ ᠪᠤᠶᠤ ᠳ᠋ᠦᠩᠨᠡᠬᠦ᠌ ᠵᠡᠷᠭᠡ ᠭᠡᠳᠦᠨ ᠵᠦᠢᠯ ᠪᠠᠢᠭ᠎ᠠ᠎ᠨᠢ ᠮᠡᠳᠡᠭ᠌ᠳᠡᠨ᠎ᠡ᠃
ᠪᠠᠭ᠍ᠴᠠᠯᠠᠪᠠᠯ᠂ ᠷᠤᠮᠠᠨ 《ᠢᠱᠢᠪᠠᠯᠵᠤᠷ》ᠲᠦ᠍ ᠭᠤᠷᠪᠠᠨ ᠵᠦᠢᠯ᠎ᠤᠨ ᠲᠡᠦᠭᠡᠨ ᠠᠬᠤᠢ᠎ᠶ᠋ᠢ ᠲᠡᠯᠭᠡᠵᠦ᠍᠂ ᠭᠤᠷᠪᠠᠨ ᠶᠡᠭᠡ ᠤᠳᠭ᠎ᠠ ᠰᠡᠳᠦᠪ᠎ᠢ ᠰᠤᠩᠭᠤᠨ ᠢᠯᠡᠷᠡᠬᠦᠯᠵᠦ᠍᠂ ᠭᠤᠷᠪᠠᠨ ᠶᠡᠭᠡ ᠱᠢᠰᠲ᠋ᠧᠮ ᠬᠦᠮᠦᠨ᠎ᠤ ᠲᠦᠷᠢ ᠨᠦᠭᠦᠳ᠎ᠢ ᠪᠦᠳᠦᠭᠡᠬᠦ᠌᠎ᠳᠡᠭᠡᠨ ᠠᠮᠵᠢᠯᠳᠠ ᠤᠯᠤᠯᠳᠠ᠎ᠲᠠᠢ ᠲᠠᠯ᠎ᠠ ᠪᠠᠢᠬᠤ ᠮᠦᠷᠳᠡᠭᠡᠨ ᠪᠠᠰᠠ ᠡᠳᠦᠢ ᠲᠡᠳᠦᠢ ᠬᠦᠷᠦᠯᠴᠡᠬᠦ᠌ ᠦᠭᠡᠢ ᠲᠠᠯ᠎ᠠ ᠪᠤᠶᠤ ᠠᠯᠳᠠᠭ᠍ᠳᠠᠯ ᠭᠡᠮ ᠤᠷᠤᠱᠢᠵᠤ ᠪᠠᠢᠨ᠎ᠠ᠃
●ᠲᠠᠷᠬᠤᠳ ᠬᠢᠩᠭᠠᠨ(ᠦᠪᠤᠷ ᠮᠤᠡᠭᠭᠤᠯ᠎ᠤᠨ ᠪᠠᠬᠰᠢ᠎ᠶᠢᠨ ᠶᠡᠭᠡ ᠰᠤᠷᠭᠠᠭᠤᠯᠢ᠎ᠶᠢᠨ ᠵᠠᠯᠠᠭᠤᠴᠤᠳ᠎ᠤᠨ ᠤᠯᠤᠰ ᠲᠦᠷᠦ᠎ᠶᠢᠨ ᠲᠡᠭᠡᠳᠦ ᠰᠤᠷᠭᠠᠭᠤᠯᠢ᠎ᠶᠢᠨ ᠲᠡᠳ᠋ ᠫᠷᠤᠹᠸᠰᠰᠤᠷ)᠄ ᠰᠥᠮᠪᠠᠬᠠᠮᠪᠤᠢᠱᠢᠪᠠᠯᠵᠣᠷᠪᠣᠯ18ᠳ᠋ᠣᠭᠠᠷ ᠵᠠᠭᠤᠨ᠎ᠤ ᠥᠶ᠎ᠡ᠎ᠶ᠋ᠢᠨ ᠮᠣᠩᠭᠤᠯ ᠥᠨᠳᠥᠰᠥᠳᠡᠨ᠎ᠤ ᠠᠯᠳᠠᠷᠳᠣ ᠡᠷᠳᠡᠮᠳᠡᠨ᠂ ᠪᠣᠷᠬᠠᠨ᠎ᠤ ᠱᠠᠱᠢᠨᠳᠠᠨ᠂ ᠣᠳᠭ᠎ᠠ ᠵᠣᠬᠢᠶᠠᠯᠴᠢ᠂ ᠣᠳᠭ᠎ᠠ ᠵᠣᠬᠢᠶᠠᠯ᠎ᠤᠨ ᠣᠨᠣᠯᠴᠢ᠂ ᠡᠮᠨᠡᠯᠭᠡ᠎ᠶ᠋ᠢᠨ ᠣᠬᠠᠭᠠᠨᠳᠠᠨ᠂ ᠣᠳᠣᠨ ᠣᠷᠣᠨ᠎ᠤ ᠡᠷᠳᠡᠮᠳᠡᠨ᠂ ᠲᠡᠥᠬᠡᠴᠢᠨ᠂ ᠵᠢᠷᠣᠬᠠᠢᠴᠢ ᠪᠣᠯᠣᠨ᠎ᠠ᠃
ᠲᠡᠷᠡ ᠪᠣᠯ 17 ᠳ᠋ᠣᠭᠠᠷ ᠵᠠᠭᠤᠨ᠎ᠤ ᠡᠬᠢᠨ᠎ᠤ ᠥᠶ᠎ᠡ᠎ᠠᠴᠠ 19 ᠳ᠋ᠣᠭᠡᠷ ᠵᠠᠭᠤᠨ᠎ᠤ ᠲᠣᠮᠳᠠᠴᠢ ᠥᠶ᠎ᠡ ᠬᠥᠷᠳᠡᠯᠡᠬᠢ ᠬᠡᠳᠥᠨ ᠵᠠᠭᠤᠨ ᠣᠨ᠎ᠤ ᠴᠠᠭ ᠬᠤᠭᠤᠴᠠᠭᠠᠨ᠎ᠠ ᠲᠣᠷᠣᠨᠠᠳᠠᠬᠢᠨᠤ ᠣᠶᠣᠨ ᠠᠭᠠᠷ ᠲᠦ᠍ ᠲᠣᠳᠣᠷᠠᠨ ᠭᠢᠯᠠᠯᠵᠠᠭ᠍ᠰᠠᠨ ᠥᠶ᠎ᠡ ᠣᠯᠠᠨ ᠮᠣᠩᠭᠤᠯᠴᠢ ᠡᠷᠳᠡᠮᠳᠡᠨᠤ ᠨᠢᠭᠡᠨ ᠪᠣᠯᠠᠢ᠃ ᠷᠣᠮᠠᠨ 《ᠢᠱᠢᠪᠠᠯᠵᠣᠷ》᠂ ᠡᠨᠡ ᠬᠦ᠌ ᠶᠡᠭᠡ ᠡᠷᠳᠡᠮᠳᠡᠨᠤ ᠨᠢᠭᠡ ᠨᠠᠰᠣᠨ᠎ᠤ ᠥᠢᠯᠡᠰ ᠵᠢᠳᠭᠦᠯ᠎ᠢ᠎ᠨᠢ ᠬᠥᠮᠥᠨ ᠠᠷᠠᠳ᠎ᠲᠤ ᠣᠷᠠᠯᠢᠭ᠍ᠵᠢᠭᠤᠯᠣᠨ ᠥᠵᠡᠭᠦᠯᠵᠣ ᠴᠢᠳᠠᠭ᠍ᠰᠠᠨ ᠮᠥᠷᠳᠡᠭᠡᠨ ᠨᠡᠩ ᠴᠢᠬᠤᠯᠠ ᠨᠢ ᠡᠩ᠎ᠤᠨ ᠬᠥᠮᠥᠨ᠎ᠤ ᠢᠨᠠᠭ ᠬᠠᠢᠷ᠎ᠠ᠎ᠶ᠋ᠢ ᠨᠢᠭᠤᠴᠠᠬᠠᠨ ᠬᠠᠳᠠᠭᠠᠯᠠᠭ᠍ᠰᠠᠨ ᠡᠮᠵᠡᠭ᠌ᠬᠡᠨ ᠰᠡᠳᠭᠢᠯ ; ᠱᠠᠱᠢᠨ᠎ᠤ ᠲᠣᠬᠠᠢ ᠥᠪᠡᠷ᠎ᠤᠨ ᠭᠡᠰᠡᠨ ᠥᠵᠡᠯᠳᠡ ᠪᠠᠷᠢᠮᠳᠠᠯᠠᠯ ; ᠡᠨᠡᠷᠢᠯ᠂ ᠠᠭᠤᠴᠢᠯᠠᠯ᠎ᠢᠶᠠᠷ ᠲᠥᠭᠦᠷᠡᠭ᠌ᠰᠡᠨ ᠨᠢᠩᠵᠢᠨ ᠰᠡᠳᠭᠢᠯ; ᠪᠥᠯᠬᠦᠮᠳᠡᠯ᠂ ᠨᠢᠭᠡᠳᠥᠯᠢ ᠡᠷᠬᠢᠮᠯᠡᠭ᠌ᠰᠡᠨ ᠥᠵᠡᠯ ᠰᠠᠨᠠᠭ᠎ᠠ; ᠠᠮᠢ ᠠᠮᠢᠵᠢᠷᠠᠯ᠎ᠢ ᠲᠡᠭᠡᠳᠥᠯᠡᠨ᠂ ᠬᠥᠮᠥᠨ ᠠᠷᠠᠳ᠎ᠲᠤ ᠲᠣᠰᠠ᠎ᠶ᠋ᠢ ᠣᠯᠭᠤᠳᠠᠭ ᠪᠣᠶᠠᠨᠰᠠᠭ ᠵᠠᠩ; ᠲᠥᠪ ᠪᠣᠰᠣ ᠥᠵᠡᠯᠢ ᠥᠵᠡᠨ ᠶᠠᠳᠠᠳᠠᠭ ᠠᠷᠢᠭᠤᠨ ᠰᠣᠷᠳᠠᠯ; ᠮᠠᠨᠵᠣ ᠴᠢᠩ᠎ᠳᠤ ᠬᠠᠨᠳᠣᠭ᠍ᠰᠠᠨ ᠬᠥᠢᠳᠡᠮᠰᠥᠭ ᠣᠪᠣᠷ; ᠡᠷᠳᠡᠮ᠎ᠢ ᠬᠥᠭᠡᠭᠡᠴᠡᠯᠳᠥᠨ᠂ ᠨᠣᠮ ᠪᠥᠳᠥᠭᠡᠬᠦ᠌ ᠡᠷᠡᠰᠭᠡᠨ ᠪᠣᠳᠣᠯ ᠵᠡᠷᠭᠡ ᠣᠶᠣᠨ᠎ᠤ ᠶᠢᠷᠳᠢᠨᠴᠥ᠎ᠶ᠋ᠢᠨ ᠬᠢᠨᠢ ᠮᠥᠨ ᠴᠢᠨᠠᠷᠤᠳᠢ ᠲᠥᠷᠰᠦᠯᠢᠭ᠌ᠵᠢᠭᠦᠯᠥᠨ ᠢᠯᠡᠷᠡᠭᠦᠯᠥᠭᠡᠳ᠂ ᠢᠱᠢᠪᠠᠯᠵᠣᠷᠤᠨ ᠣᠶᠣᠨ ᠰᠥᠨᠡᠰᠥᠨᠤ ᠠᠷᠢᠭᠤᠨ ᠲᠣᠩᠭᠠᠯᠠᠭ᠂ ᠠᠷᠣᠣᠬᠠᠨ ᠭᠡᠭᠡᠨᠴᠢᠷ᠂ ᠡᠷᠬᠢᠮᠰᠥᠭ ᠲᠡᠭᠡᠳᠥ ᠮᠥᠨ ᠱᠢᠨᠵᠢ᠎ᠶ᠋ᠢ᠎ᠨᠢ ᠨᠡᠩ ᠥᠨᠳᠥᠷᠵᠢᠭᠦᠯᠵᠣ᠂ ᠬᠥᠮᠥᠨ ᠲᠥᠷᠥᠯᠬᠢᠳᠡᠨ᠎ᠳᠤ ᠪᠠᠢᠪᠠᠰᠣ ᠵᠣᠬᠢᠬᠤ ᠭᠤᠸ᠎ᠠ ᠰᠠᠢᠬᠠᠨ ᠶᠣᠰᠣ ᠰᠣᠷᠳᠠᠬᠤᠨ᠂ ᠵᠠᠩ ᠠᠷᠠᠨᠱᠢᠨ᠎ᠢ ᠣᠷᠠᠢᠯᠠᠨ ᠲᠠᠭᠤᠳᠠᠭ᠍ᠰᠠᠨ ᠪᠠᠢᠨ᠎ᠠ᠃ ᠡᠨᠡ ᠲᠠᠯ᠎ᠠ᠎ᠪᠠᠷ᠎ᠢᠶᠠᠨ ᠲᠣᠰ ᠷᠣᠮᠠᠨ ᠣᠷᠠᠯᠢᠭ᠎ᠤᠨ ᠰᠠᠢᠬᠠᠨ᠎ᠢᠶᠠᠷ ᠥᠨᠡᠨᠤ ᠰᠠᠢᠬᠠᠨ᠎ᠢ ᠲᠡᠯᠭᠡᠨ ᠥᠵᠡᠭᠦᠯᠵᠣ ᠴᠢᠳᠠᠭ᠍ᠰᠠᠨ ᠥᠨᠳᠥᠷ ᠠᠮᠵᠢᠯᠳᠠ᠎ᠳᠤ ᠬᠥᠷᠪᠡ᠃ ᠬᠠᠮᠤᠭ ᠡᠴᠥᠰᠲᠤᠨᠢ ᠬᠡᠯᠡᠬᠦ᠌ ᠥᠭᠡ ᠭᠡᠪᠡᠯ᠂ ᠲᠣᠰ ᠷᠣᠮᠠᠨ ᠪᠣᠳᠣᠯ ᠰᠡᠳᠭᠢᠯ᠎ᠤᠨ ᠠᠭᠤᠳᠠᠯᠣᠯ ᠬᠢᠭ᠌ᠰᠡᠨ ᠲᠠᠯ᠎ᠠ᠎ᠪᠠᠷ ᠵᠢᠭᠠᠬᠠᠨ ᠬᠥᠷᠥᠯᠴᠡᠭ᠌ᠰᠡᠨ ᠥᠭᠡᠢ ᠱᠢᠭ ᠰᠠᠨᠠᠭ᠍ᠳᠠᠨ᠎ᠠ᠃ ᠬᠡᠷᠪᠡ ᠪᠣᠳᠣᠯ ᠰᠡᠳᠭᠢᠯ᠎ᠤᠨ ᠠᠭᠤᠳᠠᠯᠣᠯᠢ ᠣᠯᠠᠮ ᠨᠢᠭᠡ ᠠᠯᠬᠤᠮ ᠭᠥᠨᠵᠡᠭᠡᠢᠷᠡᠭᠦᠯᠥᠨ ᠬᠢᠭ᠌ᠰᠡᠨ ᠪᠣᠯ ᠣᠷᠠᠯᠢᠭ᠎ᠤᠨ ᠨᠡᠩ ᠥᠨᠳᠥᠷ ᠲᠥᠪᠱᠢᠨ᠎ᠢ ᠡᠭᠦᠳᠴᠥ᠍ ᠴᠢᠳᠠᠬᠤ ᠶᠤᠮ ᠭᠡᠳᠡᠭ᠎ᠢ ᠪᠢᠳᠡ ᠢᠳᠡᠭᠡᠵᠤ ᠪᠠᠢᠨ᠎ᠠ᠃
●ᠪᠤ᠊·ᠱᠢᠭᠤᠢ (ᠦᠪᠦᠷ ᠮᠣᠩᠭᠤᠯ᠎ᠤᠨ ᠨᠡᠢᠭᠡᠮ᠎ᠤᠨ ᠱᠢᠨᠵᠢᠯᠡᠬᠦ᠌ ᠣᠬᠠᠭᠠᠨ᠎ᠤ ᠬᠦᠷᠢᠶᠡᠯᠡᠩ᠎ᠤᠨ ᠰᠤᠳᠤᠯᠤᠬᠴᠢ)᠄ ᠠᠷᠪᠠᠨ ᠨᠠᠢ᠍ᠮᠠᠳᠣᠭᠠᠷ ᠵᠠᠭᠤᠨ᠎ᠤ ᠦᠶ᠎ᠡ᠎ᠳᠤ ᠮᠣᠩᠭᠤᠯᠴᠤᠳ᠎ᠤᠨ ᠲᠣᠳᠣᠷ᠎ᠠ᠎ᠠᠴᠠ ᠱᠢᠯᠭᠠᠷᠠᠨ ᠭᠠᠷᠣᠭ᠍ᠰᠠᠨ ᠡᠷᠳᠡᠮᠳᠡᠨ ᠮᠡᠷᠭᠡᠳ᠎ᠤᠨ ᠨᠢᠭᠡ᠎ᠨᠢ ᠲᠡᠭᠡᠳᠦ ᠮᠣᠩᠭᠤᠯ᠎ᠤᠨ ᠰᠦᠮᠪᠠ ᠬᠠᠮᠪᠤ ᠢᠱᠢᠪᠠᠯᠵᠣᠷ ᠪᠠᠢᠯ᠎ᠠ᠃ ᠶᠢᠰᠦᠨ ᠪᠣᠳᠢ ᠰᠦᠮᠪᠣᠮ ᠵᠣᠬᠢᠶᠠᠯ ᠲᠣᠭᠤᠷᠪᠢᠵᠣ ᠠᠨᠠᠭᠠᠬᠤ ᠣᠬᠠᠭᠠᠨ ᠪᠠ ᠣᠳᠣᠨ ᠵᠢᠷᠣᠬᠠᠢ᠎ᠶ᠋ᠢᠨ ᠣᠬᠠᠭᠠᠨ᠎ᠳᠤ ᠱᠢᠮᠳᠠᠭ᠍ᠰᠠᠨ ᠲᠡᠭᠦᠨ᠎ᠢ ᠬᠤᠵᠢᠮ᠎ᠤᠨ ᠬᠦᠮᠦᠰ ᠲᠡᠣᠬᠡᠴᠢ᠂ ᠭᠦᠨ ᠣᠬᠠᠭᠠᠨᠳᠠᠨ᠂ ᠣᠳᠭ᠎ᠠ ᠵᠣᠬᠢᠶᠠᠯᠴᠢ᠂ ᠣᠳᠭ᠎ᠠ ᠵᠣᠬᠢᠶᠠᠯ᠎ᠤᠨ ᠣᠨᠣᠯᠴᠢ᠂ ᠬᠡᠯᠡ ᠱᠢᠨᠵᠢᠯᠡᠯᠳᠡᠨ᠂ ᠠᠨᠠᠭᠠᠬᠤ ᠣᠬᠠᠭᠠᠨᠳᠠᠨ᠂ ᠣᠳᠣᠨ ᠣᠷᠣᠨ᠎ᠤ ᠣᠬᠠᠭᠠᠨᠳᠠᠨ᠂ ᠣᠷᠠᠯᠢᠭ᠍ᠴᠢᠨ ᠭᠡᠬᠦ᠌ ᠮᠡᠳᠦ᠍ᠪᠠᠷ ᠦᠨᠡᠯᠡᠭ᠌ᠰᠡᠭᠡᠷ ᠢᠷᠡᠵᠡᠢ᠃ ᠢᠱᠢᠪᠠᠯᠵᠣᠷᠤᠨ ᠪᠦᠳᠦᠭᠡᠭ᠌ᠰᠡᠨ ᠬᠠᠮᠤᠭᠤᠳᠢ ᠪᠢ ᠰᠣᠳᠣᠯᠭᠠᠨ᠎ᠳᠠᠭᠠᠨ ᠲᠦᠱᠢᠭ᠌ᠯᠡᠨ ᠮᠣᠩᠭᠤᠯ ᠡᠷᠳᠡᠮᠳᠡᠳ᠎ᠤᠨ ᠲᠣᠳᠣᠷ᠎ᠠ ᠶᠡᠭᠡ ᠪᠠᠭ᠎ᠠ ᠲᠠᠪᠣᠨ ᠣᠬᠠᠭ᠎ᠠ᠎ᠨᠢ ᠪᠦᠷᠢᠨ ᠪᠦᠳᠦᠨ ᠲᠣᠭᠤᠷᠪᠢᠭ᠍ᠰᠠᠨ ᠠᠩᠬᠠᠨ᠎ᠤ ᠬᠦᠮᠦᠨ᠂ ᠮᠣᠩᠭᠤᠯ ᠱᠢᠯᠦᠭ ᠵᠦᠢ᠎ᠶ᠋ᠢᠨ ᠣᠨᠣᠯ᠎ᠤᠨ ᠪᠦᠳᠦᠭᠡᠯ᠎ᠢ ᠲᠣᠭᠤᠷᠪᠢᠭ᠍ᠰᠠᠨ ᠠᠩᠬᠠᠨ᠎ᠤ ᠬᠦᠮᠦᠨ᠂ ᠵᠣᠬᠢᠰᠳᠣ ᠠᠶᠠᠯᠭᠤᠨ᠎ᠤ ᠠᠷᠭ᠎ᠠ ᠪᠠᠷᠢᠯ᠎ᠢ ᠦᠷᠭᠦᠯᠵᠢᠯᠡᠭ᠌ᠰᠡᠨ ᠵᠣᠬᠢᠶᠠᠯ᠎ᠳᠤ ᠰᠠᠨᠠᠭᠠᠴᠢᠯᠠᠭᠠᠲᠠᠢᠬᠡᠷᠡᠭ᠌ᠯᠡᠭ᠌ᠰᠡᠨᠠᠩᠬᠠᠨᠤᠬᠦᠮᠦᠨ᠂ᠨᠣᠮᠯᠠᠬᠤᠢ ᠲᠡᠮᠡᠴᠡᠬᠦᠢ ᠲᠣᠭᠤᠷᠪᠢᠬᠤᠢᠶ᠋ᠢᠨ ᠣᠨᠣᠯ᠎ᠢ ᠴᠣᠭ᠍ᠴᠠᠯᠠᠭ᠍ᠰᠠᠨ ᠠᠩᠬᠠᠨ᠎ᠤ ᠬᠦᠮᠦᠨ᠂ ᠱᠢᠯᠦᠭ᠌ᠯᠡᠭ᠌ᠰᠡᠨ ᠲᠢᠭ᠎ᠢᠶᠠᠷ ᠲᠡᠵᠢᠭᠡᠬᠦᠢ ᠣᠬᠠᠭᠠᠨ ᠪᠠ ᠵᠢᠷᠣᠬᠠᠢ᠎ᠶ᠋ᠢᠨ ᠣᠬᠠᠭᠠᠨ᠂ ᠢᠯᠡᠳᠳᠡ ᠦᠭᠦᠯᠡᠬᠦᠢ ᠨᠡᠷ᠎ᠡ᠎ᠶ᠋ᠢᠨ ᠨᠣᠮ ᠲᠣᠭᠤᠷᠪᠢᠭ᠍ᠰᠠᠨ ᠠᠩᠬᠠᠨ᠎ᠤ ᠬᠦᠮᠦᠰ᠎ᠤᠨ ᠨᠢᠭᠡ ᠭᠡᠵᠦ᠍ ᠳ᠋ᠦᠩᠨᠡᠭ᠌ᠰᠡᠨ ᠪᠢᠯᠡ᠃ ᠸ᠊·ᠬᠠᠰᠤᠨ ᠷᠣᠮᠠᠨ 《ᠢᠱᠢᠪᠠᠯᠵᠣᠷ》ᠲᠦ᠍ ᠲᠡᠣᠬᠡᠨ ᠬᠦᠮᠦᠨ ᠢᠱᠢᠪᠠᠯᠵᠣᠷᠢ ᠠᠮᠢᠯᠠᠭᠤᠯᠬᠤ᠎ᠪᠠᠷ ᠮᠡᠷᠡᠢᠭ᠌ᠰᠡᠨ ᠪᠦᠭᠡᠳ ᠨᠡᠯᠢᠶᠡᠳ ᠠᠮᠵᠢᠯᠳᠠᠳᠠᠢ ᠣᠷᠠᠨ ᠲᠦᠷᠢ᠎ᠶ᠋ᠢ ᠪᠦᠳᠦᠭᠡᠵᠦ᠍ ᠴᠢᠳᠠᠯ᠎ᠠ ᠭᠡᠵᠦ᠍ ᠦᠵᠡᠵᠦ᠍ ᠪᠠᠢᠨ᠎ᠠ᠃ ᠨᠢᠭᠡ᠎ᠳᠤ᠂ ᠢᠱᠢᠪᠠᠯᠵᠣᠷᠤᠨ ᠠᠮᠢᠳᠣᠷᠠᠵᠣ ᠪᠠᠢᠭ᠍ᠰᠠᠨ ᠨᠡᠢᠭᠡᠮ ᠲᠡᠣᠬᠡ᠎ᠶ᠋ᠢᠨ ᠠᠷᠣ ᠦᠵᠡᠭ᠌ᠳᠡᠯ᠎ᠢ ᠨᠡᠯᠢᠶᠡᠳ ᠪᠣᠳᠠᠳᠠᠢ ᠵᠢᠷᠣᠭ᠍ᠯᠠᠵᠣ ᠴᠢᠳᠠᠵᠠᠢ᠃ ᠬᠤᠶᠠᠷ᠎ᠲᠤ᠌᠂ ᠢᠱᠢᠪᠠᠯᠵᠣᠷᠤᠨ ᠨᠢᠭᠡ ᠨᠠᠰᠣᠨ᠎ᠤ ᠭᠤᠣᠯ ᠴᠢᠬᠤᠯᠠ ᠶᠡᠭᠡ ᠦᠢᠯᠡ ᠬᠡᠷᠡᠭ᠎ᠢ᠎ᠨᠢ ᠲᠦᠷᠰᠦᠯᠡᠨ ᠲᠡᠮᠳᠡᠭ᠌ᠯᠡᠵᠦ᠍ ᠣᠷᠠᠨ ᠵᠢᠷᠣᠭ᠍ᠯᠠᠵᠣ ᠪᠦᠳᠦᠭᠡᠪᠡ᠃ ᠭᠤᠷᠪᠠ᠎ᠳᠤ᠂ ᠢᠱᠢᠪᠠᠯᠵᠣᠷᠤᠨ ᠦᠪᠡᠷ᠎ᠤᠨ ᠨᠠᠮᠳᠠᠷ᠎ᠲᠠᠭᠠᠨ ᠲᠣᠭᠠᠴᠢᠭ᠍ᠰᠠᠨ ᠭᠤᠣᠯ ᠵᠦᠷᠢᠴᠡᠯ ᠮᠦᠷᠭᠦᠯᠳᠦᠭᠡᠨ᠎ᠢ ᠠᠮᠢᠳᠣᠯᠢᠭ ᠭᠦᠨᠴᠠ ᠲᠠᠢ ᠵᠢᠷᠣᠭ᠍ᠯᠠᠨ ᠢᠯᠡᠳᠭᠡᠵᠦ᠍ ᠭᠠᠷᠭᠠᠵᠠᠢ᠃ ᠵᠦᠷᠢᠴᠡᠯ ᠮᠦᠷᠭᠦᠯᠳᠦᠭᠡᠨ᠎ᠢ ᠰᠠᠢᠳᠣᠷ ᠢᠯᠡᠷᠡᠭᠦᠯᠦᠭ᠌ᠰᠡᠨ᠎ᠨᠢ ᠢᠱᠢᠪᠠᠯᠵᠣᠷᠤᠨ ᠵᠠᠩ ᠠᠷᠠᠨᠱᠢᠨ᠂ ᠲᠣᠳᠣᠭᠠᠳᠣ ᠰᠡᠳᠭᠢᠯ᠎ᠤᠨ ᠵᠢᠷᠤᠭ᠎ᠢ ᠲᠡᠯᠭᠡᠬᠦ᠌ᠳᠤ ᠴᠢᠬᠤᠯᠠ ᠦᠢᠯᠡᠳᠦᠯ ᠦᠵᠡᠭᠦᠯᠪᠡ᠃ ᠲᠦᠷᠪᠡ᠎ᠳᠤ᠂ ᠢᠱᠢᠪᠠᠯᠵᠣᠷᠤᠨ ᠡᠷᠬᠡ ᠵᠡᠷᠭᠡ ᠪᠠ ᠡᠳ᠋ ᠮᠦᠩᠭᠦᠳᠤ ᠱᠢᠨᠣᠬᠠᠢᠷᠠᠳᠠᠭ ᠦᠭᠡᠢ ᠡᠷᠬᠢᠮ ᠭᠡᠭᠡᠨᠴᠢᠷ ᠵᠠᠩ ᠠᠷᠠᠨᠱᠢᠨ᠂ ᠦᠪᠡᠷ᠎ᠤᠨ ᠦᠵᠡᠯᠳᠡ᠎ᠪᠠᠨ ᠪᠠᠷᠢᠮᠳᠠᠯᠠᠳᠠᠭ ᠦᠨᠡᠨᠴᠢ ᠵᠣᠵᠢᠭ ᠵᠠᠩ ᠠᠭᠠᠰᠢ᠂ ᠠᠳᠡᠯ ᠣᠰᠣᠯᠢ ᠪᠠᠭ᠍ᠳᠠᠭᠠᠳᠠᠭ ᠦᠭ᠌ᠭᠢᠶᠡᠮᠣᠷ ᠠᠭᠤᠳᠠᠮᠴᠢ ᠵᠠᠩ ᠴᠢᠨᠠᠷᠲᠠᠢ ᠬᠦᠮᠦᠨ ᠴᠢᠨᠠᠷ᠎ᠤᠨ ᠭᠡᠷᠡᠯ ᠭᠢᠯᠪᠠᠭ᠎ᠠ᠎ᠶ᠋ᠢ ᠦᠨᠡᠨ ᠪᠣᠳᠠᠳᠠᠢ ᠪᠦᠭᠡᠳ ᠠᠮᠢᠳᠣᠯᠢᠭ᠎ᠢᠶᠠᠷ ᠵᠢᠷᠣᠭ᠍ᠯᠠᠵᠣ ᠴᠢᠳᠠᠪᠠ᠃
ᠶᠡᠷᠣᠩᠬᠡᠢ᠎ᠳᠡᠭᠡᠨ ᠡᠷᠳᠡᠮ ᠨᠣᠮ᠎ᠤᠨ ᠢᠱᠢᠪᠠᠯᠵᠣᠷ ᠪᠠ ᠡᠷᠡᠭᠦᠯ ᠡᠩᠬᠡ᠎ᠶ᠋ᠢᠨ ᠡᠯᠴᠢ ᠢᠱᠢᠪᠠᠯᠵᠣᠷᠤᠨ ᠲᠦᠷᠢ᠎ᠶ᠋ᠢ ᠱᠣᠭᠤᠵᠦ ᠭᠠᠷᠭᠠᠵᠠᠢ᠃ ᠡᠨᠡ᠎ᠨᠢ ᠣᠳᠣ ᠴᠠᠭ ᠦᠶ᠎ᠡ᠎ᠳᠤ ᠴᠣ᠌ ᠢᠳᠡᠪᠬᠢᠳᠡᠢ ᠠᠴᠢ ᠬᠤᠯᠪᠣᠭ᠍ᠳᠠᠯ᠎ᠲᠠᠢ ᠵᠦᠪ ᠲᠠᠯ᠎ᠠ᠎ᠶ᠋ᠢᠨ ᠲᠦᠷᠢ ᠪᠣᠯᠬᠤ ᠶᠣᠮ᠃ ᠬᠡᠯᠡᠯᠭᠡᠨ ᠦᠭᠡᠢ ᠢᠱᠢᠪᠠᠯᠵᠣᠷᠤᠨ ᠦᠨᠳᠣᠷ ᠶᠡᠭᠡ ᠪᠠᠢᠷᠢ ᠰᠠᠭᠤᠷᠢ᠎ᠶ᠋ᠢ ᠲᠣᠪᠣᠢᠯᠭᠠᠭ᠍ᠰᠠᠨᠢᠶᠠᠷ ᠭᠦᠢᠴᠡᠳ ᠦᠭᠡᠢ᠂ ᠱᠠᠱᠢᠨ᠎ᠤ ᠲᠠᠯ᠎ᠠ᠎ᠶ᠋ᠢᠨ ᠶᠡᠷᠣ᠎ᠶ᠋ᠢᠨ ᠮᠡᠳᠡᠯᠭᠡ ᠵᠢᠭᠠᠬᠠᠨ ᠲᠣᠯᠢᠮᠠᠭᠠᠴᠠ ᠦᠭᠡ ᠦᠰᠦᠭ᠎ᠤᠨ ᠵᠠᠷᠢᠮ ᠡᠮᠵᠡᠭ ᠪᠣᠷᠣᠭᠤ ᠭᠠᠷᠭᠠᠭ᠍ᠰᠠᠨ ᠵᠡᠷᠭᠡ ᠭᠦᠢᠴᠡᠳ ᠦᠭᠡᠢ ᠲᠠᠯ᠎ᠠ ᠤᠷᠤᠰᠢᠵᠤ ᠪᠠᠢᠨ᠎ᠠ᠃
● ᠴᠦ ᠢ (ᠦᠪᠤᠷ ᠮᠤᠡᠭᠭᠤᠯ᠎ᠤᠨ ᠪᠠᠬᠰᠢ᠎ᠶᠢᠨ ᠶᠡᠭᠡ ᠰᠤᠷᠭᠠᠭᠤᠯᠢ᠎ᠶᠢᠨ ᠫᠷᠤᠹᠸᠰᠰᠤᠷ) ᠄ ᠸ᠊ · ᠬᠠᠰᠤᠨ 《ᠢᠱᠢᠪᠠᠯᠵᠤᠷ》 ᠷᠤᠮᠠᠨ ᠪᠣᠯ ᠲᠡᠦᠬᠡᠨ ᠦᠨᠡᠨ ᠬᠦᠮᠦᠨ᠎ᠤ ᠠᠮᠢᠳᠤᠷᠠᠯ᠎ᠠᠴᠠ ᠰᠡᠳᠦᠪᠯᠡᠨ ᠪᠢᠴᠢᠭ᠌ᠰᠡᠨ ᠠᠬᠤᠢᠴᠢ ᠦᠵᠡᠯ᠎ᠤᠨ ᠱᠢᠨᠵᠢ᠎ᠲᠠᠢ ᠲᠡᠦᠬᠡᠨ ᠷᠤᠮᠠᠨ ᠪᠣᠯᠣᠨ᠎ᠠ᠃ ᠲᠣᠰ ᠷᠤᠮᠠᠨ᠎ᠳᠤ ᠳᠤᠮᠳᠠᠳᠤ᠎ᠶ᠋ᠢᠨ ᠦᠨᠳᠦᠰᠦᠲᠡᠨ᠎ᠤ ᠪᠦᠷᠢᠯᠳᠦᠯ᠎ᠤᠨ ᠴᠢᠬᠤᠯᠠ ᠨᠢᠭᠡ ᠦᠯᠢᠭᠡᠷ ᠶᠠᠪᠤᠴᠠ᠎ᠶ᠋ᠢ ᠦᠨᠡᠨ ᠮᠦᠨᠢᠶᠠᠷᠨᠢ ᠲᠣᠰᠭᠠᠨ ᠦᠨᠳᠦᠰᠦᠲᠡᠨ᠎ᠤ ᠪᠦᠯᠬᠦᠮᠳᠡᠯ ᠨᠢᠭᠡᠳᠦᠯ᠎ᠢ ᠡᠷᠬᠢᠮᠯᠡᠬᠦ᠌ ᠬᠡᠷᠡᠭ᠌ᠲᠡᠢ ᠭᠡᠳᠡᠭ᠎ᠢ ᠲᠤᠰᠭᠠᠨ ᠬᠠᠷᠠᠭᠤᠯᠵᠠᠢ᠃ ᠮᠦᠨ ᠴᠤ᠌ ᠳᠣᠮᠳᠠᠳᠦ᠍ᠶ᠋ᠢᠨ ᠦᠨᠳᠦᠰᠦᠲᠡᠨ᠎ᠤ ᠱᠢᠯᠢᠳᠡᠭ ᠰᠣᠶᠣᠯ᠎ᠤᠨ ᠨᠢᠭᠡ ᠪᠣᠯᠬᠤ ᠮᠣᠩᠭᠤᠯ ᠠᠨᠠᠭᠠᠬᠤ ᠤᠬᠠᠭᠠᠨ᠎ᠤ ᠬᠤᠪᠢ ᠨᠡᠮᠡᠷᠢ᠎ᠶ᠋ᠢ ᠢᠯᠡᠷᠡᠭᠦᠯᠦᠨ ᠨᠤᠲᠠᠯᠠᠵᠤ ᠲᠥᠭᠡᠮᠡᠯ ᠮᠡᠳᠡᠯᠭᠡ ᠪᠣᠯᠵᠤ ᠳᠡᠯᠭᠡᠷᠡᠬᠦ᠌᠎ᠳᠤ ᠴᠢᠬᠤᠯᠠ ᠭᠤᠭ᠍ᠴᠤᠭ᠎ᠠ ᠪᠣᠯᠣᠭ᠍ᠰᠠᠨ ᠪᠠᠢᠨ᠎ᠠ᠃ ᠲᠣᠰ ᠷᠣᠮᠠ᠎ᠨᠢ ᠣᠩᠱᠢᠬᠤ ᠶᠠᠪᠤᠴᠠ᠎ᠳᠤ ᠳᠣᠮᠳᠠᠳᠤ ᠣᠯᠣᠰ᠎ᠤᠨ ᠲᠡᠦᠬᠡ ᠪᠣᠯ ᠣᠯᠠᠨ ᠦᠨᠳᠦᠰᠦᠲᠡᠨ᠎ᠤ ᠬᠠᠮᠲᠦ᠍ᠪᠠᠷ ᠪᠦᠲᠦᠭᠡᠭ᠌ᠰᠡᠨ ᠲᠡᠦᠬᠡ ᠪᠠᠢᠵᠤ᠂ ᠳᠤᠮᠳᠠᠳᠦ ᠣᠯᠣᠰ᠎ᠤᠨ ᠨᠣᠲᠤᠭ ᠳᠡᠪᠢᠰᠭᠡᠷ ᠪᠣᠯ ᠳᠣᠮᠳᠠᠳᠦ᠍ᠶ᠋ᠢᠨ ᠦᠨᠳᠦᠰᠦᠲᠡᠨ᠎ᠤ ᠬᠠᠮᠲᠦ ᠪᠠᠷ᠎ᠢᠶᠠᠨ ᠪᠠᠢᠯᠳᠣᠨ ᠲᠡᠮᠡᠴᠡᠵᠦ᠍ ᠣᠯᠣᠭ᠍ᠰᠠᠨ ᠬᠠᠮᠠᠭᠠᠯᠠᠨ ᠪᠠᠬᠢᠵᠢᠭᠦᠯᠵᠦ᠍ ᠢᠷᠡᠭ᠌ᠰᠡᠨ ᠳᠠᠷᠬᠠᠨ ᠣᠷᠣᠨ ᠪᠣᠯᠣᠨ᠎ᠠ ᠭᠡᠳᠡᠭ᠎ᠢ ᠨᠡᠩ ᠲᠣᠳᠤᠷᠬᠠᠢ ᠣᠯᠵᠤ ᠬᠠᠷᠠᠬᠤ ᠪᠣᠯᠣᠨ᠎ᠠ᠃
《ᠢᠱᠢᠪᠠᠯᠵᠤᠷ》 ᠷᠤᠮᠠᠨ᠎ᠳᠠᠬᠢ 40 ᠭᠠᠷᠣᠢ ᠬᠦᠮᠦᠨ᠎ᠤ ᠳᠦᠷᠢ ᠪᠣᠯ ᠢᠱᠢᠪᠠᠯᠵᠤᠷ ᠭᠡᠳᠡᠭ ᠭᠤᠣᠯ ᠳᠦᠷᠢ᠎ᠶ᠋ᠢᠨ ᠲᠣᠭᠤᠷᠢᠨ᠎ᠳᠤ ᠪᠦᠲᠦᠭᠡᠭ᠌ᠳᠡᠭ᠌ᠰᠡᠨ ᠰᠠᠯᠵᠤ ᠪᠤᠯᠤᠰᠢ ᠦᠭᠡᠢ ᠤᠷᠭᠠᠨᠢᠭ ᠪᠦᠲᠦᠨᠴᠣᠭ᠍ᠴᠠᠶ᠋ᠢᠨᠴᠢᠬᠤᠯᠠᠪᠦᠷᠢᠯᠳᠦᠬᠦᠨᠪᠣᠯᠣᠨᠠ᠃ᠲᠣᠰ ᠷᠤᠮᠠᠨᠤ ᠳᠦᠷᠢ ᠪᠦᠲᠦᠭᠡᠭ᠌ᠰᠡᠨ ᠠᠷᠭ᠎ᠠ ᠪᠠᠷᠢᠯ ᠪᠠᠶᠠᠯᠢᠭ ᠣᠯᠠᠨ ᠵᠦᠢᠯ᠎ᠤᠨ ᠪᠠᠢᠳᠠᠭ᠃ ᠷᠤᠮᠠᠨᠳᠠᠬᠢᠦᠯᠢᠭᠡᠷᠤᠨ ᠡᠭᠦᠰᠦᠭ᠌ᠰᠡᠨ ᠲᠡᠦᠬᠡᠨ ᠠᠬᠤᠢ ᠪᠠᠢᠳᠠᠯ᠎ᠨᠢ ᠲᠤᠢᠯ᠎ᠤᠨ ᠪᠣᠳᠤᠯᠢᠶᠠᠨᠲᠠᠢ ᠲᠤᠯᠠ ᠥᠩᠭᠡᠷᠡᠭ᠌ᠰᠡᠨ ᠲᠡᠦᠬᠡ᠎ᠶ᠋ᠢᠨ ᠬᠡᠷᠡᠭ ᠣᠴᠢᠷ᠎ᠢ ᠲᠣᠢᠮᠣᠴᠢᠯᠠᠨ ᠲᠣᠭᠠᠴᠢᠵᠤ᠂ ᠢᠱᠢᠪᠠᠯᠵᠤᠷᠤᠨ ᠠᠮᠢᠳᠤᠷᠠᠵᠤ ᠪᠠᠢᠭ᠍ᠰᠠᠨ ᠦᠶᠡᠶ᠋ᠢᠨᠤᠢᠷᠠᠳᠤᠨᠯᠣᠪᠰᠠᠨᠭᠳᠠᠨᠵᠢᠨᠪᠠᠴᠠᠩᠪᠠᠵᠠᠪᠤᠨᠲᠡᠮᠡᠴᠡᠯ ᠵᠢᠴᠢ ᠯᠣᠪᠰᠠᠨᠭᠳᠠᠨᠵᠢᠨ ᠪᠠ ᠮᠠᠨᠵᠤ ᠴᠢᠩ᠎ᠤᠨ ᠵᠠᠰᠠᠭ᠎ᠤᠨ ᠭᠠᠵᠠᠷ᠎ᠤᠨ ᠵᠦᠷᠢᠴᠡᠯ ᠲᠡᠮᠡᠴᠡᠯ᠎ᠢ ᠨᠠᠷᠢᠯᠢᠭ ᠬᠦᠦᠷᠨᠢᠭ᠌ᠰᠡᠨ ᠪᠠᠢᠨ᠎ᠠ᠃ ᠵᠣᠬᠢᠶᠠᠭ᠍ᠴᠢ ᠠᠴᠠ ᠷᠤᠮᠠᠨ ᠳᠠᠬᠢ ᠳᠦᠴᠢ ᠭᠠᠷᠤᠢ ᠬᠦᠮᠦᠨ᠎ᠤ ᠳᠦᠷᠢ᠎ᠪᠠᠨ ᠪᠦᠲᠦᠭᠡᠬᠦ᠌᠎ᠳᠡᠭᠡᠨ᠂ ᠳᠦᠷᠢ᠎ᠶ᠋ᠢᠨ ᠠᠳᠠᠯᠢ ᠪᠤᠰᠤ ᠴᠢᠳᠠᠮᠵᠢ᠎ᠶ᠋ᠢ ᠳᠣᠪᠣᠢᠯᠭᠠᠨ᠂ ᠠᠳᠠᠯᠢ ᠪᠤᠰᠤ ᠳᠦᠷᠢ᠎ᠶ᠋ᠢᠨ ᠵᠣᠭ᠍ᠰᠤᠯᠲᠠᠠᠴᠠ ᠬᠦᠦᠷᠨᠢᠬᠦ᠌ ᠠᠷᠭ᠎ᠠ ᠪᠠᠷᠢᠯ᠎ᠢ ᠠᠱᠢᠭ᠍ᠯᠠᠨ ᠳᠦᠷᠢ᠎ᠶ᠋ᠢᠨ ᠱᠢᠰᠲ᠋ᠧᠮ᠎ᠢ ᠪᠦᠲᠦᠭᠡᠵᠦ᠍᠂ ᠢᠱᠢᠪᠠᠯᠵᠤᠷ ᠬᠡᠮᠡᠬᠦ᠌ ᠲᠡᠦᠬᠡᠨ ᠦᠨᠡᠨ ᠬᠦᠮᠦᠨ᠎ᠤ ᠳᠦᠷᠢ᠎ᠶ᠋ᠢ ᠠᠮᠢᠯᠠᠭᠤᠯᠤᠨ ᠪᠦᠲᠦᠭᠡᠵᠦ᠍᠂ ᠪᠤᠰᠤᠳ ᠳᠦᠷᠢ᠎ᠳᠤ ᠳᠠᠮᠵᠢᠭᠤᠯᠣᠨ ᠲᠤᠬᠠᠢ᠎ᠶ᠋ᠢᠨ ᠲᠡᠦᠬᠡ᠎ᠶ᠋ᠢᠨ ᠠᠭᠤᠳᠠᠮ ᠲᠠᠯᠠᠪᠤᠷ᠎ᠢ ᠵᠢᠷᠤᠭ᠍ᠯᠠᠨ ᠦᠵᠡᠬᠦᠯᠬᠦ᠌ ᠵᠣᠷᠢᠯᠭ᠎ᠠ᠎ᠳᠠᠭᠠᠨ ᠬᠦᠷᠴᠦ᠍ ᠴᠢᠳᠠᠵᠠᠢ ᠃