ᠰᠢᠯᠦᠭ᠎ᠤᠨ ᠴᠠᠭᠠᠨ ᠰᠠᠷ᠎ᠠ
2022-01-26 09:35:17
ᠵᠣᠬᠢᠶᠠᠭ᠍ᠴᠢ᠄
ᠡᠷᠬᠢᠮᠲᠣᠬᠲᠠᠬᠤ
ᠣᠩᠱᠢᠭ᠍ᠰᠠᠨ ᠣᠳᠠᠭ᠎ᠠ᠄
★★★☆☆

1. ᠰᠢᠯᠦᠭ ᠶ᠋ᠢᠡᠷ ᠵᠣᠯᠭᠠᠬᠣ ᠴᠠᠭᠠᠨ ᠰᠠᠷ᠎ᠠ

ᠪᠢᠴᠢᠲᠡᠭ ᠰᠢᠯᠦᠭ ᠮᠢᠨᠢ

ᠪᠣᠭᠣᠷᠣᠯ᠎ᠤᠨ ᠵᠠᠬᠢᠬᠰᠠᠨ ᠰᠣᠷᠭᠠᠯ ᠶᠣᠮ ᠪᠣᠯᠬᠣᠷ

ᠰᠡᠳᠬᠢᠯ ᠶ᠋ᠢᠡᠷ ᠶ᠋ᠢᠡᠨ ᠪᠢ ᠲᠠᠲᠠᠯᠠᠭᠠᠳ

ᠰᠦᠬᠦᠷᠡᠨ ᠰᠦᠬᠦᠷᠡᠨ ᠵᠣᠯᠭᠠᠨᠠᠮ

ᠰᠠᠢᠨ ᠰᠠᠢᠬᠠᠨ ᠰᠢᠨᠡᠯᠡᠪᠡᠦ


ᠪᠠᠬᠠᠷᠬᠠᠲᠠᠬ ᠰᠢᠯᠦᠭ ᠮᠢᠨᠢ

ᠪᠣᠶᠠᠨᠲᠣ ᠰᠠᠷ᠎ᠠ᠎ᠶᠢᠨ ᠢᠷᠦᠭᠡᠯ ᠶᠣᠮ ᠪᠣᠯᠬᠣᠷ

ᠬᠠᠲᠠᠬ ᠲᠠᠭᠠᠨ ᠪᠢ ᠲᠣᠰᠣᠭᠠᠳ

ᠮᠦᠷᠬᠦᠨ ᠮᠦᠷᠬᠦᠨ ᠵᠣᠯᠭᠠᠨᠠᠮ

ᠮᠡᠨᠲᠦ ᠠᠮᠣᠷ ᠰᠢᠨᠡᠯᠡᠪᠡᠦ


ᠣᠶᠠᠩᠭᠠᠯᠠᠲᠠᠬ ᠰᠢᠯᠦᠭ ᠮᠢᠨᠢ

ᠣᠬᠠᠭᠠᠨ ᠲᠡᠬᠦᠯᠲᠡᠷ ᠮᠡᠨᠳᠦᠴᠢᠯᠡᠯ ᠶᠣᠮ ᠪᠣᠯᠬᠣᠷ

ᠠᠷᠠᠵᠠᠨ ᠳ᠋ᠠᠭᠠᠨ ᠪᠢ ᠬᠡᠮᠨᠡᠭᠡᠳ

ᠠᠶᠠᠯᠭᠣᠯᠠᠨ ᠠᠶᠠᠯᠭᠣᠯᠠᠨ ᠵᠣᠯᠭᠠᠨᠠᠮ

ᠠᠮᠣᠷ ᠪᠠᠶᠠᠰᠬᠣᠯᠠᠩ ᠰᠢᠨᠡᠯᠡᠪᠡᠦ


ᠲᠡᠭᠡᠵᠢᠯᠡᠲᠡᠭ ᠰᠢᠯᠦᠭ ᠮᠢᠨᠢ

ᠲᠡᠯᠭᠡᠷ ᠮᠣᠩᠭᠣᠯ ᠠᠮᠢᠲᠣᠷᠠᠯ ᠶᠣᠮ ᠪᠣᠯᠬᠣᠷ

ᠲᠡᠪᠡᠯ ᠳ᠋ᠡᠭᠡᠨ ᠪᠢ ᠪᠠᠬᠲᠠᠭᠠᠳ

ᠲᠠᠭᠣᠯᠠᠨ ᠬᠠᠢᠯᠠᠨ ᠵᠣᠯᠭᠠᠨᠠᠮ

ᠲᠠᠶᠠᠭᠠᠷ ᠠᠮᠣᠭᠣᠯᠠᠩ ᠰᠢᠨᠡᠯᠡᠪᠡᠦ


2. ᠰᠢᠯᠦᠭ ᠶ᠋ᠢᠡᠷ ᠡᠬᠢᠯᠡᠬᠦ ᠰᠢᠨ᠎ᠡ᠎ᠶᠢᠨ ᠬᠣᠶᠠᠷ

ᠰᠢᠨ᠎ᠡ᠎ᠶᠢᠨ ᠬᠣᠶᠠᠷ᠎ᠢ ᠪᠢ ᠰᠢᠯᠦᠭ ᠪᠢᠴᠢᠵᠦ ᠡᠬᠢᠯᠡᠨ᠎ᠡ

ᠰᠠᠢᠬᠠᠨ ᠴᠠᠬ᠎ᠤᠨ ᠲᠣᠰᠢᠶᠠᠩᠭᠣᠢ ᠨᠠᠷᠠᠨ᠎ᠤ ᠦᠷᠯᠦᠭᠡ ᠪᠡᠷ ᠲᠠᠲᠠᠯᠠᠨ᠎ᠠ

ᠰᠠᠢᠨ ᠵᠦᠭ᠎ᠤᠨ ᠲᠣᠪᠴᠢᠶᠠᠩᠭᠣᠢ ᠰᠠᠷᠠᠨ᠎ᠤ ᠦᠯᠢᠭᠡᠷ ᠶ᠋ᠢᠡᠷ ᠵᠢᠷᠣᠨ᠎ᠠ

ᠰᠡᠳᠬᠢᠯ᠎ᠤᠨ ᠵᠦᠩ᠎ᠤᠨ ᠬᠣᠷᠢᠶᠠᠩᠭᠣᠢ ᠬᠠᠲᠠᠬ᠎ᠤᠨ ᠢᠷᠦᠭᠡᠯ ᠶ᠋ᠢᠡᠷ ᠲᠣᠰᠣᠨ᠎ᠠ

ᠰᠠᠯᠬᠢᠨ᠎ᠤ ᠦᠩ᠎ᠤᠨ ᠲᠡᠯᠭᠡᠷᠡᠩᠬᠦᠢ ᠣᠯᠠᠷᠢᠯ᠎ᠤᠨ ᠠᠨᠢᠷ ᠶ᠋ᠢᠡᠷ ᠠᠩᠬᠢᠯᠣᠨ᠎ᠠ


ᠰᠢᠨ᠎ᠡ᠎ᠶᠢᠨ ᠬᠣᠶᠠᠷ᠎ᠢ ᠪᠢ ᠰᠢᠯᠦᠭ ᠬᠡᠯᠬᠢᠵᠦ ᠡᠬᠢᠯᠡᠨ᠎ᠡ

ᠪᠣᠷᠬᠠᠳ᠎ᠤᠨ ᠭᠡᠷᠡᠯ᠎ᠤᠨ ᠪᠠᠲᠠᠷᠠᠩᠭᠣᠢ ᠵᠣᠯᠠ᠎ᠶᠢᠨ ᠪᠠᠳᠮ᠎ᠠ ᠪᠡᠷ ᠬᠣᠪᠢᠰᠣᠨ᠎ᠠ

ᠪᠣᠲᠣᠯ᠎ᠤᠨ ᠲᠣᠢᠯ᠎ᠤᠨ ᠲᠣᠶᠠᠭᠠᠷᠠᠩᠭᠣᠢ ᠲᠡᠭᠷᠢ᠎ᠶᠢᠨ ᠬᠢᠵᠠᠭᠠᠷ ᠶ᠋ᠢᠡᠷ ᠡᠷᠬᠢᠨ᠎ᠡ

ᠪᠢᠯᠢᠭ᠎ᠤᠨ ᠬᠣᠷ᠎ᠠ᠎ᠶᠢᠨ ᠡᠷᠬᠡᠯᠡᠩᠬᠦᠢ ᠡᠬᠦᠯᠡᠨ ᠨᠡᠬᠦᠲᠡᠯ ᠶ᠋ᠢᠡᠷ ᠨᠠᠮᠢᠷᠠᠨ᠎ᠠ

ᠪᠢᠴᠢᠭ᠎ᠤᠨ ᠬᠦᠮᠦᠨ᠎ᠤ ᠪᠠᠶᠠᠰᠣᠩᠭᠣᠢ ᠪᠡᠬᠡ᠎ᠶᠢᠨ ᠦᠨᠦᠷ ᠶ᠋ᠢᠡᠷ ᠬᠠᠩᠬᠣᠯᠣᠨ᠎ᠠ


ᠰᠢᠨ᠎ᠡ᠎ᠶᠢᠨ ᠬᠣᠶᠠᠷ᠎ᠢ ᠪᠢ ᠰᠢᠯᠦᠭ ᠪᠦᠲᠦᠭᠡᠵᠦ ᠡᠬᠢᠯᠡᠨ᠎ᠡ

ᠰᠠᠪᠠᠷ ᠠᠷᠣᠬ᠎ᠤᠨ ᠬᠢᠴᠢᠶᠡᠩᠬᠦᠢ ᠮᠠᠯᠴᠢᠨ᠎ᠤ ᠠᠢᠯ ᠶ᠋ᠢᠡᠷ ᠰᠡᠳᠬᠢᠨ᠎ᠡ

ᠰᠦᠷᠦᠭ᠎ᠤᠨ ᠲᠣᠭᠣᠰᠣᠨ᠎ᠤ ᠣᠯᠠᠷᠢᠩᠭᠣᠢ ᠬᠡᠭᠡᠷ᠎ᠡ ᠲᠠᠯ᠎ᠠ ᠪᠡᠷ ᠪᠣᠳᠣᠨ᠎ᠠ

ᠰᠠᠯᠬᠢᠨ᠎ᠤ ᠵᠡᠬᠦᠲᠦ ᠠᠮᠣᠷᠯᠢᠩᠭᠣᠢ ᠠᠭᠣᠯᠠ᠎ᠶᠢᠨ ᠴᠢᠯᠠᠭᠣᠳ ᠶ᠋ᠢᠡᠷ ᠴᠢᠮᠡᠨ᠎ᠡ

ᠰᠦᠯᠲᠡ᠎ᠶᠢᠨ ᠵᠡᠬᠦᠲᠦ ᠰᠠᠴᠣᠷᠠᠩᠭᠣᠢ ᠲᠡᠷᠯᠢᠭ᠎ᠤᠨ ᠰᠢᠨ᠎ᠡ ᠪᠡᠷ ᠭᠠᠲᠠᠷᠯᠠᠨ᠎ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号