ᠶᠡᠷᠦᠩᠭᠡᠢ ᠱᠦᠵᠢ ᠰᠢ᠎ᠶ᠋ᠢᠨ ᠫᠢᠩ ᠦᠪᠦᠷ ᠮᠤᠩᠭᠤᠯ᠎ᠳᠤ ᠱᠢᠨᠵᠢᠯᠡᠨ ᠪᠠᠢᠴᠠᠭᠠᠬᠤ᠎ᠳᠠᠭᠠᠨ ᠮᠠᠨ᠎ᠤ ᠤᠷᠤᠨ᠎ᠤ ᠦᠨᠳᠦᠰᠦᠳᠡᠨ᠎ᠨᠦᠭᠦᠳ᠎ᠤᠨ ᠺᠠᠳ᠋ᠷ ᠤᠯᠠᠨ ᠲᠦᠮᠡᠨ᠎ᠢ ᠠᠵᠢᠯ ᠬᠢᠵᠦ᠍ ᠦᠢᠯᠡᠰ ᠪᠦᠳᠦᠭᠡᠬᠦ᠌᠎ᠳᠡᠭᠡᠨ 《ᠲᠡᠰᠪᠦᠷᠢ ᠲᠠᠭᠠᠭᠠᠴᠠ᠎ᠲᠠᠢ᠂ ᠴᠤᠴᠠᠯᠳᠠ ᠦᠭᠡᠢ ᠤᠷᠤᠭ᠍ᠰᠢᠯᠠᠬᠤ᠂ ᠵᠤᠷᠢᠭ᠍ᠰᠠᠨ᠎ᠳᠠᠭᠠᠨ ᠵᠠᠪᠠᠯ ᠬᠦᠷᠬᠦ᠌》 ᠮᠤᠩᠭᠤᠯ ᠮᠤᠷᠢᠨ᠎ᠤ ᠵᠤᠷᠢᠭ ᠰᠠᠨᠠᠭ᠎ᠠ᠎ᠶ᠋ᠢ ᠪᠠᠳᠠᠷᠠᠭᠤᠯᠬᠤ᠎ᠶ᠋ᠢ ᠬᠦᠰᠡᠭ᠌ᠰᠡᠨ ᠪᠠᠢᠨ᠎ᠠ᠃ ᠬᠡᠳᠦᠨ ᠵᠢᠯ᠎ᠤᠨ ᠲᠤᠷᠰᠢ ᠦᠪᠦᠷ ᠮᠤᠩᠭᠤᠯ᠎ᠤᠨ ᠦᠨᠳᠦᠰᠦᠳᠡᠨ᠎ᠨᠦᠭᠦᠳ᠎ᠤᠨ ᠺᠠᠳ᠋ᠷ ᠤᠯᠠᠨ ᠲᠦᠮᠡᠨ ᠶᠡᠷᠦᠩᠭᠡᠢ ᠱᠦᠵᠢ᠎ᠶ᠋ᠢᠨ ᠬᠦᠰᠡᠯ ᠨᠠᠢᠳᠠᠯᠭ᠎ᠠ᠎ᠶ᠋ᠢ ᠬᠦᠰᠡᠷᠳᠡᠬᠦᠯᠦᠯ ᠦᠭᠡᠢ ᠮᠤᠩᠭᠤᠯ ᠮᠤᠷᠢᠨ᠎ᠤ ᠵᠤᠷᠢᠭ ᠰᠠᠨᠠᠭ᠎ᠠ᠎ᠶ᠋ᠢ ᠪᠠᠳᠠᠷᠠᠭᠤᠯᠵᠤ᠂ ᠲᠤᠮᠳᠠᠳᠤ᠎ᠶ᠋ᠢᠨ ᠦᠨᠳᠦᠰᠦᠳᠡᠨ᠎ᠤ ᠬᠠᠮᠳᠤ ᠴᠤᠭ᠍ᠴᠠ᠎ᠶ᠋ᠢᠨ ᠤᠬᠠᠮᠰᠠᠷ᠎ᠢ ᠪᠠᠳᠤ ᠴᠤᠭ᠍ᠴᠠᠯᠠᠵᠤ᠂ ᠦᠵᠡᠰᠭᠦᠯᠡᠩᠳᠦ ᠰᠠᠢᠬᠠᠨ ᠦᠪᠦᠷ ᠮᠤᠩᠭᠤᠯ᠎ᠢ ᠪᠦᠳᠦᠭᠡᠨ ᠪᠠᠢᠭᠤᠯᠬᠤ᠎ᠪᠠᠷ ᠡᠯ᠎ᠡ ᠹᠷᠤᠨᠲ᠎ᠲᠤ ᠡᠷᠡᠮᠡᠭᠡᠢᠯᠡᠨ ᠲᠡᠮᠡᠴᠡᠵᠦ᠍᠂ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠲᠠᠢᠯᠠᠯᠳᠤᠭᠠᠨ᠎ᠤ ᠱᠢᠢᠳᠪᠦᠷᠢᠳᠦ ᠢᠯᠠᠯᠳᠠ᠎ᠶ᠋ᠢ ᠤᠯᠬᠤ᠂ ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠡᠶᠡᠯᠡᠬᠦᠯᠬᠦ᠌ ᠁ ᠢᠷᠠᠭᠤ ᠲᠠᠭᠤᠯᠠᠯ᠎ᠢ ᠪᠢᠴᠢᠭ᠌ᠯᠡᠭ᠌ᠰᠡᠭᠡᠷ ᠢᠷᠡᠵᠡᠢ᠃ ᠤᠳᠭ᠎ᠠ ᠤᠷᠠᠯᠢᠭ ᠪᠤᠯ ᠴᠠᠭ ᠦᠶ᠎ᠡ᠎ᠶ᠋ᠢᠨ ᠤᠷᠤᠭ᠍ᠰᠢᠯᠠᠯᠳᠠ᠎ᠶ᠋ᠢᠨ ᠪᠦᠷᠢᠶ᠎ᠡ ᠮᠦᠨ᠃ ᠦᠪᠦᠷ ᠮᠤᠩᠭᠤᠯ᠎ᠤᠨ ᠰᠤᠶᠤᠯ ᠤᠳᠭ᠎ᠠ ᠤᠷᠠᠯᠢᠭ᠎ᠤᠨ ᠠᠵᠢᠯᠳᠠᠳ ᠠᠯᠢ ᠤᠯᠠᠨ ᠰᠤᠳᠤᠨ ᠪᠦᠳᠦᠭᠡᠯᠤᠳᠢ ᠵᠤᠬᠢᠶᠠᠨ ᠪᠦᠳᠦᠭᠡᠵᠦ᠍᠂ ᠡᠨᠡ ᠬᠦ᠌ ᠠᠭᠤᠤ ᠶᠡᠭᠡ ᠴᠠᠭ ᠦᠶ᠎ᠡ᠎ᠶ᠋ᠢᠨ ᠠᠭᠤᠤ ᠶᠡᠭᠡ ᠦᠢᠯᠡᠳᠦᠯᠭᠡ᠎ᠶ᠋ᠢᠨ ᠲᠡᠮᠡᠴᠡᠯ᠎ᠢ ᠲᠡᠮᠳᠡᠭ᠌ᠯᠡᠨ ᠦᠯᠡᠳᠡᠭᠡᠭ᠌ᠰᠡᠨ ᠪᠠᠢᠨ᠎ᠠ᠃
● ᠮᠤᠩᠭᠤᠯ ᠮᠤᠷᠢᠨ᠎ᠤ ᠵᠤᠷᠢᠭ ᠰᠠᠨᠠᠭ᠎ᠠ᠎ᠨᠢ ᠮᠤᠩᠭᠤᠯ ᠦᠨᠲᠦᠰᠦᠳᠡᠨ᠎ᠤ ᠦᠨᠡᠨᠴᠢ ᠱᠢᠲᠤᠷᠭᠤ ᠡᠷᠡᠯᠭᠡᠭ ᠪᠠᠭᠠᠲᠤᠷᠯᠢᠭ᠂ ᠭᠤᠶᠠᠴᠢ ᠦᠬᠡᠢ ᠡᠷᠬᠦᠨ ᠵᠤᠷᠢᠭᠤᠯᠬᠤ ᠪᠠᠭᠠᠲᠤᠷᠯᠢᠭ ᠲᠦᠷᠢ᠎ᠶ᠋ᠢ ᠢᠯᠡᠷᠡᠬᠦᠯᠪᠡ᠃
● ᠮᠤᠩᠭᠤᠯ ᠮᠤᠷᠢᠨ᠎ᠤ ᠵᠤᠷᠢᠭ ᠰᠠᠨᠠᠭ᠎ᠠ᠎ᠨᠢ ᠲᠠᠯ᠎ᠠ ᠨᠤᠲᠤᠭ᠎ᠤᠨ ᠠᠷᠠᠳ ᠲᠦᠮᠡᠨ᠎ᠤ ᠰᠠᠬᠢᠨ ᠪᠠᠷᠠᠯᠠᠵᠦ᠍ ᠬᠠᠷᠢᠯᠴᠠᠨ ᠬᠠᠪᠰᠤᠷᠤᠯᠴᠠᠵᠦ᠍᠂ ᠪᠦᠯᠬᠦᠮᠳᠡᠨ ᠲᠡᠮᠡᠴᠡᠬᠦ᠌ ᠡᠯᠪᠡᠭ ᠪᠠᠶᠠᠯᠢᠭ ᠲᠤᠲᠤᠭᠠᠲᠦ ᠠᠭᠤᠯᠬᠤᠨ᠎ᠢ ᠲᠠᠪᠲᠠᠨ ᠪᠤᠯᠪᠠᠰᠤᠷᠠᠭᠤᠯᠪᠠ᠃
● ᠮᠤᠩᠭᠤᠯ ᠮᠤᠷᠢᠨ᠎ᠤ ᠵᠤᠷᠢᠭ ᠰᠨᠨᠠᠭ᠎ᠠ᠎ᠨᠢ ᠲᠤᠮᠲᠠᠲᠦ᠎ᠶ᠋ᠢᠨ ᠦᠨᠲᠦᠰᠦᠳᠡᠨ᠎ᠤ ᠨᠢᠬᠡ ᠭᠡᠷ ᠮᠡᠲᠦ ᠲᠤᠲᠤᠨᠤ᠂ ᠲᠤᠮᠲᠠᠲᠦ᠎ᠶ᠋ᠢᠨ ᠦᠨᠲᠦᠰᠦᠳᠡᠨ᠎ᠤ ᠬᠠᠮᠲᠦ ᠴᠤᠭ᠍ᠴᠠ᠎ᠶ᠋ᠢᠨ ᠤᠬᠠᠮᠰᠠᠷ᠎ᠢ ᠨᠢᠬ᠍ᠲᠠᠷᠠᠭᠤᠯᠬᠤ ᠡᠷᠬᠢᠮ ᠨᠠᠨᠳᠢᠨ ᠵᠤᠷᠢᠭ ᠰᠠᠨᠠᠭ᠋ ᠠᠶ᠋ᠢ ᠴᠤᠭ᠍ᠴᠠᠯᠠᠪᠠ᠃

11 ᠰᠠᠷ᠎ᠠ᠎ᠶ᠋ᠢᠨ 13 ᠤ ᠤᠷᠤᠢ᠎ᠶ᠋ᠢᠨ 19᠄ 45 ᠮᠢᠨᠦ᠋ᠲ᠎ᠲᠤ᠌᠂ ᠦᠪᠦᠷ ᠮᠤᠩᠭᠤᠯ᠎ᠤᠨ ᠤᠷᠠᠯᠢᠭ᠎ᠤᠨ ᠲᠡᠭᠡᠲᠦ ᠰᠤᠷᠭᠠᠭᠤᠯᠢ᠎ᠶ᠋ᠢᠨ ᠲᠤᠭ᠍ᠯᠠᠯᠲᠠ᠎ᠶ᠋ᠢᠨ ᠲᠢᠩᠬᠢᠮ᠎ᠳᠤ᠂ ᠬᠤᠩᠬᠤᠨ ᠲᠠᠭᠤᠨ ᠭᠤᠷᠪᠠᠨᠲᠠ ᠲᠤᠤᠭᠠᠷᠴᠦ᠍᠂ ᠳ᠋ᠧᠩ᠎ᠤᠨ ᠭᠡᠷᠡᠯ ᠠᠭᠠᠵᠢᠮ᠎ᠢᠶᠠᠷ ᠪᠦᠳᠡᠬᠢᠷᠡᠨ᠂ ᠬᠡᠨᠡᠳᠳᠡ ᠰᠠᠯᠬᠢᠨ ᠢᠰᠭᠡᠷᠦᠬᠡ ᠲᠡᠷᠳᠡᠭᠡ ᠬᠤᠯᠠ᠎ᠠᠴᠠ ᠤᠯᠠᠮ᠎ᠢᠶᠠᠷ ᠤᠢ᠍ᠢᠷᠠᠳᠭᠤ ᠱᠢᠬ ᠪᠤᠯᠵᠦ᠍᠂ ᠪᠦᠵᠢᠭ᠎ᠤᠨ ᠲᠠᠢᠵᠠᠨᠠ ᠭᠡᠷᠡᠯ ᠵᠢᠷᠤᠭ᠍ᠴᠢᠨ ᠠᠶᠠᠨ᠎ᠤ ᠰᠡᠬᠦᠳᠡᠷᠯᠡᠭ᠌ᠰᠡᠨ ᠮᠤᠩᠭᠤᠯ ᠮᠤᠷᠢᠨ᠎ᠤ ᠭᠡᠷᠡᠯ ᠵᠢᠷᠤᠭ ᠠᠭᠠᠵᠢᠮᠬᠠᠨ ᠢᠯᠡᠷᠡᠯ᠎ᠡ᠃
ᠮᠤᠩᠭᠤᠯ ᠮᠤᠷᠢ᠎ᠶ᠋ᠢ ᠦᠪᠦᠷ ᠮᠤᠩᠭᠤᠯᠴᠤᠳ ᠬᠠᠷᠠᠵᠦ᠍ ᠯᠡ ᠪᠠᠢᠬ᠍ᠰᠠᠨ ᠳ᠋ᠠ᠂ ᠬᠠᠷᠢᠨ ᠡᠨᠡ ᠤᠲᠠᠭ᠎ᠠ ᠪᠦᠵᠢᠭ᠎ᠤᠨ ᠲᠠᠢᠰᠠᠨ᠎ᠤ ᠦᠷᠭᠡᠨ ᠬᠦᠱᠢᠭᠡᠨ ᠲᠡᠭᠡᠷ᠎ᠡ ᠢᠯᠡᠷᠡᠭ᠌ᠰᠡᠨ ᠮᠤᠩᠭᠤᠯ ᠮᠤᠷᠢ᠎ᠨᠢ ᠠᠶᠠᠨ ᠭᠤᠸᠠᠢ᠎ᠶ᠋ᠢᠨ ᠡᠳᠡᠭᠡᠳ ᠭᠠᠢᠬᠠᠯᠲᠠᠢ ᠤᠷᠠᠯᠢᠭ᠎ᠤᠨ ᠢᠯᠡᠷᠡᠬᠦᠯᠬᠦ᠌ ᠬᠡᠯᠪᠡᠷᠢ᠎ᠪᠠᠷ ᠲᠠᠮᠵᠢᠭᠠᠳ ᠦᠬᠡᠷ᠎ᠡ ᠨᠢᠬᠡᠨ ᠰᠡᠳᠭᠢᠭ᠌ᠳᠡᠯ ᠦᠭ᠌ᠬᠦᠭ᠌ᠰᠡᠨ ᠪᠤᠯᠬᠤᠷ ᠠᠬᠤᠢ ᠲᠠᠯᠠᠪᠠᠢ᠎ᠶ᠋ᠢᠨ ᠦᠵᠡᠭ᠌ᠴᠢᠳ ᠠᠮᠢᠰᠭᠤᠭ᠎ᠠ ᠲᠠᠷᠤᠨ ᠨᠢᠬᠡ ᠨᠢᠬᠡ ᠵᠢᠷᠤᠭ᠎ᠢ ᠠᠩᠬᠠᠷᠤᠯ ᠲᠠᠯᠪᠢᠨ ᠰᠤᠨᠢᠷᠬᠠᠵᠠᠭᠠᠨᠠ᠄ ᠲᠡᠭ᠌ᠷᠢ ᠭᠠᠵᠠᠷ᠎ᠤᠨ ᠲᠤᠮᠲᠠ ᠴᠠᠰᠦ ᠬᠠᠶᠠᠯᠠᠨ ᠰᠠᠯᠬᠢ ᠢᠰᠭᠡᠷᠬᠦ᠌ᠳᠤ ᠮᠤᠩᠭᠤᠯ ᠮᠤᠷᠢ ᠠᠵᠢᠭ ᠴᠦ᠍ ᠦᠬᠡᠢ ᠲᠠᠪᠬᠢᠨ᠎ᠠ᠂ ᠮᠤᠷᠢᠳ᠎ᠤᠨ ᠴᠤᠯᠮᠤᠨ ᠬᠤᠶᠠᠷ ᠨᠢᠲᠦ᠎ᠨᠢ ᠬᠢᠯᠠᠯᠵᠠᠵᠦ᠍᠂ ᠲᠡᠯ ᠰᠡᠬᠦᠯ᠎ᠨᠢ ᠬᠤᠢᠯᠠᠷᠠᠵᠦ᠍᠂ ᠦᠦᠷᠰᠡᠭᠡ ᠢᠨᠴᠠᠭᠠᠨ ᠠᠯᠢ ᠡᠰᠡᠬᠦᠯ᠎ᠡ ᠲᠤᠭᠤᠷᠠᠢ᠎ᠶ᠋ᠢᠨ ᠴᠢᠮᠡᠭᠡ᠎ᠨᠢ ᠬᠦᠷᠳᠡᠯ᠎ᠡ ᠤᠢ᠍ᠢᠷᠠᠲᠤᠭᠠᠳ ᠢᠷᠡᠬᠦ᠌ ᠱᠢᠭ ᠪᠤᠯᠬᠤ᠎ᠳᠤ ᠬᠡᠷᠡᠯ ᠵᠢᠷᠤᠭ᠎ᠲᠠᠬᠢ ᠮᠤᠷᠢ ᠦᠵᠡᠭ᠌ᠴᠢᠳ᠎ᠤᠨ ᠰᠡᠳᠭᠢᠯ᠎ᠳᠤ ᠠᠮᠢᠯᠠᠯ᠎ᠠ᠃
ᠮᠤᠩᠭᠤᠯ ᠮᠤᠷᠢ᠎ᠨᠢ ᠠᠮᠢᠲᠠᠨ᠎ᠠᠴᠠ ᠲᠠᠪᠠᠭ᠍ᠰᠠᠨ ᠤᠷᠤᠱᠢᠬᠤᠢ᠎ᠶ᠋ᠢᠨ ᠬᠡᠯᠪᠡᠷᠢ᠎ᠪᠠᠷ ᠮᠤᠩᠭᠤᠯᠴᠤᠳ᠎ᠤᠨ ᠰᠡᠳᠭᠢᠯ᠎ᠳᠤ ᠬᠦᠨ ᠬᠠᠲᠠᠩᠱᠢᠬ᠍ᠰᠠᠨ ᠪᠠᠢᠲᠠᠭ᠃ ᠠᠯᠲᠠᠷᠲᠦ ᠭᠡᠷᠡᠯ ᠵᠢᠷᠤᠭ᠍ᠴᠢᠨ ᠠᠶᠠᠨ ᠭᠤᠸᠠᠢ ᠭᠡᠷᠡᠯ ᠵᠢᠷᠤᠭ᠎ᠤᠨ ᠤᠷᠠᠯᠢᠭ᠎ᠲᠤ ᠵᠢᠳᠬᠦᠭ᠌ᠰᠡᠨ 30 ᠵᠢᠯ᠎ᠤᠨ ᠲᠤᠷᠰᠢ᠂ ᠮᠤᠩᠭᠤᠯ ᠨᠤᠲᠤᠭ᠎ᠤᠨ ᠪᠠᠢᠭᠠᠯᠢ ᠠᠬᠤᠢ᠂ ᠬᠦᠮᠦᠨ ᠵᠤᠨ᠂ ᠮᠤᠩᠭᠤᠯ ᠦᠨᠲᠦᠰᠦᠳᠡᠨ᠎ᠤ ᠰᠤᠶᠤᠯ ᠢᠷᠭᠡᠨᠱᠢᠯ᠎ᠢ ᠮᠠᠱᠢᠨ᠎ᠤ ᠲᠤᠷᠠᠨᠲᠠᠭᠤᠷᠲᠠᠭᠠᠨ ᠮᠦᠩᠬᠡᠯᠡᠨ ᠦᠯᠡᠳᠡᠭᠡᠵᠦ᠍᠂ ᠭᠡᠷᠡᠯ ᠵᠢᠷᠤᠭ᠎ᠢᠶᠠᠷ᠎ᠢᠶᠠᠨ ᠮᠤᠩᠭᠤᠯ ᠨᠤᠲᠤᠭ᠎ᠤᠨ ᠨᠡᠢᠬᠡᠮ ᠠᠮᠢᠲᠤᠷᠠᠯ᠂ ᠵᠠᠩ ᠦᠢᠯᠡ᠎ᠶ᠋ᠢ ᠲᠤᠰᠭᠠᠬ᠍ᠰᠠᠨ ᠪᠠᠢᠲᠠᠭ᠃ 2015 ᠤᠨ᠎ᠠᠴᠠ 2020 ᠤᠨ ᠪᠤᠯᠲᠠᠯᠠᠬᠢ 4 ᠵᠢᠯ ᠭᠠᠷᠤᠢ᠎ᠶ᠋ᠢᠨ ᠬᠤᠭᠤᠴᠠᠭᠠᠨ᠎ᠳᠤ᠂ ᠠᠶᠠᠨ ᠭᠤᠧᠠᠢ ᠭᠤᠤᠯᠲᠠᠭᠤ ᠮᠠᠨ᠎ᠤ ᠤᠷᠤᠨ᠎ᠤ ᠬᠢᠯᠢ ᠨᠤᠲᠤᠭ᠎ᠢᠶᠠᠷ ᠶᠠᠪᠤᠵᠦ᠍᠂ ᠠᠲᠤᠭᠤᠨ ᠰᠦᠷᠦᠭ᠎ᠢ ᠲᠠᠭᠠᠵᠦ᠍ ᠰᠡᠬᠦᠳᠡᠷᠯᠡᠨ 《ᠮᠤᠩᠭᠤᠯ ᠮᠤᠷᠢᠨ᠎ᠤ ᠵᠢᠪᠬᠤᠭ᠎ᠠ》 ᠬᠡᠮᠡᠬᠦ᠌ ᠢᠵᠢ ᠪᠦᠲᠦᠭᠡᠯ᠎ᠢᠶᠠᠨ ᠵᠤᠬᠢᠶᠠᠨ ᠪᠦᠲᠦᠭᠡᠭ᠌ᠰᠡᠨ ᠪᠠᠢᠨ᠎ᠠ᠃

《ᠦᠨᠤᠳᠦᠷ᠎ᠤᠨ ᠦᠳᠡᠱᠢᠯᠡᠭᠡ᠎ᠶ᠋ᠢᠨ ᠴᠡᠭᠡᠨ ᠬᠦᠱᠢᠬᠡᠨᠳᠤ ᠲᠡᠯᠬᠡᠭ᠌ᠳᠡᠭ᠌ᠰᠡᠨ ᠪᠦᠳᠦᠬᠡᠯ ᠪᠤᠯ ᠮᠢᠨᠦ᠍ 2015 ᠣᠨ᠎ᠤ ᠬᠠᠬᠢᠷ ᠡᠪᠦᠯ᠎ᠠᠴᠠ 2020 ᠤᠨ᠎ᠤ 3 ᠰᠠᠷ᠎ᠠ᠎ᠶ᠋ᠢᠨ ᠬᠠᠪᠤᠷ ᠪᠤᠯᠳᠠᠯ᠎ᠠ ᠰᠡᠬᠦᠳᠡᠷᠯᠡᠭ᠌ᠰᠡᠨ 〈ᠮᠤᠩᠭᠤᠯ ᠮᠤᠷᠢᠨ᠎ᠤ ᠵᠢᠪᠬᠤᠭ᠎ᠠ〉 ᠬᠡᠰᠡᠨ ᠢᠵᠢ ᠪᠦᠳᠦᠬᠡᠯ ᠪᠤᠯᠤᠨ᠎ᠠ᠂ ᠪᠢ ᠬᠥᠯᠥᠨ ᠪᠤᠢᠷ᠎ᠤᠨ ᠲᠠᠯ᠎ᠠ ᠨᠤᠲᠤᠭ᠂ ᠲᠤᠮᠳᠠᠳᠤ ᠮᠤᠩᠭᠤᠯ᠂ ᠲᠤᠮᠳᠠᠳᠤ ᠤᠷᠤᠰ᠎ᠤᠨ ᠬᠢᠯᠢ ᠬᠢᠵᠠᠭᠠᠷ᠎ᠤᠨ ᠴᠠᠰᠤ ᠮᠥᠰᠥᠲᠦ ᠬᠡᠭᠡᠷ᠎ᠡ ᠲᠠᠯ᠎ᠠ᠎ᠳᠤ ᠰᠠᠯᠬᠢ ᠱᠢᠭᠤᠷᠭᠠᠨ᠎ᠢ ᠵᠦᠰᠦᠨ ᠲᠠᠪᠬᠢᠵᠦ᠍ ᠪᠠᠢᠭ᠎ᠠ ᠮᠣᠩᠭᠤᠯ ᠮᠣᠷᠢ᠎ᠶ᠋ᠢ ᠲᠠᠭᠠᠵᠦ᠍ ᠰᠡᠬᠦᠳᠡᠷᠯᠡᠭ᠌ᠰᠡᠨ᠂ ᠭᠤᠤᠯᠲᠠᠭᠤ ᠬᠡᠷᠡᠯ ᠵᠢᠷᠤᠭ᠎ᠢᠶᠠᠷ᠎ᠢᠶᠠᠨ ᠦᠵᠡᠭ᠌ᠴᠢ ᠲᠦᠮᠡᠨ᠎ᠳᠤ ᠮᠤᠩᠭᠤᠯ ᠮᠤᠷᠢᠨ᠎ᠤ ᠡᠷᠡᠯᠭᠡᠭ ᠪᠠᠭᠠᠲᠤᠷᠯᠢᠭ᠂ ᠰᠦᠷᠳᠡᠰᠢ ᠦᠬᠡᠢ ᠵᠤᠷᠢᠭ ᠰᠠᠨᠠᠭ᠎ᠠ᠎ᠶ᠋ᠢ ᠤᠢ᠍ᠢᠯᠠᠭᠠᠭᠤᠯᠬᠤ᠎ᠶ᠋ᠢ ᠵᠤᠷᠢᠬ᠍ᠰᠡᠨ ᠶᠤᠮ》 ᠬᠡᠵᠦ᠍ ᠠᠶᠠᠨ ᠭᠤᠧᠠᠢ ᠪᠦᠳᠦᠬᠡᠯ᠎ᠤᠨ᠎ᠢᠶᠠᠨ ᠲᠤᠬᠠᠢ ᠲᠠᠨᠢᠯᠴᠠᠭᠤᠯᠤᠨ᠎ᠠ᠃
ᠴᠠᠰᠦ ᠮᠦᠰᠦᠲᠦ ᠬᠢᠯᠢ᠎ᠶ᠋ᠢᠨ ᠨᠤᠲᠤᠭ᠎ᠲᠤ ᠰᠠᠯᠬᠢ ᠰᠦᠷᠦᠨ ᠲᠤᠪᠲᠤᠯᠤᠭ᠎ᠠ ᠮᠤᠩᠭᠤᠯ ᠮᠤᠷᠢ᠎ᠶ᠋ᠢ ᠦᠷᠭᠡᠨ ᠬᠦᠱᠢᠭᠡᠨᠠᠴᠠ ᠰᠤᠨᠢᠷᠬᠠᠵᠦ᠍ ᠪᠠᠢᠲᠠᠯ᠎ᠠ᠂ ᠰᠠᠯᠬᠢᠨ ᠲᠠᠬᠢᠨ ᠢᠰᠭᠡᠷᠴᠦ᠍᠂ ᠠᠭᠤᠯᠠ᠎ᠲᠠᠢ ᠭᠤᠸᠠᠢ᠎ᠶ᠋ᠢᠨ 《ᠲᠡᠭ᠌ᠷᠢ᠎ᠶ᠋ᠢᠨ ᠰᠠᠯᠬᠢ》 ᠬᠡᠮᠡᠬᠦ᠌ ᠱᠢᠯᠦᠭ ᠦᠷᠭᠡᠨ ᠬᠦᠱᠢᠭᠡᠨ ᠲᠡᠭᠡᠷ᠎ᠡ ᠡᠩᠨᠡᠷᠡᠨ ᠭᠠᠷᠴᠦ᠍ ᠢᠷᠡᠯ᠎ᠡ᠄
ᠲᠡᠭ᠌ᠷᠢ ᠭᠠᠵᠠᠷ᠎ᠤᠨ ᠬᠤᠭᠤᠷᠤᠨᠲᠦ
ᠴᠠᠬᠢᠯᠭᠠᠨ ᠬᠡᠨᠡᠳᠳᠡ ᠬᠢᠯᠪᠡᠵᠦ᠍
ᠲᠠᠯ᠎ᠠ ᠨᠤᠲᠤᠭ ᠰᠤᠴᠢᠨ ᠰᠡᠷᠢᠵᠦ᠍
ᠡᠭᠡ ᠭᠠᠵᠠᠷ ᠲᠠᠢᠪᠢᠨᠠ
ᠠᠨᠲᠠ᠎ᠶ᠋ᠢᠨ ᠲᠦᠪᠡᠷᠭᠡᠨ
ᠡᠪᠡᠰᠦᠨ ᠤᠷᠤᠢ᠎ᠶ᠋ᠢ ᠱᠢᠬᠦᠷᠴᠦ᠍
ᠤᠲᠤᠨ ᠮᠡᠴᠢᠳ
ᠤᠬ᠍ᠲᠠᠷᠭᠤᠢᠶ᠋ᠢᠨ ᠬᠦᠨᠳᠤ ᠠᠨᠢᠪᠴᠢᠨᠠ
ᠲᠡᠯᠡᠭᠡᠢ ᠡᠢᠮᠦ᠍ ᠯᠡ ᠠᠭᠤᠵᠢᠮ
ᠤᠮᠠᠷᠠᠲᠦ᠎ᠶ᠋ᠢᠨ ᠰᠠᠯᠬᠢ ᠵᠠᠮ᠎ᠤᠨ ᠤᠷᠲᠤ᠎ᠶ᠋ᠢ ᠬᠡᠮᠵᠢᠵᠦ᠍
ᠤᠮᠠᠷᠠᠲᠦ᠎ᠶ᠋ᠢᠨ ᠰᠠᠯᠬᠢ ᠤᠭ᠍ᠲᠠᠷᠭᠤᠢ᠎ᠶ᠋ᠢ ᠬᠦᠡᠭ᠌ᠭᠡᠭᠡᠨ ᠠᠷᠴᠢᠨ᠎ᠠ
ᠤᠮᠠᠷᠠᠲᠦ᠎ᠶ᠋ᠢᠨ ᠰᠠᠯᠬᠢ ᠲᠠᠯ᠎ᠠ ᠨᠤᠲᠤᠭ᠎ᠢ ᠠᠶᠠᠷᠬᠠᠨ ᠢᠯᠪᠢᠨ᠎ᠡ ᠁
ᠡᠨᠡ ᠦᠶ᠎ᠡ᠎ᠳᠤ ᠰᠠᠯᠬᠢᠨ᠎ᠤ ᠲᠠᠭᠤ ᠨᠠᠮᠬᠠᠷᠠᠵᠦ᠍᠂ ᠤᠷᠲᠤ᠎ᠶ᠋ᠢᠨ ᠲᠠᠭᠤᠤ ᠱᠢᠷᠤᠩᠬᠠᠢᠯᠠᠨ ᠠᠨᠲᠠ ᠬᠠᠮᠲᠤᠯᠢᠭ᠎ᠤᠨ᠎ᠬᠢᠨ 《ᠡᠷᠳᠡᠨᠢ ᠵᠠᠰᠠᠭ᠎ᠤᠨ ᠤᠨᠠᠭ᠎ᠠ》 ᠪᠠᠷ ᠦᠳᠡᠱᠢᠯᠡᠭᠡ᠎ᠶ᠋ᠢᠨ ᠰᠠᠯᠬᠢ᠎ᠶ᠋ᠢ ᠬᠠᠭᠠᠯᠤᠨ ᠭᠠᠷᠴᠦ᠍ ᠢᠷᠡᠯ᠎ᠡ᠃ ᠮᠤᠲᠤᠨ ᠴᠤᠭᠤᠷ᠎ᠤᠨ ᠡᠬᠡᠱᠢᠭ ᠦᠦᠬᠡ ᠲᠡᠦᠭᠡ᠎ᠶ᠋ᠢ ᠦᠬᠦᠯᠡᠬᠦ᠌ ᠱᠢᠦᠬᠠᠨ᠂ ᠬᠦᠮᠦᠨ ᠮᠤᠷᠢ ᠬᠤᠶᠠᠷ᠎ᠤᠨ ᠬᠤᠪᠢ ᠪᠠᠷᠢᠯᠲᠤᠯᠭ᠎ᠠ᠎ᠶ᠋ᠢ ᠲᠠᠭᠤᠯᠠᠬᠤ ᠱᠢᠦᠬᠠᠨ᠂ ᠰᠦᠷᠦᠭ ᠠᠲᠤᠭᠤᠳ ᠲᠤᠪᠲᠤᠯᠵᠦ᠍ ᠢᠷᠡᠬᠦ᠌ ᠱᠢᠦᠠᠬ᠍ᠨ ᠪᠤᠯᠵᠠᠢ᠃
ᠮᠤᠲᠤᠨ ᠴᠤᠭᠤᠷ᠎ᠤᠨ ᠠᠶ᠎ᠠ ᠦᠨᠲᠦᠷᠯᠡᠮᠡᠭ᠌ᠴᠡ ᠮᠤᠷᠢᠨ ᠬᠤᠭᠤᠷ᠎ᠤᠨ ᠡᠭᠡᠱᠢᠭ ᠴᠤᠤᠷᠢᠶᠠᠲᠤᠯ᠎ᠠ᠃ ᠠᠨᠲᠠ ᠬᠠᠮᠲᠤᠯᠢᠭ᠎ᠤᠨ ᠦᠷᠭᠡᠨ᠂ ᠠᠯᠲᠠᠷᠲᠦ ᠴᠤᠭᠤᠷᠴᠢ ᠪᠦᠷᠢᠨ ᠭᠤᠸᠠᠢ᠎ᠶ᠋ᠢᠨ ᠵᠤᠬᠢᠶᠠᠬ᠍ᠰᠠᠨ 《ᠰᠠᠢᠬᠠᠨ ᠵᠤᠨ᠎ᠤᠨ》 ᠭᠡᠮᠡᠬᠦ᠌ ᠠᠶ᠎ᠠ᠎ᠶ᠋ᠢ ᠡᠷᠬᠦᠵᠦ᠍᠂ ᠮᠤᠷᠢᠨ ᠬᠤᠭᠤᠷ᠎ᠤᠨ ᠡᠬᠡᠱᠢᠭ᠎ᠢᠶᠠᠷ ᠮᠤᠷᠢᠨ᠎ᠤ ᠬᠦᠶᠦᠳᠡᠯ ᠠᠯᠬᠤᠭ᠎ᠠ᠂ ᠬᠢᠰᠭᠢᠬᠡ ᠬᠠᠲᠠᠷᠢᠭ᠎ᠠ᠎ᠶ᠋ᠢ ᠢᠯᠡᠳᠭᠡᠨ᠂ ᠨᠢᠬᠡ ᠯᠡ ᠬᠦᠭ᠌ᠵᠢᠮ᠎ᠤᠨ ᠠᠶ᠎ᠠ᠎ᠳᠤ ᠮᠤᠷᠢᠨ᠎ᠤ ᠤᠯᠠᠨ ᠲᠦᠷᠦᠯ᠎ᠤᠨ ᠠᠯᠬᠤᠮ ᠠᠢᠵᠠᠮ᠎ᠢ ᠢᠯᠡᠳᠭᠡᠭ᠌ᠰᠡᠨᠢᠶᠠᠷᠢᠶᠠᠨ ᠲᠠᠯᠠᠪᠠᠢ ᠲᠦᠬᠦᠷᠡᠩ ᠠᠯᠠᠭ᠎ᠠ ᠲᠠᠱᠢᠯᠲᠠ ᠨᠢᠵᠢᠬᠢᠨᠡᠯᠡ᠃
ᠮᠤᠷᠢᠨ ᠬᠤᠭᠤᠷ᠎ᠤᠨ ᠡᠭᠡᠱᠢᠭ ᠲᠠᠬᠢᠨ ᠤᠶᠠᠩᠭᠠᠷᠠᠵᠦ᠍᠂ ᠠᠨᠲᠠ ᠬᠠᠮᠲᠤᠯᠢᠭ᠎ᠤᠨ ᠪᠢᠯᠢᠭ᠍ᠪᠠᠭᠠᠲᠤᠷ ᠱᠢᠯᠢ᠎ᠶ᠋ᠢᠨ ᠭᠤᠤᠯ᠎ᠤᠨ ᠠᠷᠠᠳ᠎ᠤᠨ ᠲᠠᠭᠤᠤ 《ᠵᠢᠭᠠᠬᠠᠨ ᠱᠢᠷᠭ᠎ᠠ》 ᠶ᠋ᠢ ᠲᠠᠭᠤᠯᠠᠯ᠎ᠠ᠃ ᠲᠡᠭᠡᠷ᠎ᠡ ᠵᠠᠭᠤᠨ᠎ᠤ ᠲᠠᠪᠢᠭᠠᠳ ᠤᠨ᠎ᠳᠤ 《ᠤᠷᠲᠤ᠎ᠶ᠋ᠢᠨ ᠲᠠᠭᠤᠤ᠎ᠶ᠋ᠢᠨ ᠠᠪᠤᠷᠭᠤ》 ᠯᠾᠠᠵᠠᠪ ᠲᠤᠰ ᠲᠠᠭᠤᠤ᠎ᠶ᠋ᠢ ᠦᠷᠭᠡᠨ ᠲᠦᠮᠡᠨ᠎ᠤ ᠰᠤᠨᠤᠷ᠎ᠲᠤ ᠬᠦᠷᠭᠡᠭ᠌ᠰᠡᠨ ᠪᠤᠯ ᠡᠨᠡ ᠤᠲᠠᠭ᠎ᠠ ᠠᠨᠲᠠ ᠬᠠᠮᠲᠤᠯᠢᠭ᠎ᠤᠨ᠎ᠬᠢᠨ ᠦᠬᠡᠷ᠎ᠡ ᠨᠢᠬᠡᠨ ᠦᠨᠦᠷ ᠠᠮᠲᠠ ᠤᠷᠤᠭᠤᠯᠵᠦ᠍᠂ ᠡᠷᠬᠢᠮᠰᠦᠭ ᠢᠷᠠᠭᠤ ᠢᠯᠭᠤᠮ ᠴᠢᠯᠦᠬᠡᠳᠡᠢ ᠲᠠᠭᠤᠤ᠎ᠶ᠋ᠢᠨ ᠬᠡᠪ ᠨᠠᠮᠪᠠᠪᠠᠷᠢᠶᠠᠨ ᠦᠵᠡᠭ᠌ᠴᠢ ᠪᠦᠬᠦᠨ᠎ᠤ ᠰᠤᠨᠤᠷ᠎ᠢ ᠮᠢᠯᠢᠶᠠᠵᠦ᠍ ᠪᠢᠯᠡ᠃
《ᠲᠤᠰ ᠤᠳᠠᠭᠠᠨ᠎ᠤ 〈ᠮᠤᠩᠭᠤᠯ ᠮᠤᠷᠢ〉 ᠰᠡᠳᠤᠪᠳᠤ ᠨᠠᠢᠷᠠᠯ ᠦᠳᠡᠱᠢᠯᠡᠭᠡ᠎ᠶ᠋ᠢ ᠪᠢᠳᠡ 2 ᠵᠢᠯ ᠭᠠᠷᠤᠢ᠎ᠶ᠋ᠢᠨ ᠴᠠᠭ᠎ᠢ ᠵᠠᠷᠤᠴᠠᠭᠤᠯᠵᠦ᠍ ᠪᠡᠯᠡᠳᠭᠡᠭ᠌ᠰᠡᠨ ᠶᠤᠮ᠃ ᠡᠨᠡ ᠵᠢᠯ ᠬᠢᠵᠢᠭ᠎ᠤᠨ ᠪᠠᠢᠳᠠᠯ᠎ᠠᠴᠠ ᠪᠤᠯᠤᠭᠠᠳ ᠤᠳᠤ ᠰᠠᠶᠢ ᠦᠵᠡᠭ᠌ᠴᠢᠳ᠎ᠲᠠᠢ ᠵᠤᠯᠭᠠᠵᠦ᠍ ᠪᠠᠢᠨ᠎ᠠ᠃ ᠲᠤᠰ ᠤᠳᠠᠭᠠᠨ᠎ᠤ ᠲᠤᠭ᠍ᠯᠠᠯᠳᠡᠳᠤ ᠮᠠᠨ᠎ᠤ ᠬᠠᠮᠳᠤᠯᠢᠭ᠎ᠤᠨ᠎ᠬᠢᠨ ᠬᠠᠭᠤᠴᠢᠨ ᠪᠦᠳᠦᠬᠡᠯ᠎ᠢᠶᠠᠨ ᠲᠠᠭᠤᠯᠠᠬ᠍ᠰᠠᠨ ᠪᠦᠬᠡᠳ ᠪᠠᠰᠠ ᠱᠢᠨ᠎ᠠ ᠪᠦᠳᠦᠬᠡᠯ ᠬᠡᠲᠦ᠎ᠶ᠋ᠢ ᠲᠤᠬᠢᠷᠠᠭᠤᠯᠤᠬ᠍ᠰᠠᠨ ᠪᠠᠢᠲᠠᠭ᠃ ᠬᠦ᠍ᠭ᠌ᠵᠢᠮ ᠨᠠᠢᠷᠠᠭᠤᠯᠬᠤ᠎ᠳᠠᠭᠠᠨ ᠪᠢᠳᠡ ᠬᠠᠭᠤᠴᠢᠨ ᠪᠦᠳᠦᠬᠡᠯ᠎ᠳᠡᠭᠡᠨ ᠱᠢᠨ᠎ᠠ ᠬᠦᠭ᠌ᠵᠢᠮ ᠨᠡᠮᠡᠨ ᠤᠷᠤᠭᠤᠯᠵᠦ᠍᠂ ᠪᠠᠰᠠ ᠱᠢᠨ᠎ᠠ ᠲᠤᠭ᠍ᠯᠠᠬ᠍ᠴᠢᠶ᠋ᠢ ᠤᠷᠢᠵᠦ᠍ ᠲᠤᠰ ᠤᠷᠤᠢ᠎ᠶ᠋ᠢᠨ ᠲᠤᠭ᠍ᠯᠠᠯᠳᠡᠳᠠᠭᠠᠨ ᠦᠩᠬᠡ ᠪᠤᠳᠤᠭ ᠨᠡᠮᠡᠷᠢᠯᠡᠭ᠌ᠰᠡᠨ᠃ ᠮᠠᠨ᠎ᠤ ᠡᠨᠡ ᠲᠤᠭ᠍ᠯᠠᠯᠲᠠ ᠮᠤᠩᠭᠤᠯ ᠮᠤᠷᠢᠨ᠎ᠤ ᠵᠤᠷᠢᠭ ᠰᠠᠨᠠᠭ᠎ᠠ᠎ᠶ᠋ᠢ ᠴᠤ᠋ ᠱᠢᠨ᠎ᠠ ᠤᠷᠠᠯᠢᠭ᠎ᠤᠨ ᠬᠡᠯᠪᠡᠷᠢ᠎ᠪᠠᠷ ᠠᠮᠢᠳᠤᠯᠢᠭ ᠢᠯᠠᠷᠡᠬᠦᠯᠵᠡᠢ ᠭᠡᠵᠦ᠍ ᠪᠢ ᠦᠵᠡᠵᠦ᠍ ᠪᠠᠢᠨ᠎ᠠ》 ᠬᠡᠵᠦ᠍ ᠠᠨᠳᠡ ᠬᠠᠮᠳᠤᠯᠢᠭ᠎ᠤᠨ ᠨᠠᠷᠠᠰᠤ ᠰᠤᠷᠪᠤᠯᠵᠢᠯᠠᠭ᠎ᠠ ᠬᠦᠯᠢᠶᠡᠬᠦ᠌᠎ᠳᠡᠭᠡᠨ ᠶᠠᠷᠢᠵᠦ᠍ ᠪᠠᠢᠬ᠍ᠰᠠᠨ ᠶᠤᠮ᠃

ᠲᠤᠪᠱᠢᠭᠤᠷ ᠬᠦᠭ᠌ᠵᠢᠮ 《ᠡᠬᠦᠯᠡᠨ ᠬᠦᠬᠡ》᠂ ᠬᠦᠮᠦᠨ ᠪᠠᠢᠭᠠᠯᠢ᠎ᠶ᠋ᠢᠨ ᠡᠶ᠎ᠡ ᠵᠤᠬᠢᠴᠠᠯ᠎ᠢ ᠬᠠᠷᠠᠭᠤᠯᠤᠬ᠍ᠰᠠᠨ 《ᠪᠠᠢᠭᠠᠯᠢ᠎ᠶ᠋ᠢᠨ ᠲᠠᠭᠤᠨ》 ᠵᠡᠷᠭᠡ᠎ᠨᠢ ᠬᠠᠮᠤᠭ᠎ᠤᠨ ᠤᠯᠠᠮᠵᠢᠯᠠᠯᠲᠦ ᠲᠠᠭᠤᠯᠠᠬᠤ ᠠᠷᠭ᠎ᠠ᠂ ᠤᠯᠠᠨ ᠵᠦᠢᠯ᠎ᠤᠨ ᠬᠦᠭ᠌ᠵᠢᠮᠳᠡᠬᠦᠷ᠎ᠤᠨ ᠤᠷᠠᠯᠢᠭ᠎ᠢᠶᠠᠷ ᠪᠠᠢᠭᠠᠯᠢ᠎ᠶ᠋ᠢᠨ ᠦᠵᠡᠮᠵᠢ ᠵᠤᠬᠢᠴᠠᠵᠦ᠍᠂ ᠬᠦᠮᠦᠨ ᠪᠠᠢᠭᠠᠯᠢ ᠡᠭᠡᠨᠡᠭ᠌ᠰᠢᠨ ᠤᠷᠤᠱᠢᠬ᠍ᠰᠠᠨ ᠡᠶ᠎ᠡ ᠵᠤᠬᠢᠴᠠᠩᠭᠤᠢ ᠪᠠᠢᠲᠠᠯ᠎ᠢ ᠢᠯᠡᠷᠡᠬᠦᠯᠵᠦ᠍᠂ ᠲᠤᠰ ᠤᠲᠠᠭᠠᠨᠤ ᠨᠠᠢᠷᠠᠯ ᠦᠳᠡᠱᠢᠯᠡᠭᠡ᠎ᠶ᠋ᠢᠨ ᠨᠢᠬᠡᠲᠦᠭᠡᠷ ᠪᠦᠯᠦᠭ 《ᠲᠡᠭ᠌ᠷᠢ᠎ᠶ᠋ᠢᠨ ᠰᠠᠯᠬᠢ》 ᠪᠠᠨ ᠦᠨᠲᠦᠷᠯᠡᠬᠦᠯᠦᠯᠠ᠃
ᠲᠤᠰ ᠤᠲᠠᠭᠠᠨᠤ 《ᠮᠤᠩᠭᠤᠯ ᠮᠤᠷᠢ》 ᠰᠡᠳᠤᠪᠳᠤ ᠨᠠᠢᠷᠠᠯ ᠦᠳᠡᠱᠢᠯᠡᠭᠡ᠎ᠨᠢ 《ᠲᠩᠷᠢ᠎ᠶ᠋ᠢᠨ ᠰᠠᠯᠬᠢ》᠂ 《ᠡᠷᠭᠢᠨ ᠬᠠᠷᠠᠬᠤᠢ》᠂ 《ᠵᠡᠭᠦᠳᠦ ᠵᠡᠷᠭᠡᠯᠭᠡᠨ》 ᠬᠡᠮᠡᠬᠦ᠌ ᠭᠤᠷᠪᠠᠨ ᠪᠦᠯᠦᠭ᠎ᠢᠶᠠᠷ ᠵᠤᠬᠢᠶᠠᠮᠵᠢᠯᠠᠬ᠍ᠲᠠᠭ᠍ᠰᠠᠨ ᠪᠠᠢᠨ᠎ᠠ᠃ 《ᠲᠡᠭ᠌ᠷᠢ᠎ᠶ᠋ᠢᠨ ᠰᠠᠯᠬᠢ》 ᠪᠦᠯᠦᠭ᠎ᠨᠢ ᠡᠢᠨ ᠬᠦ᠌ ᠬᠤᠭᠤᠷ ᠴᠤᠭᠤᠷ᠎ᠤᠨ ᠡᠬᠡᠱᠢᠭ᠂ ᠲᠤᠪᠱᠢᠭᠤᠷ ᠬᠦᠭ᠌ᠵᠢᠮ᠎ᠤᠨ ᠠᠶ᠎ᠠ᠂ ᠤᠷᠲᠤ᠎ᠶ᠋ᠢᠨ ᠲᠠᠭᠤᠤ᠎ᠶ᠋ᠢᠨ ᠱᠢᠷᠤᠩᠬᠠᠢ ᠲᠤᠮᠲᠠ ᠦᠨᠲᠦᠷᠯᠡᠨ᠂ ᠬᠤᠶᠠᠲᠤᠭᠠᠷ ᠪᠦᠯᠦᠭ 《ᠡᠷᠬᠢᠨ ᠬᠠᠷᠠᠬᠤᠢ》 ᠨᠢ 《ᠲᠠᠯ᠎ᠠ ᠨᠤᠲᠤᠭ ᠮᠢᠨᠢ》᠂ 《ᠤᠲᠤᠷ᠎ᠤᠨ ᠠᠲᠤᠭᠤᠴᠢᠨ》᠂ 《ᠬᠤᠷᠴᠢᠨ ᠵᠢᠷᠤᠭ᠎ᠠ》᠂ 《ᠨᠤᠲᠤᠭ》᠂ 《ᠴᠤᠬᠤᠷ ᠮᠤᠷᠢ》᠂ 《ᠱᠠᠩᠬᠠᠢ ᠬᠢᠴᠡ᠎ᠲᠠᠢ ᠪᠠᠨᠲᠤᠤᠲ᠋ᠢ》 ᠵᠡᠷᠭᠡ 6 ᠲᠠᠭᠤᠤ᠎ᠪᠠᠨ ᠡᠷᠬᠦᠭ᠌ᠰᠡᠭᠡᠷ ᠦᠵᠡᠭ᠌ᠴᠢᠳ ᠲᠦᠮᠡᠨ᠎ᠤ ᠤᠤᠬᠠᠢᠯᠠᠯ ᠲᠤᠮᠲᠠ ᠦᠷᠬᠦᠯᠵᠢᠯᠡᠭ᠌ᠰᠡᠨ ᠶᠤᠮ᠃
ᠠᠨᠲᠠ ᠬᠠᠮᠲᠤᠯᠢᠭ᠎ᠤᠨ ᠨᠠᠷᠠᠰᠦ᠎ᠶ᠋ᠢᠨ ᠬᠤᠭᠤᠷᠴᠢ ᠬᠠᠢᠴᠢᠩᠱᠢᠪᠠᠭᠤᠯᠤᠭᠠ ᠬᠠᠮᠲᠤᠷᠠᠨ ᠨᠠᠢᠷᠠᠭᠤᠯᠤᠬ᠍ᠰᠠᠨ 《ᠬᠤᠷᠴᠢᠨ ᠵᠢᠷᠤᠭ᠎ᠠ》 ᠨᠢ ᠵᠤᠷᠢᠬ᠍ᠰᠠᠨ᠎ᠳᠠᠭᠠᠨ ᠬᠦᠷᠬᠦ᠌᠎ᠠᠴᠠ ᠨᠠᠭᠠᠰᠢ ᠪᠤᠴᠠᠲᠠᠭ ᠦᠬᠡᠢ ᠰᠠᠯᠬᠢᠨ᠎ᠤ ᠬᠤᠷᠲᠤ᠎ᠲᠠᠢ ᠵᠢᠷᠤᠭ᠎ᠠ ᠮᠤᠷᠢ᠎ᠶ᠋ᠢ ᠨᠢᠲᠦᠨ᠎ᠳᠤ ᠦᠵᠡᠭ᠌ᠳᠡᠳᠡᠯᠡ ᠬᠦᠭ᠌ᠵᠢᠮᠳᠡᠭ᠌ᠰᠡᠨ ᠪᠤᠯ 《ᠤᠲᠤᠷ᠎ᠤᠨ ᠠᠲᠤᠭᠤᠴᠢᠨ》 ᠬᠡᠮᠡᠬᠦ᠌ ᠲᠠᠭᠤᠤ᠎ᠨᠢ ᠬᠦᠪᠡᠭᠡ ᠬᠢᠵᠠᠭᠠᠷ ᠦᠬᠡᠢ ᠦᠷᠬᠦᠯᠵᠢᠯᠡᠬᠦ᠌ ᠲᠠᠯ᠎ᠠ ᠨᠤᠲᠤᠭ᠎ᠲᠤ ᠬᠦᠯᠦᠭ ᠮᠤᠷᠢᠳ ᠲᠠᠪᠬᠢᠯᠲᠤᠬᠤᠳᠤ ᠠᠲᠤᠭᠤᠴᠢᠨ ᠵᠠᠯᠠᠭᠤᠰ᠎ᠤᠨ ᠬᠡᠢᠮᠦᠷᠢ ᠰᠡᠷᠬᠦᠵᠦ᠍ ᠴᠤᠭ ᠵᠤᠯᠢ ᠪᠠᠲᠠᠷᠠᠬ᠍ᠰᠠᠨ ᠪᠠᠢᠲᠠᠯ᠎ᠢ ᠨᠢᠲᠦᠨ᠎ᠳᠤ ᠦᠵᠡᠭ᠌ᠳᠡᠳᠡᠯᠡ ᠲᠠᠭᠤᠯᠠᠵᠠᠢ᠃ ᠦᠳᠡᠱᠢᠯᠡᠭᠡ᠎ᠶ᠋ᠢᠨ ᠠᠬᠤᠢ ᠲᠠᠯᠠᠪᠠᠢ᠎ᠳᠤ ᠰᠠᠭᠠᠲᠠᠭ᠍ᠰᠠᠨ ᠠᠬᠠᠮᠠᠳ ᠢᠳᠡᠷ ᠦᠵᠡᠭ᠌ᠴᠢᠳ᠎ᠤᠨ ᠲᠠᠭᠠᠱᠢᠶᠠᠯ᠎ᠳᠤ ᠬᠦᠷᠦᠭ᠌ᠰᠡᠨ᠎ᠨᠢ ᠬᠠᠱᠢᠯᠠ 《ᠱᠠᠩᠬᠠᠢ ᠬᠢᠴᠡ᠎ᠲᠠᠢ ᠪᠠᠨᠲᠤᠤᠲ᠋ᠢ》 ᠪᠠᠢᠬ᠎ᠠ᠂ ᠠᠨᠲᠠ ᠬᠠᠮᠲᠤᠯᠢᠬᠤᠨ ᠲᠠᠬᠢᠨ ᠵᠤᠬᠢᠶᠠᠨ ᠪᠦᠲᠦᠭᠡᠯᠭᠡ᠎ᠪᠠᠷ ᠤᠯᠠᠨ᠎ᠤ ᠰᠤᠨᠤᠷ᠎ᠲᠤ ᠬᠦᠷᠦᠭ᠌ᠰᠡᠨ ᠲᠤᠰ ᠲᠠᠭᠤᠤ᠎ᠨᠢ᠂ ᠬᠦᠳᠡᠯᠮᠦᠷᠢ ᠴᠢᠷᠮᠠᠢᠯᠭ᠎ᠠ᠎ᠪᠠᠷ ᠬᠦᠮᠦᠨ ᠤᠯᠠᠨ᠎ᠳᠠᠭᠠᠨ ᠪᠠᠭ᠍ᠠᠷᠤᠭ᠍ᠲᠠᠵᠦ᠍ ᠠᠮᠢᠲᠤᠷᠠᠯ ᠦᠢᠯᠡᠰ᠎ᠢᠶᠠᠨ ᠲᠡᠭᠡᠲᠦᠯᠡᠵᠦ᠍ ᠶᠠᠪᠤᠭ᠍ᠰᠠᠨ ᠲᠡᠭᠡᠷ᠎ᠡ ᠵᠠᠭᠤᠨ᠎ᠤ ᠲᠤᠷᠠᠳᠭᠠᠯᠢ ᠠᠬᠠᠮᠠᠳ ᠦᠵᠡᠭ᠌ᠴᠢᠴᠳᠤᠨ ᠰᠡᠳᠭᠢᠯ᠎ᠳᠤ ᠤᠷᠭᠤᠲᠠᠯᠠ ᠲᠠᠭᠤᠯᠠᠵᠠᠢ᠃
《ᠲᠠᠯ᠎ᠠ ᠨᠤᠲᠤᠭ᠎ᠤᠨ ᠦᠯᠢᠬᠡᠷ᠎ᠢ
ᠬᠡᠴᠢᠨᠡᠨ ᠴᠦ᠍ ᠶᠠᠷᠢᠬ᠍ᠰᠠᠨᠢ ᠪᠤᠤ ᠮᠡᠳᠡ᠂
ᠬᠡᠨ ᠴᠦ᠍ ᠲᠤᠭᠠᠯᠠᠵᠦ᠍ ᠦᠵᠡᠭᠡ ᠦᠬᠡᠢ ᠁》
ᠠᠭᠤᠯᠠ᠎ᠲᠠᠢ ᠭᠤᠧᠠᠢ᠎ᠶ᠋ᠢᠨ ᠱᠢᠯᠦᠭ 《ᠵᠡᠬᠦᠲᠦ ᠵᠡᠷᠭᠡᠯᠭᠡᠨ》 ᠴᠡᠭᠡᠨ ᠬᠦᠱᠢᠭᠡᠨᠡ ᠢᠯᠡᠷᠡᠬᠦ᠌᠎ᠳᠤ᠂ ᠤᠷᠠᠯᠢᠬ᠍ᠴᠢᠨ ᠡᠷᠺᠠᠱ᠌ᠢ ᠪᠤᠯᠤᠨ ᠠᠨᠲᠠ ᠬᠠᠮᠲᠤᠯᠢᠭ᠎ᠤᠨ ᠦᠨᠢ᠎ᠶ᠋ᠢᠨ ᠬᠠᠮᠲᠤᠷᠠᠨ ᠨᠠᠢᠷᠠᠭᠤᠯᠤᠬ᠍ᠰᠠᠨ 《ᠵᠠᠩᠭᠠᠷ᠎ᠤᠨ ᠮᠠᠬ᠍ᠲᠠᠭᠠᠯ》 ᠪᠠᠭᠠᠲᠤᠷ ᠵᠠᠩᠭᠠᠷ᠎ᠤᠨ ᠦᠯᠢᠬᠡᠷ ᠪᠤᠯᠤᠨ ᠪᠤᠷᠬᠠᠨ ᠪᠤᠮᠪᠠ᠎ᠶ᠋ᠢᠨ ᠤᠷᠤᠨ᠎ᠤ ᠲᠤᠬᠠᠢ ᠰᠠᠢᠬᠠᠨ ᠮᠦᠷᠦᠭᠡᠲᠦᠯᠢ ᠬᠠᠢᠯᠠᠭ᠍ᠰᠠᠭᠠᠷ ᠭᠤᠷᠪᠠᠲᠤᠭᠠᠷ ᠪᠦᠯᠦᠭ᠎ᠤᠨ ᠬᠦᠱᠢᠭᠡ᠎ᠶ᠋ᠢ ᠢᠷᠠᠯ᠎ᠠ᠃
ᠦᠵᠦᠮᠦᠴᠢᠨ ᠠᠷᠠᠳ᠎ᠤᠨ ᠲᠠᠭᠤᠤ 《ᠡᠵᠢ᠎ᠳᠡᠭᠡᠨ ᠡᠷᠬᠦᠬᠦ᠌ ᠲᠠᠭᠤᠤ》᠂ ᠤᠷᠴᠦᠨᠴᠤᠳᠤᠨ ᠡᠭᠡ ᠪᠠᠢᠭᠠᠯᠢ᠎ᠪᠠᠨ ᠮᠠᠬ᠍ᠲᠠᠨ ᠲᠠᠭᠤᠯᠠᠬ᠍ᠰᠠᠨ 《ᠬᠠᠨᠭ᠌ᠭᠠᠢ ᠮᠢᠨᠢ》 ᠵᠡᠷᠭᠡ ᠨᠤᠲᠤᠭ ᠨᠤᠲᠤᠭ᠎ᠤᠨ ᠤᠨᠴᠠᠯᠢᠭ᠂ ᠤᠬ᠍ᠰᠠᠭᠠᠲᠠᠨ ᠶᠠᠰᠦᠲᠠᠨᠤ ᠬᠠᠢᠷ᠎ᠠ ᠰᠡᠳᠭᠢᠯᠬᠡ᠎ᠶ᠋ᠢ ᠲᠤᠰᠭᠠᠬ᠍ᠰᠠᠨ ᠲᠠᠭᠤᠤᠨᠤᠭᠤᠳ ᠦᠳᠡᠱᠢᠯᠡᠭᠡ᠎ᠶ᠋ᠢ ᠤᠷᠬᠢᠯ᠎ᠳᠤᠨᠢ ᠬᠦᠷᠭᠡᠵᠦ᠍᠂ ᠠᠨᠲᠠ ᠬᠠᠮᠲᠤᠯᠢᠭ᠎ᠤᠨ ᠪᠦᠬᠡᠴᠤᠳ · ᠨᠠᠷᠠᠰᠦ᠎ᠶ᠋ᠢᠨ ᠵᠤᠬᠢᠶᠠᠬ᠍ᠰᠠᠨ 《ᠱᠢᠪᠠᠭᠤᠨ ᠰᠠᠷᠠᠯ》 ᠬᠦᠭ᠌ᠵᠢᠮ᠎ᠨᠢ ᠰᠦᠮᠡᠢᠨ ᠰᠦᠮᠡᠢᠨ ᠬᠠᠷᠠᠭ᠍ᠲᠠᠬᠤ ᠰᠦᠡᠭ᠌ᠵᠢᠳᠮᠠᠶ᠋ᠢᠨ ᠨᠤᠲᠤᠭ ᠤᠷᠤᠭᠤ ᠲᠡᠮᠡᠦᠯᠬᠦ᠌ ᠱᠢᠪᠠᠭᠤᠨ ᠰᠠᠷᠠᠯ᠎ᠢ ᠨᠢᠲᠦᠨ᠎ᠳᠤ ᠦᠵᠡᠭ᠌ᠳᠡᠬᠦᠯᠵᠦ᠍᠂ ᠵᠤᠷᠢᠬ᠍ᠰᠠᠨ ᠭᠠᠵᠠᠷ᠎ᠲᠠᠭᠠᠨ ᠵᠠᠪᠠᠯ ᠬᠦᠷᠳᠡᠭ ᠮᠤᠩᠭᠤᠯ ᠮᠤᠷᠢᠨ᠎ᠤ ᠵᠤᠷᠢᠭ ᠰᠠᠨᠠᠭ᠎ᠠ᠎ᠶ᠋ᠢ ᠦᠵᠡᠭ᠌ᠴᠢᠳ᠎ᠤᠨ ᠰᠡᠳᠭᠢᠯ᠎ᠳᠤ ᠬᠠᠲᠠᠩᠱᠢᠭᠤᠯᠤᠯᠠ᠃ ᠦᠳᠡᠱᠢᠯᠡᠭᠡ᠎ᠶ᠋ᠢᠨ ᠬᠠᠮᠤᠭ᠎ᠤᠨ ᠰᠡᠬᠦᠯ᠎ᠳᠤ 《ᠮᠠᠬ᠍ᠲᠠᠭᠠᠯ ᠲᠠᠭᠤᠤ》 ᠶ᠋ᠢᠨ ᠠᠶᠠᠰ ᠴᠤᠤᠷᠢᠶᠠᠲᠤᠬᠤ᠎ᠳᠤ ᠲᠠᠯᠠᠪᠠᠢ ᠲᠦᠬᠦᠷᠡᠩ ᠦᠵᠡᠭ᠌ᠴᠢᠳ ᠠᠶ᠎ᠠ᠎ᠶ᠋ᠢ᠎ᠲᠠᠭᠠᠨ ᠲᠠᠭᠤᠯᠠᠵᠦ᠍᠂ ᠦᠳᠡᠱᠢᠯᠡᠭᠡ ᠮᠠᠨᠢ ᠨᠢᠵᠢᠬᠢᠨᠡᠭ᠌ᠰᠡᠨ ᠠᠯᠠᠭ᠎ᠠ ᠲᠠᠱᠢᠯᠲᠠ ᠲᠤᠮᠲᠠ ᠲᠡᠬᠦᠯᠳᠡᠷ ᠰᠠᠢᠬᠠᠨ ᠵᠢᠷᠭᠠᠵᠠᠢ᠃
2014 ᠤᠨ᠎ᠠᠴᠠ ᠤᠲᠤ ᠪᠤᠯᠲᠠᠯ᠎ᠠ᠂ ᠮᠤᠩᠭᠤᠯ ᠮᠤᠷᠢᠨ᠎ᠤ ᠵᠤᠷᠢᠭ ᠰᠠᠨᠠᠭ᠎ᠠ᠎ᠶ᠋ᠢ ᠲᠤᠭᠤᠱᠢᠯᠠᠭᠤᠯᠤᠨ ᠲᠤᠰᠭᠠᠬ᠍ᠰᠠᠨ ᠤᠷᠠᠨ ᠵᠢᠷᠤᠭ᠎ᠤᠨ ᠦᠵᠡᠰᠭᠦᠯᠡᠩ᠂ ᠲᠠᠭᠤᠤ ᠪᠦᠵᠢᠭ᠎ᠤᠨ ᠦᠳᠡᠱᠢᠯᠡᠭᠡ᠂ ᠪᠤᠲᠠᠲᠦ ᠦᠵᠡᠭ᠌ᠳᠡᠯᠲᠦ ᠵᠦᠴᠦᠭᠡ ᠭᠡᠳ ᠮᠠᠨ᠎ᠤ ᠤᠷᠤᠨ᠎ᠤ ᠰᠤᠶᠤᠯ ᠤᠷᠠᠯᠢᠭ᠎ᠤᠨ ᠠᠵᠢᠯᠲᠠᠳ ᠮᠠᠨᠢ ᠮᠤᠩᠭᠤᠯ ᠮᠤᠷᠢᠨ᠎ᠤ ᠵᠤᠷᠢᠭ ᠰᠠᠨᠠᠭ᠎ᠠ᠎ᠶ᠋ᠢ ᠤᠷᠠᠨ ᠪᠦᠲᠦᠭᠡᠯ᠎ᠳᠡᠭᠡᠨ ᠲᠡᠲᠦᠢ ᠪᠢᠰᠢ ᠤᠯᠠᠨ ᠲᠦᠮᠡᠨ᠎ᠤ ᠰᠡᠳᠭᠢᠯ᠎ᠳᠤ ᠬᠠᠲᠠᠩᠱᠢᠭᠤᠯᠤᠬ᠍ᠰᠠᠭᠠᠷ ᠢᠷᠡᠭ᠌ᠰᠡᠨ ᠪᠢᠯᠡ᠃ ᠮᠤᠩᠭᠤᠯ ᠮᠤᠷᠢᠨ᠎ᠤ ᠵᠤᠷᠢᠭ ᠰᠠᠨᠠᠭ᠎ᠠ᠎ᠨᠢ ᠨᠢᠬᠡᠨᠳᠡ ᠤᠷᠤᠭ᠍ᠰᠢ ᠠᠬᠢᠵᠦ᠍ ᠦᠬᠡᠳᠡᠯᠡᠨ ᠲᠠᠪᠱᠢᠬᠤ ᠪᠦᠯᠬᠦᠮᠳᠡᠨ ᠤᠷᠤᠭ᠍ᠰᠢᠯᠠᠬᠤ ᠵᠤᠷᠢᠭ ᠰᠠᠨᠠᠭᠠᠨ᠎ᠤ ᠬᠡᠢᠮᠦᠷᠢ ᠪᠤᠯᠵᠦ᠍ ᠦᠪᠦᠷ ᠮᠤᠩᠭᠤᠯᠴᠤᠳ ᠪᠦᠬᠦᠨ᠎ᠤ ᠰᠡᠳᠭᠢᠯ᠎ᠳᠤ ᠡᠷᠡᠮᠡᠬᠡᠢᠯᠡᠨ ᠲᠠᠪᠬᠢᠬ᠍ᠰᠠᠭᠠᠷ ᠁