ᠪᠠᠯᠠᠷ ᠡᠷᠳᠡᠨ᠎ᠤ ᠰᠤᠶᠤᠯ᠎ᠤᠨ 《ᠬᠦᠮᠦᠷᠭᠡ》 — ᠱᠢᠩ ᠯᠦᠩ ᠸᠠ᠎ᠶ᠋ᠢᠨ ᠪᠠᠭᠤᠷᠢ
2020-12-30 17:03:13
ᠵᠣᠬᠢᠶᠠᠭ᠍ᠴᠢ᠄
ᠱᠢᠶᠠᠩ ᠲᠤᠤ
ᠣᠩᠱᠢᠭ᠍ᠰᠠᠨ ᠣᠳᠠᠭ᠎ᠠ᠄
★★★☆☆

ᠲᠤᠮᠲᠠᠲᠦ᠎ᠶ᠋ᠢᠨ ᠪᠠᠯᠠᠷ ᠡᠷᠳᠡᠨ᠎ᠤ ᠨᠢᠬᠡᠲᠦᠭᠡᠷ ᠲᠤᠰᠭᠤᠨ

ᠤᠲᠤ᠎ᠠᠴᠠ 8000 ᠵᠢᠯ᠎ᠤᠨ ᠡᠮᠦᠨᠡᠬᠢ ᠱᠢᠩ ᠯᠦᠩ ᠸᠠ᠎ᠶ᠋ᠢᠨ ᠪᠠᠭᠤᠷᠢ᠎ᠶ᠋ᠢ ᠤᠯᠠᠭᠠᠨᠬᠠᠲᠠ ᠬᠤᠲᠠ᠎ᠶ᠋ᠢᠨ ᠠᠦᠬᠠᠨ ᠬᠤᠱᠢᠭᠤᠨ᠎ᠤ ᠪᠤᠭᠤᠲᠤ ᠱᠢᠶᠠᠩ᠎ᠤᠨ ᠱᠢᠩ ᠯᠦᠩ ᠸᠠ ᠲᠤᠰᠭᠤᠨ᠎ᠠᠴᠠ ᠢᠯᠡᠷᠡᠬᠦᠯᠦᠭ᠌ᠰᠡᠨ ᠪᠠᠢᠨ᠎ᠠ᠃ ᠲᠤᠰ ᠪᠠᠭᠤᠷᠢ ᠪᠤᠯ ᠮᠠᠨ᠎ᠤ ᠤᠷᠤᠨ ᠪᠠ ᠵᠡᠬᠦᠨ ᠬᠤᠢᠲᠦ᠎ᠶ᠋ᠢᠨ ᠭᠠᠵᠠᠷ ᠤᠷᠤᠨ᠎ᠤ ᠬᠠᠲᠠᠭᠠᠯᠠᠯᠲᠠ᠎ᠪᠠᠷ ᠬᠠᠮᠤᠭ᠎ᠤᠨ ᠪᠦᠷᠢᠨ ᠱᠢᠨ᠎ᠡ ᠴᠢᠯᠠᠭᠤᠨ ᠵᠡᠪᠰᠡᠭ᠎ᠤᠨ ᠦᠶ᠎ᠡ᠎ᠶ᠋ᠢᠨ ᠲᠤᠰᠭᠤᠨ᠎ᠤ ᠪᠠᠭᠤᠷᠢ ᠪᠠᠢᠵᠦ᠍᠂ ᠬᠠᠭᠤᠴᠢ ᠰᠤᠲᠤᠯᠤᠯ᠎ᠤᠨ᠎ᠬᠢᠨ᠎ᠳᠤ 《ᠲᠤᠮᠲᠠᠲᠦ᠎ᠶ᠋ᠢᠨ ᠪᠠᠯᠠᠷ ᠡᠷᠳᠡᠨ᠎ᠤ ᠨᠢᠬᠡᠲᠦᠭᠡᠷ ᠲᠤᠰᠭᠤᠨ》 ᠬᠡᠮᠡᠭ᠌ᠳᠡᠭ᠌ᠰᠡᠨ ᠪᠢᠯᠡ᠃


3820114_lity_1609144912063_m.jpg


ᠱᠢᠩ ᠯᠦᠩ ᠸᠠ᠎ᠶ᠋ᠢᠨ ᠪᠠᠭᠤᠷᠢ᠎ᠶ᠋ᠢᠨ ᠲᠠᠯᠠᠪᠠᠢ᠎ᠨᠢ 3.5 ᠲᠦᠮᠡᠨ ᠲᠡᠭ᠌ᠰᠢ ᠲᠦᠷᠪᠡᠯᠵᠢᠨ ᠮᠧᠲᠷ᠂ ᠪᠠᠭᠤᠷᠢ᠎ᠶ᠋ᠢ ᠬᠦᠷᠢᠶᠡᠯᠡᠭᠡᠳ ᠭᠤᠤ ᠰᠤᠪᠠᠭ ᠮᠠᠯᠲᠠᠵᠦ᠍᠂ ᠭᠤᠤ ᠰᠤᠪᠠᠭ᠎ᠠᠴᠠ ᠲᠤᠲᠤᠭ᠍ᠰᠢ ᠪᠠᠯᠠᠷ ᠡᠷᠳᠡᠨ᠎ᠤ ᠭᠡᠷ ᠪᠠᠢᠱᠢᠩ᠎ᠤᠳ ᠡᠩᠨᠡᠷᠡᠨ ᠵᠢᠭ᠌ᠳᠡᠷᠡᠵᠡᠢ᠃ ᠡᠳᠡᠭᠡᠷ ᠪᠠᠢᠱᠢᠩ᠎ᠤᠳ ᠪᠦᠷ ᠯᠡ ᠪᠠᠷᠠᠭᠤᠨ ᠬᠤᠢᠨ᠎ᠠ᠎ᠠᠴᠠ ᠵᠡᠬᠦᠨ ᠡᠮᠦᠨᠡᠰᠢ ᠴᠢᠭ᠌ᠯᠡᠯ᠎ᠲᠠᠢ ᠪᠠᠢᠷᠢᠱᠢᠵᠦ᠍᠂ ᠪᠠᠷᠤᠭ ᠪᠦᠷ 50 ᠎ᠠᠴᠠ 80 ᠲᠡᠭ᠌ᠰᠢ ᠲᠦᠷᠪᠡᠯᠵᠢᠨ ᠮᠧᠲᠷ ᠲᠠᠯᠠᠪᠠᠢ᠎ᠲᠠᠢ ᠪᠠᠢᠲᠠᠭ᠂ ᠡᠬᠦᠨ᠎ᠳᠤ ᠬᠠᠮᠤᠭ᠎ᠤᠨ ᠶᠡᠭᠡ᠎ᠨᠢ 140 ᠲᠡᠭ᠌ᠰᠢ ᠲᠦᠷᠪᠡᠯᠵᠢᠨ ᠮᠧᠲᠷ ᠲᠠᠯᠠᠪᠠᠢ᠎ᠲᠠᠢ ᠪᠠᠢᠵᠦ᠍᠂ ᠬᠠᠲᠤᠨ ᠭᠤᠤᠯ᠎ᠤᠨ ᠰᠠᠪᠠ ᠭᠠᠵᠠᠷ᠎ᠤᠨ ᠠᠳᠠᠯᠢ ᠬᠤᠭᠤᠴᠠᠭᠠᠨ᠎ᠤ ᠤᠪᠤᠭ ᠤᠬ᠍ᠰᠠᠭᠠᠨ᠎ᠤ ᠰᠠᠭᠤᠷᠢᠱᠢᠯ ᠲᠤᠲᠤᠷ᠎ᠠ ᠬᠠᠮᠤᠭ᠎ᠠᠴᠠ ᠠᠭᠤᠵᠢᠮ ᠰᠠᠭᠤᠷᠢᠱᠢᠯ᠎ᠳᠤ ᠲᠤᠭᠠᠴᠠᠭ᠍ᠲᠠᠵᠠᠢ᠃


3820116_lity_1609144876030_m.jpg


ᠭᠡᠷ ᠪᠠᠢᠱᠢᠩ᠎ᠠᠴᠠ ᠭᠠᠲᠠᠨ᠎ᠠ ᠲᠤᠰ ᠪᠠᠭᠤᠷᠢ᠎ᠠᠴᠠ ᠪᠠᠰᠠ ᠪᠠᠭ᠎ᠠ ᠪᠤᠰᠤ ᠦᠨᠡᠰᠦᠨ ᠨᠦᠬᠡ ᠢᠯᠡᠷᠡᠬᠦᠯᠵᠡᠢ᠃ ᠡᠬᠦᠨ᠎ᠳᠤ 35 ᠳ᠋ᠤᠭᠠᠷ ᠦᠨᠡᠰᠦᠨ ᠨᠦᠬᠡ ᠪᠤᠯ ᠬᠠᠮᠤᠭ᠎ᠤᠨ ᠶᠡᠭᠡ᠎ᠨᠢ ᠪᠠᠢᠵᠦ᠍᠂ ᠲᠤᠭᠤᠷᠢᠭ ᠬᠡᠯᠪᠡᠷᠢ᠎ᠲᠠᠢ᠂ ᠳ᠋ᠢᠶᠠᠮᠧᠲᠷ᠎ᠨᠢ ᠬᠠᠮᠤᠭ᠎ᠤᠨ ᠶᠡᠭᠡ᠎ᠳᠡᠭᠡᠨ 4.22 ᠮᠧᠲᠷ ᠪᠠᠢᠯ᠎ᠠ᠃ ᠡᠨᠡ ᠬᠦ᠌ ᠦᠨᠡᠰᠦᠨ ᠨᠦᠬᠡ᠎ᠶ᠋ᠢᠨ ᠤᠢᠷ᠎ᠠ ᠬᠠᠪᠢ᠎ᠪᠠᠷ 6 ᠵᠢᠵᠢᠭ᠌ᠭᠡᠨ ᠲᠤᠭᠤᠷᠢᠭ ᠬᠡᠯᠪᠡᠷᠢᠳᠡᠢ ᠦᠨᠡᠰᠦᠨ ᠨᠦᠬᠡ ᠬᠦᠷᠢᠶᠡᠯᠡᠵᠦ᠍᠂ ᠨᠦᠬᠡᠨ᠎ᠤ ᠲᠤᠮᠲᠠ ᠭᠡᠰᠡᠭ᠎ᠲᠤᠨᠢ ᠭᠠᠭ᠍ᠠᠢ᠎ᠶ᠋ᠢᠨ ᠶᠠᠰᠦ᠎ᠶ᠋ᠢ ᠪᠠᠷᠠᠭᠤᠨ ᠡᠮᠦᠨᠡᠰᠢ ᠬᠠᠨᠲᠤᠭᠤᠯᠤᠨ ᠰᠡᠬᠦᠯ᠎ᠤᠨ ᠭᠡᠰᠡᠭ᠎ᠢ᠎ᠨᠢ ᠪᠠᠷᠠᠭᠤᠨ ᠬᠤᠢᠰᠢ ᠬᠠᠨᠲᠤᠭᠤᠯᠤᠨ ᠤᠷᠤᠱᠢᠭᠤᠯᠤᠬ᠍ᠰᠠᠨ ᠪᠠᠢᠨ᠎ᠠ᠃ ᠡᠢᠮᠦᠷᠬᠦᠦ ᠤᠷᠤᠱᠢᠭᠤᠯᠭ᠎ᠠ᠎ᠶ᠋ᠢᠨ ᠵᠠᠩ ᠦᠢᠯᠡ᠎ᠨᠢ ᠨᠡᠩ ᠴᠦ᠍ ᠲᠤᠮᠲᠠᠲᠦ ᠤᠯᠤᠰ᠎ᠤᠨ ᠪᠠᠯᠠᠷ ᠡᠷᠳᠡᠨ᠎ᠤ ᠤᠨᠴᠠᠭᠠᠢ ᠵᠠᠩ ᠦᠢᠯᠡ᠎ᠶ᠋ᠢ ᠲᠤᠰᠭᠠᠵᠠᠢ᠃ ᠱᠢᠩ ᠯᠦᠩ ᠸᠠ᠎ᠶ᠋ᠢᠨ ᠪᠠᠭᠤᠷᠢ᠎ᠶ᠋ᠢᠨ 118 ᠳ᠋ᠤᠭᠠᠷ ᠤᠩᠭᠤᠨ᠎ᠳᠠᠬᠢ ᠤᠩᠭᠤᠨ᠎ᠤ ᠡᠵᠡᠨ᠎ᠤ ᠪᠠᠷᠠᠭᠤᠨ ᠲᠠᠯ᠎ᠠ᠎ᠳᠤ ᠡᠷ᠎ᠡ ᠭᠠᠭ᠍ᠠᠢ ᠪᠤᠯᠤᠨ ᠮᠡᠭᠡᠵᠢ᠎ᠶ᠋ᠢ ᠪᠦᠬᠦᠯᠢ᠎ᠪᠠᠷ᠎ᠨᠢ ᠤᠷᠤᠱᠢᠭᠤᠯᠤᠬ᠍ᠰᠠᠨ ᠪᠠᠢᠨ᠎ᠠ᠃ ᠬᠦᠮᠦᠨ ᠪᠠ ᠭᠠᠭ᠍ᠠᠢ᠎ᠶ᠋ᠢ ᠬᠠᠮᠲᠦ ᠤᠷᠤᠱᠢᠭᠤᠯᠤᠬ᠍ᠰᠠᠨ ᠡᠢᠮᠦᠷᠬᠦᠦ ᠦᠵᠡᠭ᠌ᠳᠡᠯ᠎ᠨᠢ ᠲᠤᠮᠲᠠᠲᠦ ᠤᠯᠤᠰ᠎ᠤᠨ ᠱᠢᠨ᠎ᠡ ᠴᠢᠯᠠᠭᠤᠨ ᠵᠡᠪᠰᠡᠭ᠎ᠤᠨ ᠦᠶ᠎ᠡ᠎ᠶ᠋ᠢᠨ ᠪᠠᠭᠤᠷᠢ ᠲᠤᠲᠤᠷᠠᠬᠢ ᠠᠩᠬᠠᠲᠠᠬ᠍ᠴᠢ ᠵᠢᠱ᠌ᠢᠶ᠎ᠡ ᠪᠤᠯᠤᠬ᠍ᠰᠠᠨ ᠶᠤᠮ᠃


3820121_lity_1609144826561_m.jpg


ᠲᠤᠮᠲᠠᠲᠦ ᠤᠯᠤᠰ᠎ᠤᠨ ᠬᠠᠲᠠᠭᠠᠯᠠᠯᠲᠠ᠎ᠪᠠᠷ ᠬᠠᠮᠤᠭ᠎ᠠᠴᠠ ᠪᠦᠷᠢᠨ᠂ ᠤᠨ ᠵᠢᠯ᠎ᠢᠶᠠᠷ ᠬᠠᠮᠤᠭ᠎ᠤᠨ ᠡᠷᠳᠡᠨ᠎ᠤ ᠪᠠᠯᠠᠷ ᠡᠷᠳᠡᠨ᠎ᠤ ᠲᠤᠰᠭᠤᠨ ᠪᠤᠯᠬᠤᠷ ᠲᠤᠰ ᠪᠠᠭᠤᠷᠢ᠎ᠶ᠋ᠢ ᠢᠯᠡᠷᠡᠬᠦᠯᠦᠮᠡᠭ᠌ᠴᠡ ᠲᠡᠯᠡᠭᠡᠢ᠎ᠶ᠋ᠢᠨ ᠠᠩᠬᠠᠷᠤᠯ᠎ᠳᠤ ᠬᠦᠷᠴᠦ᠍᠂ ᠶᠠᠫᠦᠨ᠎ᠤ ᠬᠠᠭᠤᠴᠢ ᠰᠤᠲᠤᠯᠤᠭᠠᠴᠢᠳ ᠴᠦ᠍ ᠲᠤᠰ ᠪᠠᠭᠤᠷᠢ᠎ᠶ᠋ᠢ ᠢᠯᠡᠷᠡᠬᠦᠯᠬᠦ᠌᠎ᠳᠤ ᠢᠳᠡᠪᠬᠢᠳᠡᠢ ᠤᠷᠤᠯᠴᠠᠬ᠍ᠰᠠᠨ ᠪᠠᠢᠨ᠎ᠠ᠃ ᠲᠤᠮᠲᠠᠲᠦ ᠤᠯᠤᠰ᠎ᠤᠨ ᠬᠠᠭᠤᠴᠢ ᠰᠤᠲᠤᠯᠤᠯ᠎ᠤᠨ ᠰᠤᠲᠤᠯᠭᠠᠨ᠎ᠤ ᠨᠡᠢᠬᠡᠮᠯᠢᠭ᠎ᠤᠨ ᠤᠤᠯ᠎ᠤᠨ ᠭᠡᠷᠡᠭ ᠡᠷᠬᠢᠯᠡᠭ᠌ᠴᠢᠳ᠎ᠤᠨ ᠲᠠᠷᠤᠭ᠎ᠠ ᠰᠦ᠋ ᠪᠢᠩ ᠴᠢ 《ᠲᠤᠮᠲᠠᠲᠦ ᠤᠯᠤᠰ᠎ᠤᠨ ᠪᠤᠯᠪᠠᠰᠤᠨ᠎ᠤ ᠡᠬᠦᠰᠦᠯ᠎ᠤᠨ ᠱᠢᠨ᠎ᠡ ᠬᠠᠢᠯᠲᠠ》 ᠭᠡᠮᠡᠬᠦ᠌ ᠨᠤᠮ᠎ᠳᠠᠭᠠᠨ ᠱᠢᠩ ᠯᠦᠩ ᠸᠠ᠎ᠶ᠋ᠢᠨ ᠪᠠᠭᠤᠷᠢ᠎ᠶ᠋ᠢᠨ ᠲᠤᠬᠠᠢ 《ᠤᠯᠠᠭᠠᠨᠬᠠᠲᠠ ᠬᠤᠲᠠ᠎ᠶ᠋ᠢᠨ ᠱᠢᠩ ᠯᠦᠩ ᠸᠠ᠎ᠶ᠋ᠢᠨ ᠪᠠᠭᠤᠷᠢ᠎ᠨᠢ ᠤᠪᠤᠭ ᠤᠬ᠍ᠰᠠᠭᠠᠨ᠎ᠤ ᠨᠡᠢᠬᠡᠮ᠎ᠠᠴᠠ ᠤᠯᠤᠰ ᠲᠡᠢᠰᠢ ᠬᠦᠭ᠌ᠵᠢᠭ᠌ᠰᠡᠨ ᠡᠷᠬᠢᠯᠳᠡ᠎ᠶ᠋ᠢᠨ ᠴᠡᠭ ᠪᠤᠯᠵᠠᠢ᠂ ᠲᠡᠬᠦᠨ᠎ᠤ ᠪᠤᠯᠪᠠᠰᠤᠨ᠎ᠤ ᠡᠬᠦᠰᠦᠯ᠎ᠨᠢ ᠲᠦᠮᠡᠨ ᠵᠢᠯ᠎ᠠᠴᠠ ᠬᠡᠲᠦᠷᠡᠵᠦ᠍᠂ ᠨᠡᠢᠬᠡᠮ᠎ᠤᠨ ᠬᠤᠪᠢᠶᠠᠷᠢᠯᠠᠯᠲᠠ᠎ᠨᠢ ᠲᠤᠮᠲᠠᠲᠦ ᠤᠷᠤᠨ᠎ᠠᠴᠠ ᠡᠷᠳᠡ ᠪᠠᠢᠬ᠍ᠰᠠᠨ ᠶᠤᠮ》 ᠭᠡᠵᠦ᠍ ᠪᠢᠴᠢᠭ᠌ᠰᠡᠨ ᠪᠠᠢᠲᠠᠭ᠃


3820123_xiangt_1609138116847.jpg


ᠬᠠᠰ᠎ᠤᠨ ᠰᠤᠶᠤᠯ᠎ᠤᠨ ᠡᠬᠦᠰᠦᠯ᠎ᠤᠨ ᠪᠠᠲᠤᠲᠠᠢ ᠭᠡᠷᠡᠴᠢ

1992 ᠤᠨ᠎ᠤ ᠨᠠᠮᠤᠷ᠂ ᠱᠢᠩ ᠯᠦᠩ ᠸᠠ᠎ᠶ᠋ᠢᠨ ᠪᠠᠭᠤᠷᠢ᠎ᠶ᠋ᠢᠨ 117 ᠳ᠋ᠤᠭᠠᠷ ᠤᠩᠭᠤᠨ᠎ᠳᠠᠬᠢ ᠤᠩᠭᠤᠨ᠎ᠤ ᠡᠵᠡᠨ᠎ᠤ ᠬᠤᠶᠠᠷ ᠲᠠᠯ᠎ᠠ᠎ᠠᠴᠠ ᠬᠤᠤᠰ ᠬᠠᠰ ᠡᠬᠡᠮᠦᠭ᠎ᠢ ᠢᠯᠡᠷᠡᠬᠦᠯᠦᠭ᠌ᠰᠡᠨ ᠪᠠᠢᠨ᠎ᠠ᠃ 1994 ᠤᠨ᠎ᠤ 10 ᠰᠠᠷ᠎ᠠ᠎ᠳᠤ᠂ 135 ᠳ᠋ᠤᠭᠠᠷ ᠤᠩᠭᠤᠨ᠎ᠠᠴᠠ ᠮᠦᠨ ᠨᠠᠷᠢᠯᠢᠭ ᠤᠷᠠᠯᠠᠨ ᠪᠦᠲᠦᠭᠡᠭ᠌ᠰᠡᠨ ᠳ᠋ᠢᠶᠠᠮᠧᠳ᠋ᠷ᠎ᠨᠢ 6 ᠰᠡᠨᠲ᠋ᠢᠮᠧᠲᠷ᠎ᠤᠨ ᠬᠤᠤᠰ ᠡᠬᠡᠮᠦᠭ᠎ᠢ ᠢᠯᠡᠷᠡᠬᠦᠯᠦᠭ᠌ᠰᠡᠨ ᠪᠠᠢᠨ᠎ᠠ᠃ ᠮᠦᠨ ᠪᠠᠰᠠ ᠲᠤᠰ ᠪᠠᠭᠤᠷᠢ᠎ᠶ᠋ᠢᠨ 7 ᠳ᠋ᠤᠭᠠᠷ ᠤᠩᠭᠤᠨ᠎ᠳᠠᠬᠢ ᠤᠩᠭᠤᠨ᠎ᠤ ᠡᠵᠡᠨ᠎ᠤ ᠵᠡᠬᠦᠨ ᠮᠦᠷᠦ᠍ ᠪᠠ ᠪᠠᠷᠠᠭᠤᠨ ᠴᠠᠷᠪᠠᠭᠤ᠎ᠶ᠋ᠢᠨ ᠶᠠᠰᠦᠨ᠎ᠠᠴᠠ ᠲᠤᠰ ᠲᠤᠰ ᠨᠢᠬᠡ ᠬᠠᠰ ᠵᠠᠰᠠᠯ᠎ᠢ ᠤᠯᠤᠬ᠍ᠰᠠᠨ ᠪᠠᠢᠨ᠎ᠠ ᠁ ᠲᠤᠰ ᠪᠠᠭᠤᠷᠢ᠎ᠠᠴᠠ ᠢᠯᠡᠷᠡᠬᠦᠯᠦᠭ᠌ᠰᠡᠨ ᠬᠠᠰ ᠰᠦᠬᠡ᠂ ᠬᠠᠰ ᠡᠬᠡᠮᠦᠭ ᠵᠡᠷᠭᠡ 100 ᠭᠠᠷᠤᠢ ᠬᠠᠰ᠎ᠤᠨ ᠡᠳ᠋ᠯᠡᠯ ᠭᠡᠷᠡᠭ᠌ᠰᠡᠯ ᠪᠤᠯ ᠪᠦᠷ ᠤᠲᠤ᠎ᠠᠴᠠ 8200 ᠵᠢᠯ᠎ᠠᠴᠠ 7400 ᠵᠢᠯ᠎ᠤᠨ ᠡᠮᠦᠨᠡᠬᠢ ᠪᠤᠲᠠᠰ ᠪᠠᠢᠵᠦ᠍᠂ ᠤᠲᠤᠬᠠᠨ ᠪᠤᠯᠲᠠᠯ᠎ᠠ ᠮᠡᠳᠡᠭᠡᠳ ᠪᠠᠢᠭ᠎ᠠ ᠲᠤᠮᠲᠠᠲᠦ ᠤᠯᠤᠰ᠎ᠤᠨ ᠤᠨ ᠵᠢᠯ᠎ᠢᠶᠠᠷ ᠬᠠᠮᠤᠭ᠎ᠤᠨ ᠡᠷᠳᠡᠨ᠎ᠤ ᠬᠠᠰ ᠡᠳ᠋ᠯᠡᠯ ᠪᠤᠯᠤᠬ᠍ᠰᠠᠨ ᠪᠠᠢᠨ᠎ᠠ᠃


3820125_xiangt_1609138117536_m.jpg


ᠬᠠᠰ ᠡᠳ᠋ᠯᠡᠯ᠎ᠠᠴᠠ ᠭᠠᠲᠠᠨ᠎ᠠ ᠱᠢᠩ ᠯᠦᠩ ᠸᠠ᠎ᠶ᠋ᠢᠨ ᠪᠠᠭᠤᠷᠢ᠎ᠠᠴᠠ ᠪᠠᠰᠠ ᠸᠠᠭᠠᠷ ᠰᠠᠪᠠ᠂ ᠪᠤᠲᠤᠩ᠂ ᠪᠠᠭ᠍ᠪᠦᠷ ᠵᠢᠴᠢ ᠴᠢᠯᠠᠭᠤᠨ ᠵᠡᠪᠰᠡᠭ᠎ᠢ ᠢᠯᠡᠷᠡᠬᠦᠯᠵᠡᠢ᠃ ᠱᠢᠩ ᠯᠦᠩ ᠸᠠ᠎ᠶ᠋ᠢᠨ ᠪᠠᠯᠠᠷ ᠡᠷᠳᠡᠨ᠎ᠤ ᠬᠦᠮᠦᠰ ᠭᠤᠤᠯᠲᠠᠭᠤ ᠴᠢᠯᠠᠭᠤᠨ ᠪᠠᠭᠠᠵᠢ᠎ᠶ᠋ᠢ ᠭᠡᠷᠡᠭ᠌ᠯᠡᠵᠦ᠍ ᠪᠠᠢᠬ᠍ᠰᠠᠨ ᠶᠤᠮ᠂ ᠲᠤᠰ ᠪᠠᠭᠤᠷᠢ᠎ᠠᠴᠠ ᠭᠤᠤᠯᠲᠠᠭᠤ ᠭᠠᠵᠠᠷ ᠮᠠᠯᠲᠠᠬᠤ᠎ᠳᠤ ᠭᠡᠷᠡᠭ᠌ᠯᠡᠵᠦ᠍ ᠪᠠᠢᠬ᠍ᠰᠠᠨ ᠴᠢᠯᠠᠭᠤᠨ ᠠᠷᠴᠢᠭᠤᠷ᠂ ᠴᠢᠯᠠᠭᠤᠨ ᠬᠦᠷᠵᠡ᠂ ᠴᠢᠯᠠᠭᠤᠨ ᠰᠦᠬᠡ᠂ ᠴᠢᠯᠠᠭᠤᠨ ᠤᠭᠤᠯᠢ᠂ ᠴᠢᠯᠠᠭᠤᠨ ᠲᠡᠭᠡᠷᠮ᠎ᠡ᠂ ᠴᠢᠯᠠᠭᠤᠨ ᠱᠢᠲᠠᠮ ᠵᠡᠷᠭᠡ᠎ᠶ᠋ᠢ ᠢᠯᠡᠷᠡᠬᠦᠯᠦᠭ᠌ᠰᠡᠨ ᠪᠠᠢᠨ᠎ᠠ᠃ ᠡᠬᠦᠨ᠎ᠳᠤ ᠶᠠᠰᠦᠨ ᠡᠱᠢᠨ ᠲᠤᠲᠤᠷ᠎ᠠ ᠴᠢᠯᠠᠭᠤ ᠱᠢᠬᠢᠳᠭᠡᠵᠦ᠍ ᠪᠦᠲᠦᠭᠡᠭ᠌ᠰᠡᠨ ᠬᠢᠲᠤᠭ᠎ᠠ᠎ᠨᠢ ᠤᠮᠠᠷᠠᠲᠦ᠎ᠶ᠋ᠢᠨ ᠨᠠᠷᠢᠯᠢᠭ ᠴᠢᠯᠠᠭᠤᠨ ᠵᠡᠪᠰᠡᠭ᠎ᠤᠨ ᠤᠯᠠᠮᠵᠢᠯᠠᠯᠲᠦ ᠪᠦᠲᠦᠭᠡᠭ᠌ᠳᠡᠬᠦᠨ ᠪᠠᠢᠵᠦ᠍ ᠬᠠᠭᠤᠴᠢ ᠰᠤᠲᠤᠯᠤᠭᠠᠴᠢᠳ᠎ᠤᠨ ᠠᠩᠬᠠᠷᠤᠯ᠎ᠢ ᠲᠠᠲᠠᠭ᠍ᠰᠠᠨ ᠪᠠᠢᠲᠠᠭ᠃ ᠡᠳᠡᠭᠡᠷ᠎ᠠᠴᠠ ᠭᠠᠲᠠᠨ᠎ᠠ᠂ ᠲᠤᠰ ᠪᠠᠭᠤᠷᠢ᠎ᠳᠤ ᠠᠷᠢᠶᠠᠲᠠᠨ᠎ᠤ ᠠᠷᠠᠰᠦ᠎ᠶ᠋ᠢ ᠪᠤᠯᠪᠠᠰᠤᠷᠠᠭᠤᠯᠵᠦ᠍ ᠡᠳ᠋ᠱᠢᠬᠦᠯᠬᠦ᠌᠎ᠳᠤ ᠭᠡᠷᠡᠭ᠌ᠯᠡᠳᠡᠭ ᠴᠢᠯᠠᠭᠤᠨ ᠬᠢᠲᠤᠭ᠎ᠠ ᠪᠠ ᠵᠢᠭᠠᠰᠦ ᠠᠩᠨᠠᠬᠤ ᠪᠠᠭᠠᠵᠢ ᠭᠡᠷᠡᠭ᠌ᠰᠡᠯ ᠵᠢᠴᠢ ᠶᠠᠰᠦᠨ ᠱᠢᠪᠦᠭᠡ᠂ ᠶᠠᠰᠦᠨ ᠵᠡᠬᠦᠦ ᠵᠡᠷᠭᠡ ᠦᠷᠦᠵᠦ᠍ ᠦᠢᠯᠡᠲᠦᠭ᠌ᠰᠡᠨ ᠨᠠᠷᠢᠯᠢᠭ ᠶᠠᠰᠦᠨ ᠡᠳ᠋ᠯᠡᠯ ᠤᠯᠠᠨ ᠪᠠᠢᠪᠠ᠃ ᠠᠮᠤ ᠪᠤᠲᠠᠭ᠎ᠠ᠎ᠶ᠋ᠢ ᠪᠤᠯᠪᠠᠰᠤᠷᠠᠭᠤᠯᠬᠤ᠂ ᠲᠠᠷᠢᠮᠠᠯ᠎ᠤᠨ ᠬᠠᠯᠢᠰᠦ᠎ᠶ᠋ᠢ ᠬᠠᠭᠤᠯᠬᠤ᠂ ᠲᠡᠬᠦᠭ᠌ᠰᠡᠨ ᠤᠷᠭᠤᠮᠠᠯ᠎ᠤᠨ ᠦᠷ᠎ᠡ᠎ᠶ᠋ᠢ ᠪᠤᠯᠪᠠᠰᠤᠷᠠᠭᠤᠯᠬᠤ᠎ᠳᠤ ᠭᠡᠷᠡᠭ᠌ᠯᠡᠵᠦ᠍ ᠪᠠᠢᠬ᠍ᠰᠠᠨ ᠴᠢᠯᠠᠭᠤᠨ ᠲᠡᠭᠡᠷᠮ᠎ᠡ ᠪᠠ ᠴᠢᠯᠠᠭᠤᠨ ᠱᠢᠲᠠᠮ ᠵᠡᠷᠭᠡ᠎ᠨᠢ ᠪᠠᠯᠠᠷ ᠡᠷᠳᠡᠨ᠎ᠤ ᠦᠢᠯᠡᠳᠪᠦᠷᠢᠯᠡᠯ᠎ᠤᠨ ᠪᠠᠢᠲᠠᠯ᠎ᠢ ᠲᠤᠰᠭᠠᠵᠦ᠍᠂ ᠪᠠᠯᠠᠷ ᠡᠷᠳᠡᠨ᠎ᠤ ᠨᠡᠢᠬᠡᠮ᠎ᠤᠨ ᠦᠢᠯᠡᠳᠪᠦᠷᠢᠯᠡᠯ᠎ᠤᠨ ᠬᠦᠴᠦᠨ᠂ ᠦᠢᠯᠡᠳᠪᠦᠷᠢᠯᠡᠯ᠎ᠤᠨ ᠬᠠᠷᠢᠴᠠᠭ᠎ᠠ ᠵᠡᠷᠭᠡ᠎ᠶ᠋ᠢ ᠰᠤᠲᠤᠯᠬᠤ᠎ᠳᠤ ᠪᠠᠰᠠ ᠴᠦ᠍ ᠬᠤᠪᠤᠷ ᠮᠠᠲ᠋ᠧᠷᠢᠶᠠᠯ ᠪᠤᠯᠤᠬ᠍ᠰᠠᠨ ᠶᠤᠮ᠃


3820126_lity_1609144715128_m.jpg


ᠱᠢᠩ ᠯᠦᠩ ᠸᠠ᠎ᠶ᠋ᠢᠨ ᠪᠠᠭᠤᠷᠢ᠎ᠨᠢ ᠤᠮᠠᠷᠠᠲᠦ᠎ᠶ᠋ᠢᠨ ᠭᠠᠵᠠᠷ ᠤᠷᠤᠨ᠎ᠤ ᠱᠢᠨ᠎ᠡ ᠴᠢᠯᠠᠭᠤᠨ ᠵᠡᠪᠰᠡᠭ᠎ᠤᠨ ᠦᠶ᠎ᠡ᠎ᠶ᠋ᠢᠨ ᠰᠠᠭᠤᠷᠢᠱᠢᠯ᠎ᠤᠨ ᠬᠡᠯᠪᠡᠷᠢ᠎ᠶ᠋ᠢ ᠰᠤᠲᠤᠯᠬᠤ᠎ᠳᠤ ᠪᠤᠲᠠᠲᠦ ᠮᠠᠲ᠋ᠧᠷᠢᠶᠠᠯ ᠬᠠᠩᠭᠠᠵᠦ᠍᠂ ᠢᠯᠡᠷᠡᠬᠦᠯᠦᠭ᠌ᠰᠡᠨ ᠬᠠᠰ᠎ᠤᠨ ᠡᠳ᠋ᠯᠡᠯ᠎ᠨᠢ ᠲᠤᠮᠲᠠᠲᠦ ᠤᠯᠤᠰ᠎ᠤᠨ ᠬᠠᠰ᠎ᠤᠨ ᠰᠤᠶᠤᠯ᠎ᠤᠨ ᠡᠬᠦᠰᠦᠯ᠎ᠢ ᠬᠠᠢᠬᠤ᠎ᠳᠤ ᠪᠤᠲᠠᠲᠦ ᠭᠡᠷᠡᠴᠢ ᠪᠤᠯᠵᠦ᠍᠂ ᠶᠡᠭᠡ ᠬᠡᠮᠵᠢᠶᠡᠨ᠎ᠤ ᠠᠮᠢᠲᠠᠨ᠎ᠤ ᠠᠷᠠᠭ ᠶᠠᠰᠦ᠎ᠨᠢ ᠱᠢᠩ ᠯᠦᠩ ᠸᠠ᠎ᠶ᠋ᠢᠨ ᠡᠷᠳᠡᠨ᠎ᠤ ᠬᠦᠮᠦᠰ ᠠᠩ ᠠᠩᠨᠠᠵᠦ᠍ ᠠᠮᠢᠲᠤᠷᠠᠵᠦ᠍ ᠪᠠᠢᠬ᠍ᠰᠠᠨ᠎ᠤ ᠪᠡᠯᠭᠡ ᠲᠡᠮᠳᠡᠭ ᠪᠤᠯᠤᠬ᠍ᠰᠠᠨ ᠪᠠᠢᠨ᠎ᠠ᠃ ᠨᠡᠩ ᠴᠦ᠍ ᠪᠠᠭᠤᠷᠢ᠎ᠠᠴᠠ ᠤᠯᠲᠠᠬ᠍ᠰᠠᠨ ᠬᠢᠰᠤᠭ᠎ᠠ᠎ᠶ᠋ᠢᠨ ᠬᠤᠶᠠᠭ᠎ᠨᠢ ᠱᠢᠩ ᠯᠦᠩ ᠸᠠ᠎ᠶ᠋ᠢᠨ ᠪᠠᠯᠠᠷ ᠡᠷᠳᠡᠨ᠎ᠤ ᠬᠦᠮᠦᠰ᠎ᠤᠨ ᠲᠤᠲᠤᠭᠠᠲᠦ ᠤᠷᠤᠨ᠂ ᠴᠠᠭᠠᠱᠢᠯᠠᠪᠠᠯ ᠲᠠᠯᠠᠢ ᠲᠠᠭᠠᠦ ᠤᠷᠤᠨ᠎ᠲᠠᠢ ᠰᠤᠯᠢᠯᠴᠠᠭ᠎ᠠ ᠶᠠᠪᠤᠯᠴᠠᠭ᠎ᠠ ᠦᠷᠨᠢᠬᠦᠯᠵᠦ᠍ ᠪᠠᠢᠬ᠍ᠰᠠᠨ᠎ᠤ ᠪᠠᠲᠤᠲᠠᠢ ᠭᠡᠷᠡᠴᠢ ᠪᠤᠯᠤᠬ᠍ᠰᠠᠨ ᠪᠢᠯᠡ᠃


3820127_lity_1609143239759_m.jpg


ᠤᠮᠠᠷᠠᠲᠦ᠎ᠶ᠋ᠢᠨ ᠭᠤᠷᠪᠠᠨ ᠶᠡᠭᠡ ᠰᠤᠶᠤᠯ᠎ᠤᠨ ᠱᠢᠰᠲ᠋ᠧᠮ᠎ᠤᠨ ᠨᠢᠬᠡ

ᠱᠢᠩ ᠯᠦᠩ ᠸᠠ᠎ᠶ᠋ᠢᠨ ᠰᠤᠶᠤᠯ ᠪᠤᠯ ᠤᠮᠠᠷᠠᠲᠦ᠎ᠶ᠋ᠢᠨ ᠭᠤᠷᠪᠠᠨ ᠶᠡᠭᠡ ᠰᠤᠶᠤᠯ᠎ᠤᠨ ᠱᠢᠰᠲ᠋ᠧᠮ᠎ᠤᠨ ᠨᠢᠬᠡ ᠮᠦᠨ᠂ ᠱᠢᠩ ᠯᠦᠩ ᠸᠠ᠎ᠶ᠋ᠢᠨ ᠪᠠᠭᠤᠷᠢ᠎ᠶ᠋ᠢ ᠢᠯᠡᠷᠡᠬᠦᠯᠦᠭ᠌ᠰᠡᠨ᠎ᠨᠢ ᠦᠪᠦᠷ ᠮᠤᠩᠭᠤᠯ ᠭᠠᠵᠠᠷ ᠤᠷᠤᠨ᠎ᠤ ᠱᠢᠨ᠎ᠡ ᠴᠢᠯᠠᠭᠤᠨ ᠵᠡᠪᠰᠡᠭ᠎ᠤᠨ ᠦᠶ᠎ᠡ᠎ᠶ᠋ᠢᠨ ᠰᠤᠶᠤᠯ᠎ᠤᠨ ᠢᠷᠡᠯ ᠡᠬᠦᠰᠦᠯ᠎ᠢ ᠬᠠᠷᠠᠭᠤᠯᠵᠦ᠍᠂ ᠬᠤᠩᠱᠠᠨ ᠰᠤᠶᠤᠯ᠎ᠤᠨ ᠡᠬᠦᠰᠦᠯ᠎ᠤᠨ ᠠᠰᠠᠭᠤᠲᠠᠯ᠎ᠢ ᠱᠢᠢᠳᠪᠦᠷᠢᠯᠡᠵᠦ᠍᠂ ᠴᠠᠭᠠᠨ ᠭᠡᠷᠡᠮ᠎ᠤᠨ ᠪᠦᠰᠡ᠎ᠶ᠋ᠢᠨ ᠵᠡᠬᠦᠨ ᠭᠡᠰᠡᠭ᠎ᠤᠨ ᠱᠢᠨ᠎ᠡ ᠴᠢᠯᠠᠭᠤᠨ ᠵᠡᠪᠰᠡᠭ᠎ᠤᠨ ᠦᠶ᠎ᠡ᠎ᠶ᠋ᠢᠨ ᠰᠤᠶᠤᠯ᠎ᠤᠨ ᠤᠨᠴᠠᠯᠢᠭ᠎ᠢ ᠲᠤᠲᠤᠷᠬᠠᠢᠯᠠᠵᠦ᠍᠂ ᠲᠤᠰ ᠭᠠᠵᠠᠷ ᠤᠷᠤᠨ᠎ᠤ ᠰᠤᠶᠤᠯ᠎ᠤᠨ ᠬᠠᠲᠤᠨ ᠭᠤᠤᠯ᠎ᠤᠨ ᠰᠠᠪᠠ ᠭᠠᠵᠠᠷ᠎ᠤᠨ ᠱᠢᠨ᠎ᠡ ᠴᠢᠯᠠᠭᠤᠨ ᠵᠡᠪᠰᠡᠭ᠎ᠤᠨ ᠦᠶ᠎ᠡ᠎ᠶ᠋ᠢᠨ ᠰᠤᠶᠤᠯ᠎ᠯᠤᠭ᠎ᠠ ᠵᠡᠷᠭᠡᠴᠡᠨ ᠤᠷᠤᠱᠢᠵᠦ᠍ ᠬᠠᠷᠢᠯᠴᠠᠨ ᠨᠦᠯᠦᠬᠡᠯᠡᠭ᠌ᠰᠡᠨ ᠲᠡᠦᠭᠡ᠎ᠶ᠋ᠢᠨ ᠪᠠᠢᠷᠢ ᠰᠠᠭᠤᠷᠢ᠎ᠶ᠋ᠢ ᠲᠤᠲᠤᠷᠬᠠᠢᠯᠠᠬ᠍ᠰᠠᠨ᠎ᠤ ᠬᠠᠮᠲᠦ ᠪᠦᠬᠦ᠋ᠢᠯᠡ ᠵᠡᠬᠦᠨ ᠬᠤᠢᠲᠦ᠎ᠶ᠋ᠢᠨ ᠭᠠᠵᠠᠷ ᠤᠷᠤᠨ᠎ᠤ ᠰᠤᠶᠤᠯ᠎ᠤᠨ ᠬᠦᠭ᠌ᠵᠢᠯᠳᠡ᠎ᠳᠤ ᠬᠦᠴᠦᠳᠡᠢ ᠲᠦᠯᠬᠢᠬᠦ᠌ ᠦᠢᠯᠡᠲᠦᠯ ᠦᠵᠡᠬᠦᠯᠦᠭ᠌ᠰᠡᠨ ᠪᠠᠢᠨ᠎ᠠ᠃

ᠱᠢᠩ ᠯᠦᠩ ᠸᠠ᠎ᠶ᠋ᠢᠨ ᠪᠠᠭᠤᠷᠢ᠎ᠠᠴᠠ ᠪᠠᠷᠠᠭᠤᠨ ᠬᠤᠢᠰᠢ ᠪᠠᠷᠤᠭ 13 ᠺᠢᠯᠤᠮᠧᠳ᠋ᠷ᠎ᠤᠨ ᠵᠠᠢ᠎ᠳᠤ᠂ ᠬᠠᠭᠤᠴᠢ ᠰᠤᠲᠤᠯᠤᠭᠠᠴᠢᠳ ᠪᠠᠰᠠ ᠱᠢᠩ ᠯᠦᠩ ᠸᠠ᠎ᠶ᠋ᠢᠨ ᠰᠤᠶᠤᠯ᠎ᠤᠨ ᠬᠤᠶᠠᠲᠤᠭᠠᠷ ᠬᠤᠭᠤᠴᠠᠭᠠᠨ᠎ᠤ ᠲᠤᠰᠭᠤᠨ᠎ᠤ ᠪᠠᠭᠤᠷᠢ᠎ᠶ᠋ᠢ ᠢᠯᠡᠷᠡᠬᠦᠯᠦᠭ᠌ᠰᠡᠨ ᠪᠠᠢᠨ᠎ᠠ᠃ ᠲᠤᠮᠲᠠᠲᠦ ᠤᠯᠤᠰ᠎ᠤᠨ ᠨᠡᠢᠬᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠬᠠᠭᠤᠴᠢ ᠰᠤᠲᠤᠯᠤᠯ᠎ᠤᠨ ᠰᠤᠲᠤᠯᠭᠠᠨ᠎ᠤ ᠭᠠᠵᠠᠷ᠎ᠨᠢ ᠲᠤᠰ ᠪᠠᠭᠤᠷᠢ᠎ᠳᠤ 2 ᠤᠲᠠᠭᠠᠨ᠎ᠤ ᠬᠠᠭᠤᠴᠢ ᠰᠤᠲᠤᠯᠤᠯ᠎ᠤᠨ ᠠᠭᠤᠲᠠᠯᠤᠯᠲᠠ ᠬᠢᠵᠦ᠍᠂ ᠪᠠᠯᠠᠷ ᠡᠷᠳᠡᠨ᠎ᠤ ᠨᠡᠢᠬᠡᠮ᠎ᠤᠨ ᠲᠡᠰ ᠲᠠᠪᠬᠤᠷᠭ᠎ᠠ ᠪᠠ ᠱᠠᠱᠢᠨ ᠱᠢᠲᠦᠯᠭᠡ᠎ᠶ᠋ᠢᠨ ᠲᠤᠬᠠᠢ ᠱᠢᠨ᠎ᠡ ᠮᠠᠲ᠋ᠧᠷᠢᠶᠠᠯ᠎ᠤᠳ᠎ᠢ ᠢᠯᠡᠷᠡᠬᠦᠯᠦᠭ᠌ᠰᠡᠨ ᠪᠠᠢᠨ᠎ᠠ᠃ ᠲᠤᠬᠠᠢᠯᠠᠪᠠᠯ᠂ ᠠᠳᠡ ᠠᠮᠢᠲᠤᠷᠠᠵᠦ᠍ ᠪᠠᠢᠬ᠍ᠰᠠᠨ ᠡᠷᠳᠡᠨ᠎ᠤ ᠬᠦᠮᠦᠰ᠎ᠲᠤ ᠵᠡᠷᠭᠡ ᠲᠡᠰ᠎ᠤᠨ ᠢᠯᠭᠠᠭ᠎ᠠ᠎ᠲᠠᠢ ᠪᠠᠢᠵᠦ᠍᠂ ᠵᠠᠷᠢᠮ ᠭᠡᠷ ᠪᠠᠢᠱᠢᠩ᠎ᠨᠢ ᠬᠠᠮᠤᠭ᠎ᠤᠨ ᠪᠦᠷᠢᠨ ᠪᠦᠲᠦᠨ᠎ᠢᠶᠠᠷ᠎ᠢᠶᠠᠨ ᠦᠯᠡᠳᠡᠭ᠌ᠰᠡᠨ ᠪᠦᠬᠡᠳ ᠢᠯᠡᠷᠡᠬᠦᠯᠦᠭ᠌ᠰᠡᠨ ᠪᠤᠲᠠᠰ᠎ᠨᠢ ᠤᠯᠠᠨ᠂ ᠬᠠᠭᠤᠴᠢ ᠰᠤᠲᠤᠯᠤᠯ᠎ᠤᠨ ᠦᠨ᠎ᠡ ᠦᠷᠳᠡᠭ᠎ᠢᠶᠠᠷ ᠦᠨᠲᠦᠷ ᠪᠠᠢᠲᠠᠭ᠃ ᠬᠠᠭᠤᠴᠢ ᠰᠤᠲᠤᠯᠤᠯ᠎ᠤᠨ ᠠᠭᠤᠲᠠᠯᠤᠯᠲᠠ ᠲᠤᠮᠲᠠ ᠰᠤᠲᠤᠯᠤᠭᠠᠴᠢᠳ ᠪᠠᠰᠠ ᠮᠠᠩᠨᠠᠢ ᠲᠤᠮᠲᠠ᠎ᠪᠠᠨ ᠨᠦᠬᠡ᠎ᠲᠠᠢ ᠠᠮᠢᠲᠠᠨ᠎ᠤ ᠲᠤᠯᠤᠭᠠᠢ᠎ᠶ᠋ᠢᠨ ᠶᠠᠰᠦ᠂ ᠬᠢᠰᠤᠭ᠎ᠠ᠎ᠶ᠋ᠢᠨ ᠬᠤᠶᠠᠭ᠎ᠢ ᠱᠢᠬᠢᠳᠭᠡᠭ᠌ᠰᠡᠨ ᠨᠢᠭᠤᠷ᠎ᠤᠨ ᠵᠠᠰᠠᠯ ᠵᠡᠷᠭᠡ᠎ᠶ᠋ᠢ ᠢᠯᠡᠷᠡᠬᠦᠯᠵᠡᠢ᠂ ᠡᠳᠡᠭᠡᠷ ᠪᠤᠲᠠᠰ᠎ᠨᠢ 8000 ᠵᠢᠯ᠎ᠤᠨ ᠡᠮᠦᠨᠡᠬᠢ ᠪᠠᠯᠠᠷ ᠡᠷᠳᠡᠨ᠎ᠤ ᠱᠠᠱᠢᠨ ᠱᠢᠲᠦᠯᠭᠡ᠎ᠶ᠋ᠢ ᠰᠤᠲᠤᠯᠬᠤ᠎ᠳᠤ ᠴᠢᠬᠤᠯᠠ ᠮᠠᠲ᠋ᠧᠷᠢᠶᠠᠯ ᠪᠠ ᠪᠤᠲᠠᠲᠦ ᠭᠡᠷᠡᠴᠢ ᠪᠤᠯᠤᠬ᠍ᠰᠠᠨ ᠪᠠᠢᠨ᠎ᠠ᠃

ᠱᠢᠩ ᠯᠦᠩ ᠸᠠ᠎ᠶ᠋ᠢᠨ ᠰᠤᠶᠤᠯ᠎ᠨᠢ ᠬᠠᠭᠤᠴᠢ ᠰᠤᠲᠤᠯᠤᠯ᠎ᠤᠨ ᠴᠢᠬᠤᠯᠠ ᠢᠯᠡᠷᠡᠬᠦᠯᠦᠯᠳᠡ᠎ᠶ᠋ᠢᠨ ᠬᠤᠪᠢ᠎ᠪᠠᠷ ᠠᠦᠬᠠᠨ ᠬᠤᠱᠢᠭᠤ᠎ᠶ᠋ᠢ ᠲᠡᠯᠡᠭᠡᠢ᠎ᠳᠤ ᠲᠠᠨᠢᠭᠤᠯᠤᠬ᠍ᠰᠠᠨ ᠪᠦᠬᠡᠳ ᠲᠤᠰ ᠬᠤᠱᠢᠭᠤ᠎ᠳᠤ ᠬᠦᠭ᠌ᠵᠢᠯᠳᠡ᠎ᠶ᠋ᠢᠨ ᠱᠢᠨ᠎ᠡ ᠪᠤᠯᠤᠮᠵᠢ᠎ᠶ᠋ᠢ ᠠᠪᠴᠢᠷᠠᠭ᠍ᠰᠠᠨ ᠶᠤᠮ᠃ ᠤᠢᠷ᠎ᠠ᠎ᠶ᠋ᠢᠨ ᠵᠢᠯ ᠠᠩᠭ᠌ᠯᠢ᠂ ᠠᠮᠧᠷᠢᠺᠠ᠂ ᠤᠷᠤᠰ᠂ ᠹᠷᠠᠨᠼᠢ᠂ ᠠᠦ᠋ᠰᠳ᠋ᠷᠠᠯᠢᠶ᠎ᠠ᠂ ᠺᠤᠷᠢᠶᠠ ᠵᠡᠷᠭᠡ ᠤᠯᠤᠰ᠎ᠤᠨ ᠲᠤᠰᠭᠠᠢ ᠮᠡᠷᠭᠡᠵᠢᠯᠳᠡᠳ ᠱᠢᠩ ᠯᠦᠩ ᠸᠠ᠎ᠶ᠋ᠢᠨ ᠰᠤᠶᠤᠯ᠎ᠢ ᠲᠦᠢᠯ᠎ᠢᠶᠠᠷ ᠴᠢᠬᠤᠯᠠᠴᠢᠯᠠᠨ ᠦᠵᠡᠵᠦ᠍᠂ ᠠᠦᠬᠠᠨ ᠬᠤᠱᠢᠭᠤᠨ᠎ᠳᠤ ᠤᠯᠠᠨᠲᠠ ᠢᠷᠡᠵᠦ᠍ ᠪᠠᠢᠴᠠᠭᠠᠨ ᠰᠤᠲᠤᠯᠤᠯᠲᠠ ᠬᠢᠬᠦ᠌ ᠪᠤᠯᠤᠬ᠍ᠰᠠᠨ ᠶᠤᠮ᠃ ᠲᠤᠰ ᠪᠠᠭᠤᠷᠢ᠎ᠨᠢ ᠮᠦᠨ 1992 ᠤᠨ᠎ᠳᠤ ᠲᠤᠮᠲᠠᠲᠦ ᠤᠯᠤᠰ᠎ᠤᠨ ᠠᠷᠪᠠᠨ ᠶᠡᠭᠡ ᠬᠠᠭᠤᠴᠢ ᠰᠤᠲᠤᠯᠤᠯ᠎ᠤᠨ ᠱᠢᠨ᠎ᠡ ᠢᠯᠡᠷᠡᠬᠦᠯᠦᠯᠳᠡ᠎ᠶ᠋ᠢᠨ ᠨᠢᠬᠡ ᠪᠤᠯᠵᠦ᠍᠂ 1996 ᠤᠨ᠎ᠳᠤ ᠲᠦᠷᠦ᠎ᠶ᠋ᠢᠨ ᠶᠠᠪᠤᠲᠠᠯ᠎ᠤᠨ ᠬᠤᠷᠢᠶᠠᠨ᠎ᠠᠴᠠ ᠨᠡᠢᠳᠡᠯᠡᠭ᠌ᠰᠡᠨ ᠪᠦᠬᠦ᠌ ᠤᠯᠤᠰ᠎ᠤᠨ ᠴᠢᠬᠤᠯᠠ ᠲᠡᠦᠭᠡᠨ ᠲᠤᠷᠠᠰᠭᠠᠯᠲᠦ ᠵᠦᠢᠯᠡᠰ᠎ᠤᠨ ᠬᠠᠮᠠᠭᠠᠯᠠᠯᠲᠠ᠎ᠶ᠋ᠢᠨ ᠨᠢᠬᠡᠴᠢ᠂ 《ᠨᠠᠢ᠍ᠮᠠᠲᠤᠭᠠᠷ ᠲᠠᠪᠤᠨ ᠵᠢᠯ》 ᠎ᠤᠨ ᠲᠦᠯᠦᠪᠵᠢᠬᠦᠯᠬᠡ᠎ᠶ᠋ᠢᠨ ᠬᠤᠭᠤᠴᠠᠭᠠᠨ᠎ᠤ ᠪᠦᠬᠦ᠌ ᠤᠯᠤᠰ᠎ᠤᠨ ᠠᠷᠪᠠᠨ ᠬᠠᠭᠤᠴᠢ ᠰᠤᠲᠤᠯᠤᠯ᠎ᠤᠨ ᠱᠢᠨ᠎ᠡ ᠢᠯᠡᠷᠡᠬᠦᠯᠦᠯᠳᠡ᠂ ᠬᠤᠷᠢᠲᠤᠭᠠᠷ ᠵᠠᠭᠤᠨ᠎ᠤ ᠲᠤᠮᠲᠠᠲᠦ ᠤᠯᠤᠰ᠎ᠤᠨ ᠬᠠᠭᠤᠴᠢ ᠰᠤᠲᠤᠯᠤᠯ᠎ᠤᠨ ᠵᠠᠭᠤᠨ ᠲᠤᠮᠤ ᠢᠯᠡᠷᠡᠬᠦᠯᠦᠯᠳᠡ ᠵᠡᠷᠭᠡ᠎ᠪᠠᠷ ᠦᠨᠡᠯᠡᠭ᠌ᠳᠡᠭ᠌ᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号