2020 ᠤᠨ᠎ᠤ 12 ᠰᠠᠷ᠎ᠠ᠎ᠶ᠋ᠢᠨ 29 ᠤ ᠡᠲᠦᠷ᠂ ᠤᠯᠤᠰ᠎ᠤᠨ ᠲᠡᠦᠭᠡ᠎ᠶ᠋ᠢᠨ ᠲᠤᠷᠠᠰᠭᠠᠯ᠎ᠲᠦ ᠵᠦᠢᠯᠡᠰ᠎ᠤᠨ ᠲᠤᠪᠴᠢᠶ᠎ᠡ ᠪᠡᠭᠡᠵᠢᠩ ᠬᠤᠲᠠ᠎ᠳᠤ 《ᠲᠤᠮᠲᠠᠲᠦ ᠤᠯᠤᠰ᠎ᠤᠨ ᠬᠠᠭᠤᠴᠢ ᠰᠤᠲᠤᠯᠤᠯ》 ᠤᠨ ᠴᠢᠬᠤᠯᠠ ᠲᠦᠷᠦᠯ ᠵᠦᠢᠯ᠎ᠢ ᠠᠬᠢᠭᠤᠯᠬᠤ ᠠᠵᠢᠯ᠎ᠤᠨ ᠬᠤᠷᠠᠯ ᠬᠤᠷᠠᠯᠲᠤᠭᠤᠯᠵᠦ᠍᠂ ᠬᠤᠷᠠᠯ ᠲᠡᠭᠡᠷ᠎ᠡ᠎ᠪᠠᠨ ᠦᠪᠦᠷ ᠮᠤᠩᠭᠤᠯ᠎ᠤᠨ ᠾᠸᠦ ᠴᠧᠩ ᠵᠢᠦᠢ᠎ᠶ᠋ᠢᠨ ᠴᠢᠯᠠᠭᠤᠨ ᠬᠤᠲᠠ᠎ᠶ᠋ᠢᠨ ᠪᠠᠭᠤᠷᠢ᠂ ᠱᠠᠨᠳᠦ᠋ᠩ᠎ᠤᠨ ᠲᠧᠩ ᠵᠸᠦ᠎ᠶ᠋ᠢᠨ ᠭᠠᠩ ᠱᠠᠩ᠎ᠤᠨ ᠪᠠᠭᠤᠷᠢ᠂ ᠬᠤᠨᠠᠨ᠎ᠤ ᠬᠤᠸᠠ ᠷᠦᠩ᠎ᠤᠨ ᠴᠢ ᠱᠢᠩ ᠳ᠋ᠦᠨᠤ ᠪᠠᠭᠤᠷᠢ᠂ ᠬᠤᠨᠠᠨ᠎ᠤ ᠯᠢ ᠱᠢᠶᠠᠨ᠎ᠤ ᠰᠦᠨ ᠵᠢᠶᠠ ᠭᠠᠩ᠎ᠤᠨ ᠪᠠᠭᠤᠷᠢ ᠵᠡᠷᠭᠡ 4 ᠬᠠᠭᠤᠴᠢ ᠰᠤᠲᠤᠯᠤᠯ᠎ᠤᠨ ᠴᠢᠬᠤᠯᠠ ᠦᠷ᠎ᠡ ᠪᠦᠲᠦᠭᠡᠯ᠎ᠢ ᠵᠠᠷᠯᠠᠬ᠍ᠰᠠᠨ ᠪᠠᠢᠨ᠎ᠠ᠃

ᠾᠸᠦ ᠴᠧᠩ ᠵᠢᠦᠢ᠎ᠶ᠋ᠢᠨ ᠴᠢᠯᠠᠭᠤᠨ ᠬᠤᠲᠠ᠎ᠶ᠋ᠢᠨ ᠪᠠᠭᠤᠷᠢ ᠬᠦᠬᠡᠬᠤᠲᠠ᠎ᠶ᠋ᠢᠨ ᠴᠢᠩ ᠱᠦᠢ ᠾᠧ ᠱᠢᠶᠠᠨ᠎ᠤ ᠾᠸᠦ ᠴᠧᠩ ᠵᠢᠦᠢ ᠲᠤᠰᠭᠤᠨ᠎ᠳᠤ ᠪᠠᠢᠷᠢᠯᠠᠲᠠᠭ᠃ ᠴᠢᠯᠠᠭᠤᠨ ᠬᠤᠲᠠ᠎ᠨᠢ ᠪᠠᠷᠤᠭ 138 ᠲᠦᠮᠡᠨ ᠲᠡᠭ᠌ᠰᠢ ᠲᠦᠷᠪᠡᠯᠵᠢᠨ ᠮᠧᠲᠷ ᠲᠠᠯᠠᠪᠠᠢ᠎ᠲᠠᠢ᠂ ᠵᠡᠬᠦᠨᠰᠢ ᠪᠠᠷᠠᠭᠤᠨᠰᠢ ᠪᠠᠷᠤᠭ 1200 ᠮᠧᠲᠷ᠂ ᠡᠮᠦᠨᠡᠰᠢ ᠤᠮᠠᠷᠠᠰᠢ ᠪᠠᠷᠤᠭ 1150 ᠮᠧᠲᠷ ᠪᠠᠢᠵᠦ᠍᠂ ᠤᠲᠤᠬᠠᠨ ᠪᠤᠯᠲᠠᠯᠠᠬᠢ ᠮᠠᠨ᠎ᠤ ᠤᠷᠤᠨ᠎ᠤ ᠲᠤᠮᠲᠠ ᠡᠮᠦᠨ᠎ᠡ ᠭᠡᠰᠡᠭ᠎ᠤᠨ ᠨᠢᠬᠡᠨᠳᠡ ᠮᠡᠳᠡᠭᠡᠳ ᠪᠠᠢᠭ᠎ᠠ ᠬᠠᠮᠤᠭ᠎ᠤᠨ ᠲᠤᠮᠤ ᠪᠠᠯᠠᠷ ᠡᠷᠳᠡᠨ᠎ᠤ ᠬᠤᠲᠠ ᠪᠤᠯᠤᠬ᠍ᠰᠠᠨ ᠶᠤᠮ᠃
ᠲᠤᠰ ᠬᠤᠲᠠ᠎ᠨᠢ ᠬᠠᠯᠬᠠᠭ᠎ᠠ ᠬᠤᠲᠠ᠂ ᠭᠠᠲᠠᠷ ᠬᠤᠲᠠ᠂ ᠲᠤᠲᠤᠷ ᠬᠤᠲᠠ᠎ᠪᠠᠷ ᠪᠦᠷᠢᠯᠲᠦᠵᠡᠢ᠃ 2019 ᠤᠨ᠎ᠠᠴᠠ 2020 ᠤᠨ ᠪᠤᠯᠲᠠᠯ᠎ᠠ᠂ ᠦᠪᠡᠷᠳᠡᠭᠡᠨ ᠵᠠᠰᠠᠬᠤ ᠤᠷᠤᠨ᠎ᠤ ᠲᠡᠦᠭᠡ᠎ᠶ᠋ᠢᠨ ᠲᠤᠷᠠᠰᠭᠠᠯ᠎ᠲᠦ ᠵᠦᠢᠯᠡᠰ ᠬᠠᠭᠤᠴᠢ ᠰᠤᠲᠤᠯᠤᠯ᠎ᠤᠨ ᠰᠤᠲᠤᠯᠭᠠᠨ᠎ᠤ ᠭᠠᠵᠠᠷ᠎ᠨᠢ ᠾᠸᠦ ᠴᠧᠩ ᠵᠢᠦᠢ᠎ᠶ᠋ᠢᠨ ᠴᠢᠯᠠᠭᠤᠨ ᠬᠤᠲᠠ᠎ᠶ᠋ᠢᠨ ᠬᠠᠯᠬᠠᠭ᠎ᠠ ᠬᠤᠲᠠ᠎ᠶ᠋ᠢᠨ ᠭᠡᠰᠡᠭ᠎ᠲᠤ ᠬᠠᠭᠤᠴᠢ ᠰᠤᠲᠤᠯᠤᠯ᠎ᠤᠨ ᠠᠭᠤᠲᠠᠯᠤᠯᠲᠠ ᠬᠢᠭ᠌ᠰᠡᠨ ᠪᠠᠢᠨ᠎ᠠ᠃ ᠲᠤᠰ ᠪᠠᠭᠤᠷᠢ᠎ᠨᠢ ᠪᠤᠷᠤᠲᠤᠬᠤᠢ᠎ᠶ᠋ᠢᠨ ᠭᠠᠵᠠᠷ ᠤᠷᠤᠨ ᠪᠠ ᠲᠤᠮᠲᠠᠲᠦ ᠤᠷᠤᠨ᠎ᠤ ᠱᠢᠶᠠ ᠤᠯᠤᠰ ᠱᠠᠩ ᠤᠯᠤᠰ᠎ᠤᠨ ᠰᠤᠶᠤᠯ᠎ᠤᠨ ᠬᠠᠷᠢᠴᠠᠭ᠎ᠠ᠎ᠶ᠋ᠢ ᠰᠤᠲᠤᠯᠬᠤ᠎ᠳᠤ ᠬᠠᠭᠤᠴᠢ ᠰᠤᠲᠤᠯᠤᠯ᠎ᠤᠨ ᠴᠢᠬᠤᠯᠠ ᠮᠠᠲ᠋ᠧᠷᠢᠶᠠᠯ ᠬᠠᠩᠭᠠᠬ᠍ᠰᠠᠨ ᠪᠢᠯᠡ᠃