ᠣᠢᠷ᠎ᠠ᠎ᠳᠤ᠂ ᠰᠣᠶᠣᠯ ᠬᠢᠬᠡᠳ ᠵᠢᠭᠤᠯᠴᠢᠯᠠᠯ᠎ᠤᠨ ᠶᠠᠮᠤᠨ ᠲᠠᠪᠤᠳᠤᠭᠠᠷ ᠪᠦᠯᠦᠭ᠎ᠤᠨ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠦᠷᠦᠯ ᠵᠦᠢᠯ᠎ᠤᠨ ᠨᠡᠷᠡᠰ᠎ᠤᠨ ᠵᠢᠭ᠍ᠰᠠᠭᠠᠯᠲᠠ᠎ᠶ᠋ᠢ ᠵᠢᠩᠬᠢᠨᠢ᠎ᠪᠠᠷ ᠵᠠᠷᠯᠠᠨ ᠨᠡᠢᠲᠡᠯᠡᠵᠦ᠍᠂ ᠠᠷᠠᠳ᠎ᠤᠨ ᠠᠮᠠᠨ ᠵᠣᠬᠢᠶᠠᠯ᠂ ᠤᠯᠠᠮᠵᠢᠯᠠᠯᠲᠤ ᠳᠠᠭᠤᠤ ᠬᠥᠭ᠌ᠵᠢᠮ᠂ ᠤᠯᠠᠮᠵᠢᠯᠠᠯᠲᠤ ᠪᠥᠵᠢᠭ ᠵᠡᠷᠭᠡ 10 ᠶᠡᠭᠡ ᠲᠥᠷᠥᠯ᠎ᠳᠤ ᠨᠡᠢᠲᠡ 337 ᠵᠦᠶᠯ ᠰᠣᠩᠭᠤᠭ᠍ᠳᠠᠵᠠᠶ᠃ ᠡᠭᠦᠨ᠎ᠳᠤ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠥᠯᠥᠨ ᠪᠤᠢᠷ ᠬᠤᠲᠠ᠎ᠶ᠋ᠢᠨ ᠡᠸᠡᠩᠬᠢ ᠦᠨᠳᠦᠰᠦᠲᠡᠨ᠎ᠤ ᠥᠪᠡᠷᠲᠡᠭᠡᠨ ᠵᠠᠰᠠᠬᠤ ᠬᠤᠱᠢᠭᠤᠨ᠎ᠤ ᠠᠷᠠᠳ᠎ᠤᠨ ᠠᠮᠠᠨ ᠵᠣᠬᠢᠶᠠᠯ 《ᠡᠸᠡᠩᠬᠢ ᠦᠨᠳᠦᠰᠦᠲᠡᠨ᠎ᠤ ᠠᠷᠠᠳ᠎ᠤᠨ ᠠᠮᠠᠨ ᠥᠯᠢᠬᠡᠷ》 ᠰᠣᠩᠭᠤᠭ᠍ᠳᠠᠪᠠ᠃
ᠤᠢ᠍ᠢᠯᠠᠭᠠᠭ᠍ᠰᠠᠨ᠎ᠢᠶᠠᠷ᠂ 《ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠬᠠᠤᠯᠢ》 ᠶ᠋ᠢ ᠦᠨᠳᠦᠰᠦᠯᠡᠨ᠂ 2019 ᠣᠨ᠎ᠳᠤ ᠰᠣᠶᠣᠯ ᠪᠠ ᠵᠢᠭᠤᠯᠴᠢᠯᠠᠯ᠎ᠤᠨ ᠶᠠᠮᠤᠨ ᠲᠠᠪᠤᠳᠤᠭᠠᠷ ᠪᠦᠯᠦᠭ᠎ᠤᠨ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠦᠷᠦᠯ ᠵᠦᠢᠯ᠎ᠢ ᠲᠠᠨᠢᠯᠴᠠᠭᠤᠯᠤᠨ ᠮᠡᠳᠡᠭᠦᠯᠬᠦ᠌ ᠠᠵᠢᠯ᠎ᠢ ᠥᠷᠨᠢᠭᠦᠯᠪᠡ᠃ 2020 ᠣᠨ᠎ᠳᠤ᠂ ᠰᠣᠶᠣᠯ ᠬᠢᠬᠡᠳ ᠵᠢᠭᠤᠯᠴᠢᠯᠠᠯ᠎ᠤᠨ ᠶᠠᠮᠤᠨ ᠲᠤᠰᠭᠠᠶ ᠮᠡᠷᠭᠡᠵᠢᠯᠲᠡᠨ᠎ᠢ ᠵᠣᠬᠢᠶᠠᠨ ᠪᠠᠢᠭᠤᠯᠵᠤ ᠪᠥᠬᠦ᠌ ᠤᠯᠤᠰ᠎ᠤᠨ 31 ᠮᠤᠵᠢ᠂ ᠥᠪᠡᠷᠲᠡᠭᠡᠨ ᠵᠠᠰᠠᠬᠤ ᠣᠷᠣᠨ᠂ ᠱᠢᠭᠤᠳ ᠬᠠᠷᠢᠶ᠎ᠠ ᠬᠤᠲᠠ᠂ ᠱᠢᠶᠠᠩᠭᠠᠩ ᠤᠨᠴᠠᠭᠠᠢ ᠵᠠᠰᠠᠭ ᠵᠠᠬᠢᠷᠭᠠᠨ᠎ᠤ ᠣᠷᠣᠨ᠂ ᠣᠣᠮᠧᠨ ᠤᠨᠴᠠᠭᠠᠢ ᠵᠠᠰᠠᠭ ᠵᠠᠬᠢᠷᠭᠠᠨ᠎ᠤ ᠣᠷᠣᠨ ᠵᠢᠴᠢ ᠲᠥᠪ᠎ᠤᠨ ᠪᠠ ᠲᠥᠷᠥ᠎ᠶ᠋ᠢᠨ ᠪᠠᠢᠭᠤᠯᠭ᠎ᠠ᠎ᠶ᠋ᠢᠨ ᠰᠠᠯᠠᠭ᠎ᠠ ᠮᠥᠴᠢᠷ᠎ᠤᠨ ᠲᠠᠨᠢᠯᠴᠠᠭᠤᠯᠤᠨ ᠮᠡᠳᠡᠭᠦᠯᠦᠭ᠌ᠰᠡᠨ 943 ᠲᠥᠷᠥᠯ ᠵᠦᠢᠯ᠎ᠢ ᠬᠢᠨᠠᠨ ᠲᠣᠭ᠍ᠲᠠᠭᠠᠪᠠ᠃
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号