ᠶᠠᠭᠤᠨ᠎ᠳᠤ ᠴᠢᠩᠭᠠᠳᠭᠠᠬᠤ ᠲᠠᠷᠢᠯᠭ᠎ᠠ ᠵᠢ ᠲᠠᠷᠢᠬᠤ ᠪᠤᠢ? ᠶᠠᠮᠠᠷ ᠬᠥᠮᠦᠰ ᠴᠢᠩᠭᠠᠳᠬᠠᠬᠤ ᠲᠠᠷᠢᠯᠭ᠎ᠠ ᠵᠢ ᠲᠠᠷᠢᠬᠤ ᠴᠢᠬᠤᠯᠠᠲᠠᠶ ᠪᠣᠶ? ᠬᠡᠵᠢᠶ᠎ᠡ ᠲᠠᠷᠢᠯᠭ᠎ᠠ ᠲᠠᠷᠢᠬᠤ ᠪᠣᠢ? ᠠᠯᠢ ᠵᠦᠶ᠋ᠯ᠎ᠦᠨ ᠴᠢᠩᠭᠠᠳᠭᠠᠬᠤ ᠲᠠᠷᠢᠯᠭ᠎ᠠ ᠵᠢ ᠲᠠᠷᠢᠬᠤ ᠪᠣᠶ? ᠱᠢᠨ᠎ᠡ ᠲᠢᠲᠢᠮᠯᠢᠭ ᠸᠢᠷᠦ᠋ᠰ᠎ᠦᠨ ᠸᠠᠺᠼᠢᠨ᠎ᠤ ᠴᠢᠩᠭᠠᠳᠭᠠᠬᠤ ᠲᠠᠷᠢᠯᠭ᠎ᠠ᠎ᠵᠢ
ᠲᠠᠷᠢᠬᠤ ᠲᠤᠬᠠᠢ ᠡᠳᠡᠭᠡᠷ ᠬᠠᠯᠠᠮᠱᠢᠯ ᠠᠰᠠᠭᠤᠳᠠᠯ᠎ᠳᠤ
ᠴᠢᠭ᠌ᠯᠡᠭᠦᠯᠦᠨ᠂ ᠤᠯᠤᠰ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠵᠥᠪᠯᠡᠯ 15 ᠤ᠋ ᠡᠳᠦᠷ
ᠬᠠᠷᠢᠭᠤᠯᠲᠠ ᠥᠭ᠌ᠪᠡ᠃
ᠬᠠᠯᠠᠮᠱᠢᠯ ᠠᠰᠠᠭᠤᠳᠠᠯ ᠨᠢᠭᠡ᠄ ᠶᠠᠭᠤᠨ᠎ᠳᠤ ᠴᠢᠩᠭᠠᠳᠭᠠᠬᠤ ᠲᠠᠷᠢᠯᠭ᠎ᠠ ᠵᠢ ᠲᠠᠷᠢᠬᠤ ᠪᠤᠢ?
ᠤᠯᠤᠰᠤᠨᠳᠣᠲᠣᠭᠠᠳᠤ ᠭᠠᠳᠠᠭᠠᠳᠤ᠎ᠶ᠋ᠢᠨ
ᠰᠤᠳᠤᠯᠭᠠᠨ᠎ᠤ ᠦᠷ᠎ᠡ ᠳ᠋ᠦᠩ᠎ᠡᠴᠡ ᠦᠵᠡᠪᠡᠯ᠂ ᠱᠢᠨ᠎ᠡ ᠲᠢᠲᠢᠮᠯᠢᠭ ᠸᠢᠷᠦ᠋ᠰ᠎ᠦᠨ ᠸᠠᠺᠼᠢᠨ᠎ᠤ ᠪᠥᠬᠥ᠌ ᠶᠠᠪᠤᠴᠠ᠎ᠶ᠋ᠢᠨ
ᠲᠠᠷᠢᠯᠭ᠎ᠠ᠎ᠶ᠋ᠢ ᠪᠡᠶᠡᠯᠡᠭᠦᠯᠬᠦ ᠨᠢ ᠬᠦᠨᠳᠦ ᠡᠪᠡᠳᠴᠢᠨ᠎ᠢ ᠰᠡᠷᠭᠡᠢᠯᠡᠬᠦ᠌᠂ ᠦᠬᠦᠯ᠎ᠦᠨ ᠨᠣᠷᠮ᠎ᠠ᠎ᠶ᠋ᠢ ᠪᠠᠭᠤᠷᠠᠭᠤᠯᠬᠤ
ᠵᠡᠷᠭᠡ ᠲᠠᠯ᠎ᠠ᠎ᠪᠠᠷ ᠢᠯᠡᠳᠲᠡ ᠦᠷ᠎ᠡ ᠪᠦᠲᠦᠮᠵᠢ ᠲᠠᠢ ᠶᠤᠮ᠃ ᠭᠡᠪᠡᠴᠦ᠍ ᠸᠠᠺᠼᠢᠨ᠎ᠤ ᠲᠠᠷᠢᠯᠭ᠎ᠠ ᠬᠢᠭᠡᠳ ᠬᠡᠰᠡᠭ
ᠬᠤᠭᠤᠴᠠᠭ᠎ᠠ ᠪᠣᠯᠤᠭ᠍ᠰᠠᠨ᠎ᠤ ᠳᠠᠷᠠᠭ᠎ᠠ᠂ ᠸᠠᠺᠼᠢᠨ᠎ᠤ ᠬᠡᠰᠡᠭ ᠬᠥᠮᠦᠰ᠎ᠢ ᠬᠠᠮᠠᠭᠠᠯᠠᠬᠤ ᠦᠷ᠎ᠡ ᠪᠦᠲᠦᠮᠵᠢ᠎ᠨᠢ
ᠪᠠᠭᠤᠷᠠᠵᠤ ᠮᠡᠳᠡᠨ᠎ᠡ᠂ ᠴᠠᠭ ᠲᠤᠬᠠᠶ᠎ᠳᠤᠨᠢ ᠡᠭᠡᠯᠢᠯᠡᠭᠡ᠎ᠶ᠋ᠢᠨ ᠴᠢᠳᠠᠪᠦᠷᠢ ᠵᠢ ᠴᠢᠩᠭᠠᠳᠭᠠᠬᠤ ᠲᠠᠷᠢᠯᠭ᠎ᠠ
ᠲᠠᠷᠢᠬᠤ ᠨᠢ ᠨᠢᠭᠡᠨᠲᠡ ᠠᠯᠬᠤᠮ ᠠᠯᠬᠤᠮᠢᠶᠠᠷᠪᠠᠭᠠᠰᠤᠭ᠍ᠰᠠᠨᠰᠠᠭᠠᠷᠮᠠᠭ᠍ᠵᠢᠭ᠍ᠰᠠᠨᠲᠠᠭᠠᠭᠠᠭᠴᠢᠶ᠋ᠢ ᠲᠦᠷᠭᠡᠨ
ᠨᠡᠮᠡᠭ᠌ᠳᠡᠭᠦᠯᠬᠦ᠌ ᠪᠤᠶᠤ ᠳᠠᠬᠢᠨ ᠨᠡᠮᠡᠭ᠌ᠳᠡᠭᠦᠯᠵᠦ᠍᠂ ᠡᠭᠦᠨ᠎ᠦ ᠤᠯᠠᠮ᠎ᠠᠴᠠ ᠨᠠᠩ ᠰᠠᠢᠨ ᠬᠠᠮᠠᠭᠠᠯᠠᠬᠤ ᠦᠷ᠎ᠡ
ᠪᠦᠲᠦᠮᠵᠢ ᠲᠠᠢ ᠪᠤᠯᠵᠤ ᠴᠢᠳᠠᠳᠠᠭ᠃
ᠬᠠᠯᠠᠮᠱᠢᠯ ᠠᠰᠠᠭᠤᠳᠠᠯ ᠬᠣᠶᠠᠷ᠄ ᠣᠳᠣᠬᠠᠨ᠎ᠳᠤ
ᠴᠢᠩᠭᠠᠳᠭᠠᠬᠤ ᠲᠠᠷᠢᠯᠭᠠᠲᠠᠷᠢᠵᠤ ᠪᠣᠯᠬᠤ ᠬᠥᠮᠦᠰ᠎ᠦᠨ ᠨᠠᠰᠤᠨ᠎ᠤ ᠬᠡᠪᠴᠢᠶ᠎ᠡ ᠨᠢ ᠬᠡᠳᠦᠢ ᠪᠣᠶ? ᠶᠠᠮᠠᠷ ᠬᠥᠮᠦᠰ ᠲᠠᠷᠢᠯᠭ᠎ᠠ ᠲᠠᠷᠢᠬᠤ ᠴᠢᠬᠤᠯᠠᠲᠠᠶ ᠪᠣᠶ?
ᠬᠢᠵᠢᠭ᠎ᠦᠨ ᠪᠠᠢᠳᠠᠯ᠎ᠢ ᠰᠡᠷᠭᠡᠢᠯᠡᠨ
ᠡᠵᠡᠮᠳᠡᠬᠦ᠌ ᠬᠡᠷᠡᠭ᠌ᠴᠡᠭᠡ᠎ᠶ᠋ᠢ ᠦᠨᠳᠦᠰᠦᠯᠡᠨ᠂ ᠳᠡᠭᠡᠷ᠎ᠡ ᠳᠤᠷᠠᠳᠤᠭ᠍ᠰᠠᠨ ᠸᠠᠺᠼᠢᠨ᠎ᠤ ᠪᠥᠬᠥ᠌ ᠶᠠᠪᠤᠴᠠ᠎ᠵᠢᠨ ᠲᠠᠷᠢᠯᠭ᠎ᠠ ᠶᠢ ᠲᠠᠷᠢᠭᠠᠳ ᠪᠦᠬᠦᠯᠢ 6 ᠰᠠᠷ᠎ᠠ ᠪᠤᠯᠤᠭᠰᠠᠨ
18 ᠨᠠᠰᠤ ᠵᠢᠴᠢ
ᠲᠡᠭᠦᠨ᠎ᠡᠴᠡ ᠳᠡᠭᠡᠭ᠌ᠰᠢᠬᠢ ᠨᠠᠰᠤᠨ᠎ᠤ ᠬᠥᠮᠦᠰ᠎ᠲᠤ ᠡᠭᠡᠯᠢᠯᠡᠭᠡ᠎ᠶ᠋ᠢᠨ ᠴᠢᠳᠠᠪᠦᠷᠢ ᠵᠢ ᠴᠢᠩᠭᠠᠳᠭᠠᠬᠤ ᠲᠠᠷᠢᠯᠭ᠎ᠠ
ᠲᠠᠷᠢᠨ᠎ᠠ᠃
ᠣᠳᠣᠬᠠᠨ᠎ᠳᠤ᠂ᠱᠢᠨ᠎ᠡ ᠲᠢᠲᠢᠮᠯᠢᠭ ᠸᠢᠷᠦ᠋ᠰ᠎ᠲᠤ
ᠬᠠᠯᠳᠠᠪᠤᠷᠢᠯᠠᠭᠳᠠᠬᠤ ᠠᠶᠤᠯ ᠲᠦᠭ᠌ᠰᠢᠭᠦᠷᠢ ᠶᠡᠬᠡᠲᠡᠶ ᠬᠥᠮᠦᠰ ᠪᠠ ᠨᠡᠢᠭᠡᠮ᠎ᠦᠨ ᠦᠨᠳᠦᠰᠦᠨ ᠠᠵᠢᠯᠯᠠᠭ᠎ᠠ᠎ᠨᠢ
ᠪᠠᠲᠤᠯᠠᠬᠤ ᠵᠠᠩᠭᠢᠯᠠᠭ᠎ᠠ᠎ᠶ᠋ᠢᠨ ᠠᠵᠢᠯ᠎ᠤᠨ ᠪᠠᠢᠷᠢᠳ᠋ᠡᠬᠢ ᠬᠥᠮᠦᠰ ᠵᠢᠴᠢ ᠨᠠᠰᠤᠲᠠᠢᠴᠤᠳ᠎ᠤᠨ ᠳᠤᠮᠳᠠ ᠡᠭᠡᠯᠢᠯᠡᠭᠡ᠎ᠶ᠋ᠢᠨ
ᠴᠢᠳᠠᠪᠦᠷᠢ ᠵᠢ ᠴᠢᠩᠭᠠᠳᠭᠠᠬᠤ ᠲᠠᠷᠢᠯᠭ᠎ᠠ ᠵᠢ ᠤᠷᠢᠳ᠎ᠢᠶᠠᠷ ᠥᠷᠨᠢᠭᠦᠯᠦᠨ᠎ᠡ᠃ ᠨᠥᠬᠥᠴᠡᠯ᠎ᠳᠦ ᠨᠡᠢᠴᠡᠬᠦ᠌ ᠪᠥᠭᠡᠳ
ᠲᠠᠷᠢᠯᠭ᠎ᠠ ᠬᠢᠬᠦ᠌ ᠬᠡᠷᠡᠭ᠌ᠴᠡᠭᠡ᠎ᠲᠡᠶ ᠪᠤᠰᠤᠳ ᠬᠥᠮᠦᠰ᠎ᠲᠦ ᠪᠠᠰᠠ ᠬᠡᠷᠡᠭ᠌ᠴᠡᠭᠡ᠎ᠪᠡᠨ ᠦᠨᠳᠦᠰᠦᠯᠡᠨ ᠡᠭᠡᠯᠢᠯᠡᠭᠡ᠎ᠶ᠋ᠢᠨ
ᠴᠢᠳᠠᠪᠦᠷᠢ ᠵᠢ ᠴᠢᠩᠭᠠᠳᠭᠠᠬᠤ ᠲᠠᠷᠢᠯᠭ᠎ᠠ ᠲᠠᠷᠢᠵᠤ ᠪᠣᠯᠤᠨ᠎ᠠ᠃
ᠬᠠᠯᠠᠮᠱᠢᠯ ᠠᠰᠠᠭᠤᠳᠠᠯ ᠭᠤᠷᠪᠠ᠄ ᠪᠥᠬᠥ᠌
ᠶᠠᠪᠤᠴᠠ᠎ᠶ᠋ᠢᠨ ᠲᠠᠷᠢᠯᠭ᠎ᠠ ᠵᠢ ᠲᠠᠷᠢᠬᠰᠠᠨᠤ ᠲᠠᠷᠠᠭ᠎ᠠ ᠬᠡᠳᠦᠢ ᠬᠤᠭᠤᠴᠠᠭ᠎ᠠ ᠦᠩᠭᠡᠷᠡᠪᠡᠯ ᠰᠠᠶᠢ ᠴᠢᠩᠭᠠᠳᠭᠠᠬᠤ
ᠲᠠᠷᠢᠯᠭᠠᠲᠠᠷᠢᠵᠤ ᠪᠤᠯᠬᠤ ᠪᠤᠢ?
ᠣᠳᠣᠬᠢ ᠱᠠᠲᠤᠨ᠎ᠳᠤ᠂ ᠲᠠᠷᠢᠯᠭ᠎ᠠ ᠬᠢᠭᠡᠳ
6 ᠰᠠᠷ᠎ᠠ᠎ᠶ᠋ᠢᠨ
ᠳᠠᠷᠠᠭ᠎ᠠ ᠰᠠᠶᠢ ᠡᠭᠡᠯᠢᠯᠡᠭᠡ᠎ᠶ᠋ᠢᠨ ᠴᠢᠳᠠᠪᠦᠷᠢ ᠵᠢ ᠴᠢᠩᠭᠠᠳᠬᠠᠬᠤ ᠲᠠᠷᠢᠯᠭᠠᠲᠠᠷᠢᠵᠦ ᠪᠤᠯᠤᠨ᠎ᠠ᠃ ᠲᠤᠬᠠᠢᠯᠠᠪᠠᠯ
ᠱᠢᠨ᠎ᠡ ᠲᠢᠲᠢᠮᠯᠢᠭ ᠸᠢᠷᠦ᠋ᠰ᠎ᠦᠨ ᠢᠳᠡᠪᠬᠢ ᠥᠬᠡᠢᠳᠡᠭᠦᠯᠬᠦ᠌ ᠸᠠᠺᠼᠢᠨ᠎ᠤ ᠬᠤᠶᠠᠳᠤᠭᠠᠷ ᠤᠳᠠᠭᠠᠨ᠎ᠤ ᠲᠠᠷᠢᠯᠭ᠎ᠠ ᠲᠠᠷᠢᠬᠰᠠᠨᠦ ᠳᠠᠷᠠᠭ᠎ᠠ
ᠶᠡᠷᠦ᠍᠎ᠳᠡᠭᠡᠨ 6 ᠰᠠᠷ᠎ᠠ ᠠᠯᠤᠰᠯᠠᠪᠠᠯ
ᠰᠠᠶᠢ ᠳᠠᠬᠢᠨ ᠡᠭᠡᠯᠢᠯᠡᠭᠡ᠎ᠶ᠋ᠢᠨ ᠴᠢᠳᠠᠪᠦᠷᠢ ᠵᠢ ᠴᠢᠩᠭᠠᠳᠬᠠᠬᠤ ᠲᠠᠷᠢᠯᠭᠠᠲᠠᠷᠢᠵᠦ ᠪᠤᠯᠤᠨ᠎ᠠ᠃ ᠪᠤᠯᠴᠢᠷᠬᠠᠶ᠎ᠶ᠋ᠢᠨ
ᠸᠢᠷᠦ᠋ᠰ᠎ᠦᠨ ᠠᠴᠢᠶᠠᠯᠠᠪᠤᠷᠢ᠎ᠶ᠋ᠢᠨ ᠸᠠᠺᠼᠢᠨ᠎ᠤ ᠲᠠᠷᠢᠯᠭ᠎ᠠ ᠲᠠᠷᠢᠬᠰᠠᠨ 6 ᠰᠠᠷ᠎ᠠ ᠵᠢᠨ
ᠳᠠᠷᠠᠭᠠᠡᠭᠡᠯᠢᠯᠡᠭᠡᠶ᠋ᠢᠨ ᠴᠢᠳᠠᠪᠦᠷᠢ ᠵᠢ ᠴᠢᠩᠭᠠᠳᠬᠠᠬᠤ ᠲᠠᠷᠢᠯᠭᠠᠲᠠᠷᠢᠵᠦ ᠪᠤᠯᠤᠨ᠎ᠠ᠃
ᠬᠠᠯᠠᠮᠱᠢᠯ ᠠᠰᠠᠭᠤᠳᠠᠯ ᠳᠥᠷᠪᠡ᠄ ᠣᠳᠣᠬᠢ
ᠱᠠᠲᠤᠨ᠎ᠳᠤ᠂ ᠴᠢᠩᠭᠠᠳᠬᠠᠬᠤ ᠲᠠᠷᠢᠯᠭ᠎ᠠ᠎ᠳᠤ ᠬᠡᠷᠡᠭ᠌ᠯᠡᠵᠦ᠍ ᠪᠣᠯᠬᠤ ᠶᠠᠮᠠᠷ ᠸᠠᠺᠼᠢᠨ ᠪᠠᠢᠬᠤ ᠪᠣᠶ?
ᠱᠢᠨ᠎ᠡ ᠲᠢᠲᠢᠮᠯᠢᠭ ᠸᠢᠷᠦ᠋ᠰ᠎ᠦᠨ ᠸᠠᠺᠼᠢᠨ᠎ᠢ
ᠰᠤᠳᠤᠯᠤᠨ ᠨᠡᠭᠡᠭᠡᠬᠦ᠌ ᠠᠬᠢᠴᠠ ᠪᠣᠯᠤᠨ ᠬᠣᠯᠪᠣᠭ᠍ᠳᠠᠯ ᠪᠦᠬᠦᠢ ᠰᠠᠯᠠᠭ᠎ᠠ ᠮᠥᠴᠢᠷ᠎ᠦᠨ ᠰᠤᠳᠤᠯᠤᠨ ᠨᠤᠲᠠᠯᠠᠭ᠍ᠰᠠᠨ
ᠪᠠᠢᠳᠠᠯ᠎ᠢ ᠦᠨᠳᠦᠰᠦᠯᠡᠪᠡᠯ᠂ ᠣᠳᠣᠬᠠᠨ᠎ᠳᠤ ᠡᠭᠡᠯᠢᠯᠡᠭᠡ᠎ᠶ᠋ᠢᠨ ᠴᠢᠳᠠᠪᠦᠷᠢ ᠵᠢ ᠴᠢᠩᠭᠠᠳᠭᠠᠬᠤ ᠲᠠᠷᠢᠯᠭ᠎ᠠ᠎ᠳᠤ ᠬᠡᠷᠡᠭ᠌ᠯᠡᠵᠦ᠍ ᠪᠣᠯᠬᠤ ᠸᠠᠺᠼᠢᠨ᠎ᠳᠤ
ᠤᠯᠤᠰ᠎ᠤᠨ ᠡᠮ᠎ᠦᠨ ᠵᠦ᠋ᠩ ᠱᠧᠩ ᠪᠡᠭᠡᠵᠢᠩ᠎ᠳᠡᠬᠢ ᠺᠣᠮᠫᠠᠨᠢ᠂ ᠪᠡᠭᠡᠵᠢᠩ᠎ᠦᠨ ᠺᠸ ᠱᠢᠩ ᠺᠣᠮᠫᠠᠨᠢ᠂ ᠤᠯᠤᠰ᠎ᠤᠨ
ᠡᠮ᠎ᠦᠨ ᠵᠦᠩ ᠱᠧᠩ᠎ᠤᠨ ᠦᠬᠠᠨ᠎ᠳᠡᠬᠢ ᠺᠣᠮᠫᠠᠨᠢ᠎ᠶ᠋ᠢᠨ ᠢᠳᠡᠪᠬᠢ ᠦᠬᠡᠢ᠌ᠳᠡᠬᠦᠯᠬᠦ᠌ ᠸᠠᠺᠼᠢᠨ ᠪᠣᠯᠤᠨ ᠲᠢᠶᠠᠨᠵᠢᠨ᠎ᠤ
ᠺᠠᠩ ᠰᠢ ᠨᠦ᠋ᠧᠧ ᠺᠣᠮᠫᠠᠨᠢ᠎ᠶ᠋ᠢᠨ ᠪᠤᠯᠴᠢᠷᠬᠠᠢ᠎ᠶ᠋ᠢᠨ ᠸᠢᠷᠦ᠋ᠰ᠎ᠦᠨ ᠠᠴᠢᠶᠠᠯᠠᠪᠤᠷᠢ᠎ᠶ᠋ᠢᠨ ᠸᠠᠺᠼᠢᠨ ᠵᠡᠷᠭᠡ
ᠪᠠᠢᠨ᠎ᠠ᠃
ᠬᠠᠯᠠᠮᠱᠢᠯ ᠠᠰᠠᠭᠤᠳᠠᠯ ᠲᠠᠪᠤ᠄ ᠬᠤᠪᠢ
ᠬᠥᠮᠦᠨ ᠶᠠᠮᠠᠷ ᠵᠦᠶ᠋ᠯ᠎ᠦᠨ ᠴᠢᠩᠭᠠᠳᠭᠠᠬᠤ ᠲᠠᠷᠢᠯᠭ᠎ᠠ ᠲᠠᠷᠢᠬᠤ ᠪᠣᠶ?
ᠣᠳᠣᠬᠢ ᠱᠠᠲᠤᠨ᠎ᠳᠤ᠂ ᠨᠢᠭᠡᠨᠲᠡ ᠳᠠᠷᠢᠭᠤᠯᠤᠭ᠍ᠰᠠᠨ
ᠤᠤᠯ᠎ᠤᠨ ᠸᠠᠺᠼᠢᠨ᠎ᠢ ᠬᠡᠷᠡᠭ᠌ᠯᠡᠨ ᠡᠭᠡᠯᠢᠯᠡᠭᠡ᠎ᠶ᠋ᠢᠨ ᠴᠢᠳᠠᠪᠦᠷᠢ ᠵᠢ ᠴᠢᠩᠭᠠᠳᠬᠠᠬᠤ ᠲᠠᠷᠢᠯᠭ᠎ᠠ ᠲᠠᠷᠢᠨ᠎ᠡ᠃
ᠡᠭᠦᠨ᠎ᠳᠦ᠂ ᠠᠳᠠᠯᠢ ᠨᠢᠭᠡ ᠵᠦᠶ᠋ᠯ᠎ᠦᠨ
ᠱᠢᠨ᠎ᠡ ᠲᠢᠲᠢᠮᠯᠢᠭ ᠸᠢᠷᠦ᠋ᠰ᠎ᠦᠨ ᠢᠳᠡᠪᠬᠢ ᠥᠬᠡᠢᠳᠡᠭᠦᠯᠬᠦ᠌ ᠸᠠᠺᠼᠢᠨ᠎ᠢ ᠬᠡᠷᠡᠭ᠌ᠯᠡᠨ ᠬᠣᠶᠠᠷ ᠤᠳᠠᠭ᠎ᠠ ᠲᠠᠷᠢᠯᠭ᠎ᠠ
ᠲᠠᠷᠢᠬᠤ ᠶ᠋ᠢ ᠪᠡᠶᠡᠯᠡᠭᠦᠯᠦᠭ᠌ᠰᠡᠨ ᠬᠥᠮᠦᠰ᠎ᠲᠦ ᠵᠠᠷᠴᠢᠮ ᠳᠡᠭᠡᠷ᠎ᠡ᠎ᠪᠡᠨ ᠤᠤᠯ᠎ᠤᠨ ᠢᠳᠡᠪᠬᠢ ᠥᠬᠡᠢᠳᠡᠭᠦᠯᠬᠦ᠌
ᠸᠠᠺᠼᠢᠨ᠎ᠢ ᠬᠡᠷᠡᠭ᠌ᠯᠡᠨ ᠨᠢᠭᠡ ᠤᠳᠠᠭᠠᠨ᠎ᠤ ᠡᠭᠡᠯᠢᠯᠡᠭᠡ ᠵᠢᠨ ᠴᠢᠳᠠᠪᠦᠷᠢ ᠵᠢ ᠴᠢᠩᠭᠠᠳᠬᠠᠬᠤ ᠲᠠᠷᠢᠯᠭ᠎ᠠ ᠲᠠᠷᠢᠨ᠎ᠡ; ᠠᠳᠠᠯᠢ ᠪᠤᠰᠤ ᠢᠳᠡᠪᠬᠢ ᠥᠬᠡᠢᠳᠡᠭᠦᠯᠬᠦ᠌ ᠸᠠᠺᠼᠢᠨ᠎ᠢ ᠬᠡᠷᠡᠭ᠌ᠯᠡᠨ
ᠬᠣᠶᠠᠷ ᠤᠳᠠᠭ᠎ᠠ ᠲᠠᠷᠢᠯᠭ᠎ᠠ ᠲᠠᠷᠢᠬᠤ ᠶ᠋ᠢ ᠪᠡᠶᠡᠯᠡᠭᠦᠯᠦᠭ᠌ᠰᠡᠨ ᠬᠥᠮᠦᠰ᠎ᠲᠦ ᠵᠠᠷᠴᠢᠮ ᠳᠡᠭᠡᠷ᠎ᠡ᠎ᠪᠡᠨ ᠬᠤᠶᠠᠳᠤᠭᠠᠷ
ᠤᠳᠠᠭᠠᠨ᠎ᠤ ᠢᠳᠡᠪᠬᠢ ᠥᠬᠡᠢᠳᠡᠭᠦᠯᠬᠦ᠌ ᠸᠠᠺᠼᠢᠨ᠎ᠲᠠᠶ ᠠᠳᠠᠯᠢ ᠸᠠᠺᠼᠢᠨ᠎ᠢ ᠬᠡᠷᠡᠭ᠌ᠯᠡᠨ ᠨᠢᠭᠡ ᠤᠳᠠᠭᠠᠨ᠎ᠤ ᠡᠭᠡᠯᠢᠯᠡᠭᠡ
ᠵᠢᠨ ᠴᠢᠳᠠᠪᠦᠷᠢ ᠵᠢ ᠴᠢᠩᠭᠠᠳᠬᠠᠬᠤ ᠲᠠᠷᠢᠯᠭ᠎ᠠ ᠲᠠᠷᠢᠨ᠎ᠡ᠂ ᠬᠡᠷᠪᠡ ᠬᠤᠶᠠᠳᠤᠭᠠᠷ ᠤᠳᠠᠭᠠᠨ᠎ᠤ ᠢᠳᠡᠪᠬᠢ ᠥᠬᠡᠢᠳᠡᠭᠦᠯᠬᠦ᠌
ᠸᠠᠺᠼᠢᠨ᠎ᠲᠠᠶ ᠠᠳᠠᠯᠢ ᠸᠠᠺᠼᠢᠨ᠎ᠢ ᠦᠷᠭᠦᠯᠵᠢᠯᠡᠨ ᠬᠠᠩᠭᠠᠵᠤ ᠳᠡᠢᠯᠬᠦ᠌ ᠥᠬᠡᠶ ᠵᠡᠷᠭᠡ ᠪᠠᠢᠳᠠᠯ ᠲᠣᠬᠢᠶᠠᠯᠳᠤᠪᠠᠯ᠂
ᠨᠢᠭᠡᠳᠦᠭᠡᠷ ᠤᠳᠠᠭᠠᠨ᠎ᠤ ᠢᠳᠡᠪᠬᠢ ᠥᠬᠡᠢᠳᠡᠭᠦᠯᠬᠦ᠌ ᠸᠠᠺᠼᠢᠨ᠎ᠲᠠᠶ ᠠᠳᠠᠯᠢ ᠸᠠᠺᠼᠢᠨ᠎ᠢ ᠬᠡᠷᠡᠭ᠌ᠯᠡᠨ ᠨᠢᠭᠡ
ᠤᠳᠠᠭᠠᠨ᠎ᠤ ᠡᠭᠡᠯᠢᠯᠡᠭᠡ ᠵᠢᠨ ᠴᠢᠳᠠᠪᠦᠷᠢ ᠵᠢ ᠴᠢᠩᠭᠠᠳᠬᠠᠬᠤ ᠲᠠᠷᠢᠯᠭ᠎ᠠ ᠲᠠᠷᠢᠵᠦ ᠪᠤᠯᠤᠨ᠎ᠠ; ᠪᠤᠯᠴᠢᠷᠬᠠᠶ᠎ᠶ᠋ᠢᠨ ᠸᠢᠷᠦ᠋ᠰ᠎ᠦᠨ ᠠᠴᠢᠶᠠᠯᠠᠪᠤᠷᠢ᠎ᠶ᠋ᠢᠨ ᠸᠠᠺᠼᠢᠨ᠎ᠢ
ᠬᠡᠷᠡᠭ᠌ᠯᠡᠵᠦ᠍ ᠲᠠᠷᠢᠯᠭ᠎ᠠ ᠲᠠᠷᠢᠬᠰᠠᠨ ᠬᠥᠮᠦᠰ ᠤᠤᠯ᠎ᠤᠨ ᠸᠠᠺᠼᠢᠨ᠎ᠢ ᠬᠡᠷᠡᠭ᠌ᠯᠡᠵᠦ᠍ ᠡᠭᠡᠯᠢᠯᠡᠭᠡ ᠵᠢᠨ ᠴᠢᠳᠠᠪᠦᠷᠢ
ᠵᠢ ᠴᠢᠩᠭᠠᠳᠬᠠᠬᠤ ᠲᠠᠷᠢᠯᠭ᠎ᠠ ᠲᠠᠷᠢᠨ᠎ᠠ᠃
ᠬᠠᠯᠠᠮᠱᠢᠯ ᠠᠰᠠᠭᠤᠳᠠᠯ ᠵᠢᠷᠭᠤᠭ᠎ᠠ᠄
ᠬᠠᠮᠢᠭ᠎ᠠ ᠤᠴᠢᠵᠤ ᠴᠢᠩᠭᠠᠳᠭᠠᠬᠤ ᠲᠠᠷᠢᠯᠭ᠎ᠠ ᠲᠠᠷᠢᠬᠤ ᠪᠤᠶ? ᠶᠠᠮᠠᠷ ᠵᠦᠢᠯ᠎ᠢ ᠠᠩᠬᠠᠷᠪᠠᠯ ᠵᠤᠬᠢᠬᠤ ᠪᠤᠢ ?
ᠵᠠᠷᠴᠢᠮᠳᠡᠭᠡᠷᠡᠪᠡᠨᠬᠠᠯᠳᠠᠪᠤᠷᠢᠯᠠᠭᠳᠠᠬᠤ
ᠠᠶᠤᠯ ᠲᠦᠭ᠌ᠰᠢᠭᠦᠷᠢ ᠶᠡᠬᠡᠲᠡᠶ ᠬᠥᠮᠦᠰ ᠪᠠ ᠨᠡᠢᠭᠡᠮ᠎ᠦᠨ ᠦᠨᠳᠦᠰᠦᠨ ᠠᠵᠢᠯᠯᠠᠭ᠎ᠠ᠎ᠨᠢ ᠪᠠᠲᠤᠯᠠᠬᠤ ᠵᠠᠩᠭᠢᠯᠠᠭ᠎ᠠ᠎ᠶ᠋ᠢᠨ
ᠠᠵᠢᠯ᠎ᠤᠨ ᠪᠠᠢᠷᠢᠳ᠋ᠡᠬᠢ ᠬᠥᠮᠦᠰ᠎ᠦᠨ ᠡᠭᠡᠯᠢᠯᠡᠭᠡ ᠵᠢᠨ ᠴᠢᠳᠠᠪᠦᠷᠢ ᠵᠢ ᠴᠢᠩᠭᠠᠳᠬᠠᠬᠤ ᠲᠠᠷᠢᠯᠭ᠎ᠠ ᠲᠠᠷᠢᠬᠤ
ᠠᠵᠢᠯ᠎ᠢ ᠡᠯ᠎ᠡ ᠬᠠᠮᠢᠶ᠎ᠠ ᠪᠦᠬᠦᠢ ᠨᠢᠭᠡᠴᠢ᠎ᠡᠴᠡ ᠨᠢᠭᠡᠳᠦᠯᠲᠡᠶ ᠵᠣᠬᠢᠶᠠᠨ ᠪᠠᠢᠭᠤᠯᠵᠤ ᠬᠡᠷᠡᠭ᠌ᠵᠢᠭᠦᠯᠦᠨ᠎ᠡ; ᠪᠤᠰᠤᠳ ᠬᠥᠮᠦᠰ ᠬᠠᠷᠢᠶ᠎ᠠ ᠣᠷᠣᠨ᠎ᠤ ᠪᠡᠨ ᠲᠣᠭ᠍ᠲᠠᠭ᠍ᠰᠠᠨ ᠲᠠᠷᠢᠯᠭ᠎ᠠ
ᠲᠠᠷᠢᠬᠤ ᠨᠢᠭᠡᠴᠢ᠎ᠳᠦ ᠬᠦᠷᠴᠦ᠍ ᠪᠣᠯᠵᠣᠨ ᠲᠠᠷᠢᠯᠭ᠎ᠠ ᠲᠠᠷᠢᠵᠦ᠍ ᠪᠣᠯᠤᠨ᠎ᠠ᠃ ᠡᠯ᠎ᠡ ᠭᠠᠵᠠᠷ᠎ᠤᠨ ᠪᠣᠳᠠᠲᠠᠶ ᠲᠠᠷᠢᠯᠭ᠎ᠠ
ᠲᠠᠷᠢᠬᠤ ᠮᠡᠳᠡᠭᠡ ᠵᠠᠩᠭᠢ᠎ᠶ᠋ᠢ ᠲᠤᠬᠠᠶ᠎ᠶ᠋ᠢᠨ ᠭᠠᠵᠠᠷ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ
ᠰᠠᠯᠠᠭ᠎ᠠ ᠮᠥᠴᠢᠷ ᠪᠤᠶᠤ ᠡᠪᠡᠳᠴᠢᠨ ᠡᠮᠭᠡᠭ᠎ᠢ ᠰᠡᠷᠭᠡᠢᠯᠡᠨᠡᠵᠡᠮᠳᠡᠬᠦᠲᠥᠪᠦᠨ ᠨᠡᠢᠲᠡᠯᠡᠭ᠌ᠰᠡᠨ ᠠᠯᠪᠠᠨ᠎ᠤ
ᠮᠡᠳᠡᠭᠡ᠎ᠡᠴᠡ ᠦᠵᠡᠭᠡᠷᠡᠢ᠃
ᠲᠠᠷᠢᠯᠭ᠎ᠠ ᠲᠠᠷᠢᠬᠤ ᠡᠴᠡ ᠡᠮᠦᠨ᠎ᠡ᠂
ᠡᠮᠦᠨᠡᠬᠢ ᠬᠤᠭᠤᠴᠠᠭᠠᠨ᠎ᠤ ᠲᠠᠷᠢᠯᠭ᠎ᠠ ᠲᠠᠷᠢᠬᠰᠡᠨ ᠭᠡᠷᠡᠴᠢ ᠪᠠᠷᠢᠮᠲᠠ᠎ᠪᠡᠨ ᠦᠨᠳᠦᠰᠦᠯᠡᠨ᠂ ᠦᠪᠡᠷ᠎ᠤᠨ᠎ᠢᠶᠡᠨ
ᠪᠥᠬᠥ᠌ ᠶᠠᠪᠤᠴᠠ᠎ᠳᠤ ᠲᠠᠷᠢᠯᠭ᠎ᠠ ᠲᠠᠷᠢᠬᠰᠡᠨ ᠡᠰᠡᠬᠦ᠌᠂ ᠪᠥᠬᠥ᠌ ᠶᠠᠪᠤᠴᠠ᠎ᠳᠤ ᠲᠠᠷᠢᠯᠭ᠎ᠠ ᠲᠠᠷᠢᠭᠠᠳ 6 ᠰᠠᠷ᠎ᠠ᠎ᠠᠴᠠ
ᠳᠡᠭᠡᠭ᠌ᠰᠢ ᠪᠤᠯᠤᠭᠰᠠᠨ ᠡᠰᠡᠬᠦ ᠪᠡᠨ ᠲᠤᠳᠤᠳᠬᠠᠬᠤ ᠬᠡᠷᠡᠭ᠌ᠲᠡᠶ᠃ ᠲᠠᠷᠢᠯᠭ᠎ᠠ ᠲᠠᠷᠢᠬᠤ ᠳ᠋ᠠᠭᠠᠨ ᠪᠡᠶ᠎ᠡ᠎ᠶ᠋ᠢᠨ
ᠦᠨᠡᠮᠯᠡᠯ᠂ ᠲᠠᠷᠢᠯᠭ᠎ᠠ ᠲᠠᠷᠢᠬᠰᠡᠨ ᠭᠡᠷᠡᠴᠢ ᠪᠠᠷᠢᠮᠲᠠ ᠵᠡᠷᠭᠡ᠎ᠪᠡᠨ ᠠᠪᠴᠤ᠌ ᠶᠠᠪᠤᠬᠤ ᠬᠡᠷᠡᠭ᠌ᠲᠡᠶ ᠪᠥᠭᠡᠳ
ᠲᠣᠰ ᠭᠠᠵᠠᠷ᠎ᠤᠨ ᠰᠡᠷᠭᠡᠢᠯᠡᠨ ᠡᠵᠡᠮᠳᠡᠬᠦ ᠱᠠᠭᠠᠷᠳᠠᠯᠭ᠎ᠠ᠎ᠶ᠋ᠢ ᠦᠨᠳᠦᠰᠦᠯᠡᠨ᠂ ᠬᠤᠪᠢ ᠬᠥᠮᠦᠨᠦᠰᠡᠷᠭᠡᠢᠯᠡᠯᠲᠡᠬᠠᠮᠠᠭᠠᠯᠠᠯᠲᠠᠶ᠋ᠢ ᠰᠠᠢᠲᠤᠷ ᠬᠢᠵᠦ᠍᠂ ᠲᠤᠬᠠᠶ᠎ᠶ᠋ᠢᠨ ᠲᠠᠯᠠᠪᠠᠶ᠎ᠶ᠋ᠢᠨ ᠲᠠᠷᠢᠯᠭ᠎ᠠ ᠲᠠᠷᠢᠬᠤ ᠠᠵᠢᠯᠲᠠᠳ᠎ᠤᠨ
ᠠᠰᠠᠭᠤᠨ ᠯᠠᠪᠯᠠᠯᠲᠠ᠎ᠳᠤ ᠬᠠᠮᠵᠢᠯᠴᠠᠬᠤ ᠬᠡᠷᠡᠭ᠌ᠲᠡᠶ; ᠥᠩᠭᠡᠷᠡᠭ᠌ᠰᠡᠨ᠎ᠳᠤ ᠶᠠᠮᠠᠷ ᠡᠪᠡᠳᠴᠢᠨ ᠡᠮᠭᠡᠭ ᠲᠤ᠌ ᠨᠡᠷᠪᠡᠭᠳᠡᠭᠰᠡᠨ ᠵᠢᠴᠢ ᠦᠢᠷ᠎ᠡ ᠶ᠋ᠢᠨ ᠬᠤᠭᠤᠴᠠᠭᠠᠨ᠎ᠳᠤ ᠡᠮ ᠲᠠᠩ ᠬᠡᠷᠡᠭᠯᠡᠭᠰᠡᠨ᠌ ᠡᠰᠡᠬᠦ᠌᠎ᠪᠠᠨ ᠡᠮᠴᠢ᠎ᠳᠦ ᠲᠤᠳᠤᠷᠬᠠᠢᠯᠠᠵᠤ
ᠥᠭ᠌ᠬᠦ ᠬᠡᠷᠡᠭ᠌ᠲᠡᠶ᠃
ᠱᠢᠨᠬᠤᠸᠠ ᠬᠣᠷᠢᠶᠠᠨ᠎ᠤ ᠪᠡᠭᠡᠵᠢᠩ᠎ᠦᠨ
11 ᠰᠠᠷ᠎ᠠ᠎ᠶ᠋ᠢᠨ
15 ᠤ᠋ ᠡᠳᠦᠷ᠎ᠦᠨ
ᠴᠠᠬᠢᠯᠭᠠᠨ ᠮᠡᠳᠡᠭᠡ ᠡᠴᠡ