ᠭᠠᠩᠰᠠᠷᠠᠬᠤ ᠬᠡᠮ
2022-01-11 11:09:34
ᠵᠣᠬᠢᠶᠠᠭ᠍ᠴᠢ᠄
ᠯᠢᠤ ᠯᠠᠨ ᠯᠠᠨ
ᠣᠩᠱᠢᠭ᠍ᠰᠠᠨ ᠣᠳᠠᠭ᠎ᠠ᠄
★★★☆☆

ᠭᠠᠩᠰᠠᠷᠠᠬᠤ ᠬᠡᠮ


ᠬᠢᠳᠠᠳ ᠨᠡᠷ᠎ᠡ᠄ 抑郁症


ᠭᠠᠩᠰᠠᠷᠠᠬᠤ ᠬᠡᠮ ᠪᠤᠯ ᠤᠷᠮ᠎ᠠ ᠰᠡᠳᠭᠢᠯᠭᠡ ᠮᠠᠭᠤᠳᠠᠬᠤ᠂ ᠰᠡᠳᠭᠢᠬᠦᠶ ᠤᠳᠠᠭᠠᠰᠢᠷᠠᠬᠤ ᠵᠢᠴᠢ ᠦᠭᠡ ᠬᠡᠯᠡᠨ᠎ᠦ ᠬᠥᠳᠡᠯᠭᠡᠭᠡᠨ ᠪᠠᠭᠠᠰᠭᠤ᠂ ᠤᠳᠠᠭᠠᠨ ᠪᠠᠢᠬᠤ᠎ᠪᠠᠷ ᠨᠡᠢᠲᠡᠯᠢᠭ ᠢᠯᠡᠷᠡᠯ ᠲᠠᠢ᠃ ᠭᠠᠩᠰᠠᠷᠠᠬᠤ ᠬᠡᠮ ᠨᠢ ᠡᠪᠡᠳᠴᠢᠲᠡᠨ᠎ᠦ ᠠᠮᠢᠳᠤᠷᠠᠯ ᠪᠠ ᠠᠵᠢᠯ᠎ᠢ ᠬᠦᠨᠳᠦ ᠨᠣᠴᠢᠲᠠᠶ ᠬᠠᠷᠱᠢᠯᠠᠵᠤ᠂ ᠬᠡᠷ ᠪᠦᠯᠢ ᠪᠠ ᠨᠡᠢᠭᠡᠮ᠎ᠳᠦ ᠬᠦᠨᠳᠦ ᠳᠠᠷᠤᠭᠠᠰᠤ ᠪᠣᠯᠵᠣ᠂ ᠪᠠᠷᠤᠭ15%᠎ᠶᠢᠨ ᠭᠠᠩᠰᠠᠷᠠᠬᠤ ᠬᠡᠮ᠎ᠤᠨ ᠡᠪᠡᠳᠴᠢᠲᠡᠨ ᠠᠮᠢ ᠪᠠᠨ ᠬᠤᠤᠷᠯᠠᠳᠠᠭ ᠪᠠᠢᠨ᠎ᠠ᠃ ᠳᠡᠯᠡᠬᠡᠶ᠎ᠶ᠋ᠢᠨ ᠡᠷᠡᠭᠦᠯ ᠬᠠᠮᠠᠭᠠᠯᠠᠯ᠎ᠤᠨ ᠵᠣᠬᠢᠶᠠᠨ ᠪᠠᠢᠭᠤᠯᠤᠯᠲᠠ᠂ ᠳᠡᠯᠡᠬᠡᠶ᠎ᠶ᠋ᠢᠨ ᠪᠠᠩᠬᠢ ᠪᠣᠯᠤᠨ ᠬᠠᠷᠸᠠᠷᠳ᠋ ᠶᠡᠬᠡ ᠰᠤᠷᠭᠠᠭᠤᠯᠢ᠎ᠶ᠋ᠢᠨ ᠨᠢᠭᠡᠨ ᠬᠠᠮᠲᠤᠷᠠᠭ᠍ᠰᠠᠨ ᠰᠤᠳᠤᠯᠭᠠᠨ᠎ᠠᠴᠠ ᠦᠵᠡᠪᠡᠯ᠂ ᠭᠠᠩᠰᠠᠷᠠᠬᠤ ᠬᠡᠮ ᠨᠢ ᠨᠢᠭᠡᠨᠲᠡ ᠳᠤᠮᠳᠠᠳᠤ ᠤᠯᠤᠰ᠎ᠤᠨ ᠡᠪᠡᠳᠴᠢᠨ ᠡᠮᠭᠡᠭ᠎ᠦᠨ ᠳᠠᠷᠤᠭᠠᠰᠤ᠎ᠶ᠋ᠢᠨ ᠬᠣᠶᠠᠳᠤᠭᠠᠷ ᠬᠦᠨᠳᠦ ᠡᠪᠡᠳᠴᠢᠨ ᠪᠣᠯᠵᠠᠶ᠃

ᠡᠪᠡᠳᠴᠢᠨ᠎ᠦ ᠢᠯᠡᠷᠡᠯ  

ᠭᠠᠩᠰᠠᠷᠠᠬᠤ ᠬᠡᠮ ᠪᠣᠯ ᠨᠢᠭᠡ ᠵᠦᠶ᠋ᠯ᠎ᠦᠨ ᠦᠷᠭᠦᠯᠵᠢ ᠲᠣᠬᠢᠶᠠᠯᠳᠤᠳᠠᠭ ᠣᠶᠤᠨ ᠰᠠᠨᠠᠭᠠᠨ᠎ᠤ ᠡᠪᠡᠳᠴᠢᠨ ᠪᠤᠯᠤᠨ᠎ᠠ᠂ ᠭᠤᠤᠯ ᠢᠯᠡᠷᠡᠯ ᠨᠢ ᠤᠷᠮ᠎ᠠ ᠰᠡᠳᠭᠢᠯᠭᠡ ᠮᠠᠭᠤᠳᠠᠬᠤ᠂ ᠳᠤᠷ᠎ᠠ ᠰᠣᠨᠢᠷᠬᠠᠯ ᠮᠠᠭᠤᠳᠠᠬᠤ᠂ ᠭᠤᠲᠤᠷᠠᠩᠭᠤᠶ ᠪᠤᠯᠬᠤ᠂ ᠰᠡᠳᠭᠢᠬᠦᠶ ᠤᠳᠠᠭᠠᠰᠢᠷᠠᠬᠤ᠂ ᠰᠠᠨᠠᠭᠠᠴᠢᠯᠠᠭᠠᠲᠤ ᠴᠢᠨᠠᠷ ᠳᠤᠲᠠᠮᠠᠭ ᠪᠤᠯᠬᠤ᠂ ᠪᠡᠶ᠎ᠡ᠎ᠪᠡᠨ ᠵᠢᠮᠡᠯᠡᠵᠦ᠍ ᠪᠡᠶ᠎ᠡ᠎ᠪᠡᠨ ᠬᠤᠤᠷᠯᠠᠬᠤ᠂ ᠨᠣᠢᠷ ᠮᠠᠭᠤᠳᠠᠵᠦ᠂ ᠪᠥᠬᠥ᠌ ᠪᠡᠶ᠎ᠡ᠎ᠶ᠋ᠢᠨ ᠣᠯᠠᠨ ᠲᠠᠯ᠎ᠠ᠎ᠳᠤ ᠡᠪ ᠦᠭᠡᠢ ᠰᠠᠨᠠᠭ᠍ᠳᠠᠵᠤ᠂ ᠬᠦᠨᠳᠦ ᠨᠣᠴᠢᠲᠠᠶ ᠨᠢ ᠪᠡᠶ᠎ᠡ᠎ᠪᠡᠨ ᠬᠤᠤᠷᠯᠠᠬᠤ ᠪᠣᠳᠣᠯ ᠪᠠ ᠦᠶ᠋ᠯᠡ ᠠᠵᠢᠯᠯᠠᠭ᠎ᠠ ᠢᠯᠡᠷᠡᠬᠦ ᠪᠣᠯᠤᠨ᠎ᠠ᠃

1.ᠤᠷᠮ᠎ᠠ ᠰᠡᠳᠭᠢᠯᠭᠡ ᠮᠠᠭᠤᠳᠠᠬᠤ ᠢᠯᠡᠷᠡᠯ ᠲᠠᠢ᠃ ᠭᠤᠲᠤᠷᠠᠩᠭᠤᠶ ᠪᠤᠯᠵᠦ᠂ ᠪᠤᠬᠢᠨᠢᠳᠤᠵᠤ᠂ ᠪᠠᠶᠠᠷ ᠬᠥᠷ ᠦᠭᠡᠢ᠂ ᠳᠤᠷ᠎ᠠ ᠰᠣᠨᠢᠷᠬᠠᠯ ᠨᠢ ᠪᠠᠭᠤᠷᠠᠵᠤ᠂  ᠨᠡᠯᠢᠶᠡᠳ ᠬᠦᠨᠳᠦ ᠡᠪᠡᠳᠴᠢᠨ᠎ᠤ ᠢᠯᠡᠷᠡᠯ ᠲᠠᠢ ᠨᠢ ᠭᠤᠨᠢᠵᠦ ᠵᠣᠪᠠᠵᠤ ᠠᠮᠢᠳᠤᠷᠠᠬᠤ ᠳᠤᠷ᠎ᠠ ᠦᠭᠡᠢ᠂ ᠭᠤᠲᠤᠷᠠᠵᠤ ᠭᠣᠷᠢ ᠲᠠᠰᠤᠷᠠᠵᠤ᠂ ᠡᠳᠦᠷ ᠬᠣᠨᠣᠭ᠎ᠢ ᠵᠢᠯ ᠱᠢᠭ ᠥᠩᠭᠡᠷᠡᠭᠡᠵᠦ᠍᠂ ᠠᠮᠢᠳᠤᠷᠠᠬᠤ ᠨᠢ ᠦᠬᠦᠬᠦ᠌᠎ᠶ᠋ᠢ ᠬᠦᠷᠬᠦ᠌ ᠦᠭᠡᠢ ᠬᠡᠵᠦ ᠪᠤᠳᠤᠳᠠᠭ᠃ 

2᠂ ᠰᠡᠳᠭᠢᠬᠦᠢ ᠤᠳᠠᠭᠠᠱᠢᠷᠠᠬᠤ ᠢᠯᠡᠷᠡᠯ ᠲᠠᠢ᠃ ᠡᠪᠡᠳᠴᠢᠲᠡᠨ ᠎ᠦ ᠰᠡᠳᠭᠢᠬᠦᠶ᠎ᠶ᠋ᠢᠨ ᠬᠣᠯᠪᠣᠨ ᠪᠤᠳᠤᠬᠤ ᠬᠤᠷᠳᠤᠴᠠ ᠨᠢ ᠤᠳᠠᠭᠠᠨ ᠪᠤᠯᠬᠤ ᠂ ᠲᠤᠰᠭᠠᠯ ᠨᠢ ᠪᠢᠳᠠᠭᠤ᠂ ᠰᠡᠳᠭᠢᠬᠦᠶ ᠨᠢ ᠪᠢᠲᠡᠭᠦᠷᠡᠳᠡᠭ᠃ ᠦᠭᠡ ᠬᠡᠯᠡᠬᠦ᠌ ᠲᠤᠷ᠎ᠠ ᠦᠬᠡᠢ ᠪᠤᠯᠵᠦ᠂ ᠬᠡᠯᠡᠨ᠎ᠦ ᠬᠤᠷᠳᠤᠴᠠ ᠨᠢ ᠮᠡᠳᠡᠭ᠌ᠳᠡᠮ᠎ᠡ ᠤᠳᠠᠭᠠᠱᠢᠷᠠᠵᠤ᠂ ᠳᠠᠭᠤ ᠨᠢ ᠳᠣᠣᠷ᠎ᠠ᠂ ᠬᠠᠷᠢᠭᠤᠯᠬᠤ᠎ᠳᠤ ᠬᠦᠴᠢᠷ᠂ ᠬᠦᠨᠳᠦ ᠨᠣᠴᠢᠲᠠᠢ ᠨᠢ ᠰᠣᠯᠢᠯᠴᠠᠭ᠎ᠠ ᠬᠢᠬᠦ᠎ᠳᠦ ᠤᠷᠤᠭ᠍ᠰᠢᠲᠠᠢ ᠶᠠᠪᠤᠭ᠍ᠳᠠᠵᠤ ᠴᠢᠳᠠᠬᠤ ᠦᠭᠡᠢ ᠪᠣᠯᠳᠠᠭ᠃

3.ᠵᠣᠷᠢᠭ ᠰᠠᠨᠠᠭᠠᠨ᠎ᠤ ᠠᠵᠢᠯᠯᠠᠭ᠎ᠠ ᠪᠠᠭᠤᠷᠠᠬᠤ ᠢᠯᠡᠷᠡᠯ ᠲᠠᠢ᠃ ᠡᠮᠴᠢᠯᠡᠭᠡᠨ᠎ᠦ ᠢᠯᠡᠷᠡᠯ ᠨᠢ  ᠠᠯᠵᠠᠭᠤ ᠵᠠᠯᠬᠠᠭᠤ᠂ ᠠᠵᠢᠯ ᠬᠢᠬᠦ᠌ ᠳᠤᠷ᠎ᠠ ᠦᠭᠡᠢ᠂ ᠡᠷᠭᠢᠨ ᠲᠣᠭᠣᠷᠢᠨ᠎ᠤ ᠬᠥᠮᠦᠰ᠎ᠲᠡᠶ᠎ᠪᠡᠨ ᠬᠠᠷᠢᠯᠴᠠᠬᠤ ᠳᠤᠷ᠎ᠠ ᠦᠭᠡᠢ᠂ ᠦᠷᠭᠦᠯᠵᠢ ᠭᠠᠭ᠍ᠴᠠᠭᠠᠷ ᠰᠠᠭᠤᠬᠤ ᠪᠤᠶᠤ ᠡᠳᠦᠷᠵᠢᠨ ᠬᠡᠪᠲᠡᠵᠦ᠍᠂ ᠲᠥᠷᠥᠯ ᠰᠠᠳᠤᠨ ᠨᠠᠢᠵᠠ ᠨᠥᠬᠥᠳ᠎ᠡᠴᠡ᠎ᠪᠡᠨ ᠵᠠᠢᠳᠠᠵᠤ᠂ ᠨᠡᠢᠭᠡᠮ᠎ᠦᠨ ᠬᠠᠷᠢᠯᠴᠠᠭ᠎ᠠ᠎ᠠᠴᠠ ᠵᠠᠢᠯᠠᠳᠠᠭ᠃ ᠬᠦᠨᠳᠦ ᠨᠣᠴᠢᠲᠠᠶ ᠦᠶ᠎ᠡ ᠎ᠳᠦ ᠢᠳᠡᠵᠦ ᠤᠤᠭᠤᠬᠤ ᠵᠡᠷᠭᠡ ᠹᠢᠽᠢᠣᠯᠣᠭᠢ᠎ᠶ᠋ᠢᠨ ᠬᠡᠷᠡᠭ᠌ᠴᠡᠭᠡ ᠪᠠ ᠬᠤᠪᠢ ᠬᠥᠮᠦᠨ᠎ᠦ ᠡᠷᠡᠭᠦᠯ ᠬᠠᠮᠠᠭᠠᠯᠠᠯ᠎ᠢ ᠴᠤ᠌ ᠬᠠᠮᠢᠶᠠᠷᠬᠤ ᠥᠬᠡᠶ ᠪᠤᠯᠳᠠᠭ᠃ ᠰᠡᠳᠭᠢᠯ ᠵᠣᠪᠠᠵᠤ ᠪᠠᠢᠭ᠎ᠠ ᠡᠪᠡᠳᠴᠢᠲᠡᠨ᠂ ᠰᠠᠭᠤᠵᠤ ᠲᠣᠭ᠍ᠲᠠᠬᠤ ᠦᠭᠡᠢ᠂ ᠭᠠᠷ᠎ᠤᠨ ᠬᠤᠷᠤᠭᠤ᠎ᠪᠠᠨ ᠪᠠᠷᠢᠬᠤ᠂ ᠭᠠᠷ᠎ᠢᠶᠠᠨ ᠨᠤᠬᠤᠯᠠᠵᠤ᠂ ᠬᠥᠯ᠎ᠢᠶᠡᠨ ᠵᠣᠪᠠᠭᠠᠬᠤ ᠪᠤᠶᠤ ᠨᠠᠭᠠᠰᠢ ᠴᠠᠭᠠᠰᠢ ᠠᠯᠬᠤᠯᠠᠬᠤ ᠵᠡᠷᠭᠡ ᠢᠯᠡᠷᠡᠯ᠎ᠲᠡᠶ᠃ ᠬᠦᠨᠳᠦ ᠡᠪᠡᠳᠴᠢᠲᠡᠨ ᠦᠷᠭᠦᠯᠵᠢ ᠪᠡᠶ᠎ᠡ᠎ᠪᠡᠨ ᠬᠤᠤᠷᠯᠠᠬᠤ ᠨᠠᠵᠠᠭᠠᠶ ᠦᠵᠡᠯᠲᠡ ᠪᠤᠶᠤ ᠦᠢᠯᠡ ᠠᠵᠢᠯᠯᠠᠭ᠎ᠠ᠎ᠲᠠᠶ᠃ 《ᠥᠪᠡᠷ᠎ᠦᠨ ᠠᠮᠢ ᠨᠠᠰᠤ᠎ᠪᠠᠨ ᠡᠴᠦᠰᠯᠡᠭᠦᠯᠬᠦ᠌ ᠪᠣᠯ ᠨᠢᠭᠡ ᠵᠦᠢᠯ᠎ᠦᠨ ᠮᠤᠯᠲᠤᠷᠠᠯ ᠮᠥᠨ》᠂ 《ᠥᠪᠡᠷ᠎ᠢᠶᠡᠨ ᠳᠡᠯᠡᠬᠡᠢ ᠳᠡᠭᠡᠷ᠎ᠡ ᠠᠮᠢᠳᠤᠷᠠᠪᠠᠯ ᠢᠯᠡᠭᠦᠴᠡ ᠬᠥᠮᠦᠨ ᠮᠥᠨ》 ᠭᠡᠵᠦ᠍ ᠦᠵᠡᠬᠦ᠌᠎ᠶ᠋ᠢᠨ ᠬᠠᠮᠲᠤ ᠪᠡᠶ᠎ᠡ᠎ᠪᠡᠨ ᠬᠣᠣᠷᠯᠠᠬᠤ ᠭᠣᠷᠢᠳᠠᠯᠭ᠎ᠠ᠎ᠪᠠᠨ ᠪᠡᠶ᠎ᠡ᠎ᠪᠡᠨ ᠬᠣᠣᠷᠯᠠᠬᠤ ᠠᠵᠢᠯᠯᠠᠭ᠎ᠠ ᠪᠣᠯᠭᠠᠨ ᠬᠥᠭ᠌ᠵᠢᠭᠦᠯᠬᠦ᠌ ᠪᠣᠯᠤᠨ᠎ᠠ᠃ ᠡᠨᠡ ᠪᠣᠯ ᠭᠠᠩᠰᠠᠷᠠᠬᠤ ᠬᠡᠮ᠎ᠤᠨ ᠬᠠᠮᠤᠭ᠎ᠤᠨ ᠠᠶᠤᠯ᠎ᠲᠠᠶ ᠢᠯᠡᠷᠡᠯ ᠪᠤᠯᠤᠨ᠎ᠠ᠃

ᠪᠡᠶ᠎ᠡ᠎ᠶ᠋ᠢᠨ ᠢᠯᠡᠷᠡᠯ

ᠭᠣᠣᠯᠳᠠᠭᠤ ᠨᠣᠢᠷ ᠮᠠᠭᠤᠳᠠᠬᠤ᠂ ᠲᠠᠮᠢᠷᠳᠠᠬᠤ᠂ ᠢᠳᠡᠭᠡᠨ᠎ᠦ ᠳᠤᠷᠠᠱᠢᠯ ᠮᠠᠭᠤᠳᠠᠬᠤ᠂ ᠪᠡᠶ᠎ᠡ᠎ᠶ᠋ᠢᠨ ᠬᠦᠨᠳᠦ ᠪᠠᠭᠤᠷᠠᠬᠤ᠂ ᠬᠣᠷᠭᠣᠰᠣᠯᠠᠬᠤ᠂ ᠪᠡᠶ᠎ᠡ᠎ᠶ᠋ᠢᠨ ᠶᠠᠮᠠᠷᠪᠠ ᠬᠡᠰᠡᠭ᠎ᠲᠦ ᠡᠪᠡᠳᠬᠦ᠌᠂ ᠬᠤᠷᠢᠴᠠᠯ᠎ᠤᠨ ᠳᠤᠷᠠᠱᠢᠯ ᠮᠠᠭᠤᠳᠠᠬᠤ᠂ ᠡᠷ᠎ᠡ ᠪᠡᠯᠭᠡ᠎ᠶ᠋ᠢᠨ ᠰᠤᠯᠠᠷᠠᠯ᠂ ᠰᠠᠷ᠎ᠠ᠎ᠶ᠋ᠢᠨ ᠭᠬᠢᠷ ᠬᠣᠷᠢᠭ᠍ᠳᠠᠬᠤ ᠵᠡᠷᠭᠡ ᠢᠯᠡᠷᠡᠯ ᠲᠠᠢ᠃ ᠪᠡᠶ᠎ᠡ ᠡᠪ ᠦᠭᠡᠢ ᠪᠠᠢᠬᠤ ᠨᠢ ᠳᠤᠷ᠎ᠠ ᠪᠤᠯᠭᠢᠬᠤ᠂ ᠪᠥᠭᠡᠯᠵᠢᠬᠦ᠌᠂ ᠵᠢᠷᠦᠬᠡ ᠲᠦᠭ᠌ᠰᠢᠬᠦ᠌᠂ ᠴᠡᠭᠡᠵᠢ ᠪᠤᠬᠢᠨᠢᠳᠤᠬᠤ᠂ ᠬᠥᠯᠥᠰᠥ᠍ ᠭᠠᠷᠬᠤ ᠵᠡᠷᠭᠡ ᠳᠣᠲᠣᠷ ᠡᠷᠬᠡᠲᠡᠨ᠎ᠲᠡᠶ ᠬᠣᠯᠪᠣᠭ᠍ᠳᠠᠨ᠎ᠠ᠃ ᠥᠪᠡᠷ᠎ᠦᠨ ᠡᠷᠬᠡᠲᠦ ᠮᠡᠳᠡᠷᠡᠯ᠎ᠦᠨ ᠠᠵᠢᠯᠯᠠᠭ᠎ᠠ ᠲᠡᠩᠴᠡᠭᠦᠷᠢ᠎ᠪᠡᠨ ᠠᠯᠳᠠᠬᠤ ᠡᠪᠡᠳᠴᠢᠨ᠎ᠦ ᠱᠢᠨᠵᠢ ᠴᠦ᠍ ᠦᠷᠭᠦᠯᠵᠢ ᠬᠠᠷᠠᠭ᠍ᠳᠠᠳᠠᠭ᠃ ᠨᠣᠢᠷ᠎ᠤᠨ ᠰᠠᠭᠠᠳ ᠨᠢ ᠭᠣᠣᠯᠳᠠᠭᠤ ᠡᠷᠲᠡ ᠰᠡᠷᠡᠬᠦ᠌᠎ᠪᠡᠷ ᠢᠯᠡᠷᠡᠳᠡᠭ᠂ ᠡᠩ᠎ᠦᠨ ᠦᠶ᠎ᠡ᠎ᠡᠴᠡ 2 — 3 ᠴᠠᠭ ᠡᠷᠲᠡ ᠰᠡᠷᠡᠳᠡᠭ ᠃ ᠵᠠᠷᠢᠮ ᠨᠢ ᠤᠷᠳᠤ ᠬᠤᠭᠤᠴᠠᠭ᠎ᠠ ᠪᠡᠷ ᠤᠨᠲᠠᠵᠤ ᠣᠷᠣᠬᠤ ᠦᠭᠡᠢ ᠢᠯᠡᠷᠡᠯ᠎ᠲᠡᠶ; ᠴᠥᠭᠡᠨ ᠲᠣᠭᠠᠨ᠎ᠤ ᠡᠪᠡᠳᠴᠢᠲᠡᠨ᠎ᠦ ᠤᠨᠲᠠᠬᠤ ᠴᠠᠭ ᠨᠢ ᠬᠡᠳᠦᠷᠡᠵᠦ᠂ ᠪᠠᠰᠡ ᠴᠥᠭᠡᠨ ᠲᠣᠭᠠᠨ᠎ᠤ ᠡᠪᠡᠳᠴᠢᠲᠡᠨ᠎ᠤ ᠢᠳᠡᠭᠡᠨ᠎ᠦ ᠳᠤᠷᠠᠱᠢᠯ ᠨᠢ ᠨᠡᠮᠡᠭᠳᠡᠵᠦ᠂ ᠪᠡᠶ᠎ᠡ᠎ᠶ᠋ᠢᠨ ᠬᠦᠨᠳᠦ᠍ ᠨᠢ ᠨᠡᠮᠡᠭ᠌ᠳᠡᠳᠡᠭ ᠪᠠᠢᠨ᠎ᠠ᠃

ᠤᠷᠢᠳᠴᠢᠯᠠᠨ ᠰᠡᠷᠭᠡᠢᠯᠡᠬᠦ᠌ 

ᠭᠠᠩᠰᠠᠷᠠᠬᠤ ᠬᠡᠮ᠎ᠲᠡᠶ ᠡᠪᠡᠳᠴᠢᠲᠡᠨ᠎ᠢ 10 ᠵᠢᠯ ᠮᠥᠷᠳᠡᠭᠰᠡᠨ ᠰᠤᠳᠤᠯᠭᠠᠨ᠎ᠳᠤ ᠢᠯᠡᠷᠡᠭᠦᠯᠦᠭ᠌ᠰᠡᠨ᠎ᠢᠶᠡᠷ᠂ 75%— 80% ᠵᠢᠨ ᠡᠪᠡᠳᠴᠢᠲᠡᠨ ᠣᠯᠠᠨ ᠤᠳᠠᠭ᠎ᠠ ᠳᠠᠬᠢᠨ ᠡᠪᠡᠳᠴᠢᠯᠡᠳᠡᠭ ᠪᠠᠢᠨ᠎ᠠ᠂ ᠡᠢᠨ᠎ᠬᠦ ᠭᠠᠩᠰᠠᠷᠠᠬᠤ ᠬᠡᠮ᠎ᠲᠡᠶ ᠡᠪᠡᠳᠴᠢᠲᠡᠨ ᠤᠷᠢᠳᠴᠢᠯᠠᠨ ᠰᠡᠷᠭᠡᠢᠯᠡᠬᠦ᠌ ᠴᠢᠨᠠᠷᠲᠠᠶ ᠡᠮᠴᠢᠯᠡᠭᠡ ᠬᠢᠬᠦ᠌ ᠴᠢᠬᠤᠯᠠᠲᠠᠶ᠃ ᠡᠪᠡᠳᠴᠢᠨ ᠨᠢ 3 ᠤᠳᠠᠭ᠎ᠠ᠎ᠠᠴᠠ ᠳᠡᠭᠡᠭ᠌ᠰᠢ ᠲᠠᠬᠢᠨ ᠬᠥᠳᠡᠯᠪᠡᠯ ᠤᠷᠲᠤ ᠬᠤᠭᠤᠴᠠᠭ᠎ᠠ᠎ᠪᠠᠷ ᠡᠮᠨᠡᠨ ᠵᠠᠰᠠᠵᠤ᠂ ᠴᠢᠨᠠᠭ᠍ᠰᠢᠯᠠᠪᠠᠯ ᠨᠠᠰᠤᠨ ᠲᠤᠷᠱᠢᠳᠠ ᠡᠮ ᠤᠤᠭᠤᠬᠤ ᠬᠡᠷᠡᠭ᠌ᠲᠡᠢ᠃ ᠪᠠᠰᠠ ᠲᠣᠭ᠍ᠲᠠᠮᠠᠯ ᠬᠤᠭᠤᠴᠠᠭ᠎ᠠ᠎ᠲᠠᠶ ᠡᠭᠦᠳᠡᠨ ᠡᠮᠨᠡᠯᠭᠡ᠎ᠳᠦ ᠬᠦᠷᠴᠦ᠍ ᠮᠥᠷᠳᠡᠨ ᠪᠠᠢᠴᠠᠭᠠᠵᠤ ᠠᠵᠢᠭ᠍ᠯᠠᠬᠤ ᠬᠡᠷᠡᠭ᠌ᠲᠡᠢ᠃ ᠰᠡᠳᠭᠢᠴᠡ᠎ᠶ᠋ᠢᠨ ᠡᠮᠴᠢᠯᠡᠭᠡ ᠪᠠ ᠨᠡᠢᠭᠡᠮ᠎ᠦᠨ ᠳᠡᠮᠵᠢᠯᠭᠡ᠎ᠶ᠋ᠢᠨ ᠱᠢᠰᠲ᠋ᠧᠮ ᠨᠢ ᠲᠤᠰ ᠡᠪᠡᠳᠴᠢᠨ᠎ᠦ ᠳᠠᠬᠢᠨ ᠬᠥᠳᠡᠯᠬᠦ᠌᠎ᠶ᠋ᠢ ᠤᠷᠢᠳᠴᠢᠯᠠᠨ ᠰᠡᠷᠭᠡᠢᠯᠡᠬᠦ᠌᠎ᠳᠦ ᠮᠠᠰᠢ ᠴᠢᠬᠤᠯᠠ ᠦᠢᠯᠡᠳᠦᠯ᠎ᠲᠡᠶ᠂ ᠡᠪᠡᠳᠴᠢᠲᠡᠨ᠎ᠦ ᠬᠡᠳᠦ ᠬᠦᠨᠳᠦ ᠰᠡᠳᠭᠢᠯ᠎ᠦᠨ ᠳᠠᠷᠤᠭᠠᠰᠤ ᠪᠠ ᠳᠠᠷᠤᠯᠲᠠ᠎ᠶ᠋ᠢ ᠠᠯᠢ ᠴᠢᠳᠠᠬᠤ᠎ᠪᠠᠷ ᠠᠷᠢᠯᠭᠠᠬᠤ ᠪᠤᠶᠤ ᠬᠥᠩᠭᠡᠷᠡᠭᠦᠯᠵᠦ᠍᠂ ᠡᠪᠡᠳᠴᠢᠲᠡᠨ᠎ᠢ ᠬᠠᠪᠰᠤᠷᠤᠨ ᠠᠮᠢᠳᠤᠷᠠᠯ ᠪᠠ ᠠᠵᠢᠯ᠎ᠤᠨ ᠳᠤᠮᠳᠠᠬᠢ ᠪᠣᠳᠠᠲᠠᠢ ᠬᠦᠴᠢᠷᠳᠡᠯ ᠵᠢᠴᠢ ᠠᠰᠠᠭᠤᠳᠠᠯ᠎ᠢ ᠨᠢ ᠱᠢᠢᠳᠪᠦᠷᠢᠯᠡᠵᠦ᠍ ᠂ ᠡᠪᠡᠳᠴᠢᠲᠡᠨ᠎ᠤ ᠠᠷᠭᠠᠴᠠᠬᠤ ᠴᠢᠳᠠᠪᠤᠷᠢ᠎ᠶ᠋ᠢ ᠨᠢ ᠳᠡᠭᠡᠭ᠌ᠰᠢᠯᠡᠭᠦᠯᠬᠦ᠌᠎ᠶ᠋ᠢᠨ ᠬᠠᠮᠲᠤ ᠰᠠᠢᠨ ᠰᠠᠢᠬᠠᠨ ᠣᠷᠴᠢᠨ ᠲᠣᠭᠣᠷᠢᠨ᠎ᠢ ᠢᠳᠡᠪᠬᠢᠲᠡᠢ ᠪᠣᠢ ᠪᠣᠯᠭᠠᠵᠤ᠂ ᠡᠪᠡᠳᠴᠢᠨ ᠨᠢ ᠳᠠᠬᠢᠨ ᠬᠥᠳᠡᠯᠬᠦ᠌᠎ᠡᠴᠡ ᠰᠡᠷᠭᠡᠢᠯᠡᠬᠦ᠌ ᠬᠡᠷᠡᠭ᠌ᠲᠡᠢ᠃ 

ᠰᠤᠪᠢᠯᠠᠬᠤ

ᠰᠡᠳᠭᠢᠯ ᠰᠠᠨᠠᠭ᠎ᠠ ᠠᠭᠤᠵᠢᠭᠤ ᠲᠠᠯᠪᠢᠭᠤ᠂ ᠪᠠᠶᠠᠰᠤᠩᠭᠤᠶ᠂ ᠠᠭᠤᠳᠠᠮᠴᠢ ᠪᠠᠭᠳᠠᠭᠠᠮᠵᠢ ᠲᠠᠢ ᠪᠠᠢᠵᠦ᠂ ᠡᠪᠡᠳᠴᠢᠨ ᠡᠮᠭᠡᠭ᠎ᠢ ᠢᠯᠠᠨ ᠳᠠᠪᠠᠬᠤ ᠢᠲᠡᠭᠡᠯ ᠵᠣᠷᠢᠭ᠎ᠢᠶᠠᠨ ᠪᠠᠲᠤᠳᠭᠠᠬᠤ ᠬᠡᠷᠡᠭ᠌ᠲᠡᠶ᠃ ᠭᠦᠶ᠋ᠴᠡᠳ ᠤᠨᠲᠠᠬᠤ᠎ᠶ᠋ᠢ ᠠᠩᠬᠠᠷᠴᠤ᠌᠂ ᠬᠡᠲᠦᠷᠬᠡᠶ ᠶᠠᠳᠠᠷᠠᠬᠤ᠎ᠠᠴᠠ ᠵᠠᠢᠯᠠᠰᠭᠢᠵᠦ᠍᠂ ᠠᠵᠢᠯᠯᠠᠵᠤ ᠠᠮᠠᠷᠠᠬᠤ᠎ᠶ᠋ᠢ ᠤᠶᠠᠯᠳᠤᠭᠤᠯᠵᠤ᠂ ᠠᠮᠢᠳᠤᠷᠠᠯ᠎ᠤᠨ ᠵᠢᠮ᠎ᠡ ᠬᠠᠤᠯᠢ᠎ᠶ᠋ᠢ ᠠᠩᠬᠠᠷᠬᠤ ᠬᠡᠷᠡᠭ᠌ᠲᠡᠶ᠃ ᠢᠳᠡᠭᠡᠨ ᠤᠮᠳᠠᠭᠠᠨ᠎ᠤ ᠲᠠᠯ᠎ᠠ᠎ᠪᠠᠷ ᠬᠥᠩᠭᠡᠨ ᠱᠢᠮ᠎ᠡ ᠲᠡᠵᠢᠭᠡᠯ᠎ᠲᠡᠶ ᠢᠳᠡᠭᠡᠨ᠎ᠢ ᠢᠯᠡᠭᠦᠬᠡᠨ ᠢᠳᠡᠵᠦ᠍᠂ ᠢᠳᠡᠭᠡᠨ ᠤᠮᠳᠠᠭᠠᠨ᠎ᠤ ᠲᠡᠩᠴᠡᠭᠦᠷᠢ᠎ᠶ᠋ᠢ ᠠᠩᠬᠠᠷᠬᠤ ᠬᠡᠷᠡᠭ᠌ᠲᠡᠶ᠃ ᠭᠤᠱᠤᠭᠤᠨ ᠰᠡᠳᠡᠯᠲᠡ᠎ᠲᠡᠶ ᠢᠳᠡᠭᠡᠨ᠎ᠢ ᠴᠡᠭᠡᠷᠯᠡᠵᠦ᠂ ᠱᠢᠨ᠎ᠡ ᠰᠣᠷᠭᠣᠭ ᠨᠣᠭᠣᠭ᠎ᠠ ᠪᠠ ᠵᠢᠮᠢᠰ ᠢᠯᠡᠭᠦᠭᠡᠨ ᠢᠳᠡᠭᠦ ᠪᠤᠶᠤ ᠡᠭᠡᠯᠢᠯᠡᠭᠡ᠎ᠶ᠋ᠢᠨ ᠴᠢᠳᠠᠪᠤᠷᠢ᠎ᠶ᠋ᠢ ᠳᠡᠭᠡᠭ᠌ᠰᠢᠯᠡᠭᠦᠯᠬᠦ᠌ ᠢᠳᠡᠭᠡᠨ᠎ᠢ ᠢᠯᠡᠭᠦᠬᠡᠨ ᠢᠳᠡᠵᠦ᠍᠂ ᠪᠡᠶ᠎ᠡ ᠮᠠᠬᠠᠪᠣᠳ᠎ᠤᠨ ᠵᠢᠡᠨ ᠡᠪᠡᠳᠴᠢᠨ᠎ᠢ ᠡᠰᠡᠷᠭᠦᠴᠡᠬᠦ᠌ ᠴᠢᠳᠠᠪᠤᠷᠢ᠎ᠶ᠋ᠢ ᠳᠡᠭᠡᠭ᠌ᠰᠢᠯᠡᠭᠦᠯᠵᠦ ᠪᠤᠯᠤᠨ᠎ᠠ᠃

ᠢᠷᠡᠯᠳᠡ᠄ ᠪᠠᠢ ᠳᠦ ᠪᠠᠢ ᠺᠸ ᠰᠦᠯᠵᠢᠶ᠎ᠠ

ᠡᠮᠬᠢᠯᠡᠭᠴᠢ᠄ ᠯᠢᠤ ᠯᠠᠨ ᠯᠠᠨ 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号