ᠵᠠᠯᠠᠭᠤᠴᠤᠳ ᠪᠠᠭᠠᠴᠤᠳ᠎ᠤᠨ ᠲᠤᠯᠤᠭᠠᠨ ᠵᠦᠢᠯ᠎ᠤᠨ ᠡᠷᠡᠬᠦᠯ ᠪᠤᠰᠤ ᠰᠡᠳᠬᠢᠴᠡ
2023-02-27 20:12:52
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠵᠠᠯᠠᠭᠤᠴᠤᠳ ᠪᠠᠭᠠᠴᠤᠳ ᠪᠤᠯ ᠶᠠᠭ ᠦᠰᠦᠨ ᠪᠤᠢᠵᠢᠵᠤ ᠪᠠᠢᠭ᠎ᠠ ᠦᠶ᠎ᠡ᠎ᠳᠡᠭᠡᠨ ᠪᠠᠢᠭ᠎ᠠ ᠪᠤᠯᠬᠤᠷ᠂ ᠮᠡᠳᠡᠯᠭᠡ ᠪᠠ ᠠᠮᠢᠳᠤᠷᠠᠯ᠎ᠤᠨ ᠲᠤᠷᠰᠢᠯᠭ᠎ᠠ ᠪᠡᠷ ᠲᠤᠳᠠᠮᠠᠭ ᠪᠠᠢᠵᠤ᠂ ᠵᠠᠷᠢᠮ᠎ᠳᠠᠭᠠᠨ ᠡᠷᠡᠭᠦᠯ ᠪᠤᠰᠤ ᠰᠡᠳᠬᠢᠴᠡ ᠵᠢᠨ ᠢᠯᠡᠷᠡᠯ ᠭᠠᠷᠳᠠᠭ᠃ ᠬᠡᠷᠪᠡ ᠲᠤᠤᠷᠠᠬᠢ ᠬᠡᠳᠦᠨ ᠲᠠᠯ᠎ᠠ ᠵᠢᠨ ᠢᠯᠡᠷᠡᠯ ᠮᠡᠳᠡᠭᠳᠡᠪᠡᠯ ᠴᠠᠭ ᠲᠤᠬᠠᠢ᠎ᠳᠤᠨᠢ ᠵᠠᠯᠠᠷᠠᠭᠤᠯᠵᠤ ᠰᠤᠷᠭᠠᠬᠤ ᠪᠤᠶᠤ ᠵᠠᠰᠠᠨ ᠡᠮᠴᠢᠯᠡᠬᠦᠯᠵᠤ᠂ ᠰᠡᠳᠬᠢᠯ᠎ᠤᠨ ᠬᠡᠮ ᠠᠷᠬᠠᠭ ᠪᠤᠶᠤ ᠡᠪᠡᠳᠴᠢᠨ᠎ᠤ ᠬᠦᠨᠳᠦᠷᠡᠯ ᠲᠡᠢ ᠪᠤᠯᠬᠤ ᠡᠴᠡ ᠵᠠᠢᠯᠠᠰᠬᠢᠬᠦ ᠬᠡᠷᠡᠭᠳᠡᠢ᠄

1. ᠪᠤᠬᠢᠨᠢᠳᠤᠬᠤ — ᠤᠯᠠᠨ ᠵᠦᠢᠯ᠎ᠤᠨ ᠰᠢᠯᠳᠠᠭᠠᠨ ᠡᠴᠡ ᠪᠤᠯᠵᠤ ᠵᠠᠯᠠᠭᠤᠴᠤᠳ ᠪᠠᠭᠠᠴᠤᠳ ᠲᠦ᠍ ᠪᠤᠬᠢᠨᠢᠳᠤᠨ ᠤᠢᠳᠬᠠᠷᠯᠠᠬᠤ᠂ ᠤᠷᠤᠭᠤ ᠴᠢᠷᠠᠢᠯᠠᠵᠤ ᠤᠰᠤᠨ ᠨᠢᠳᠦᠯᠡᠬᠦ᠂ ᠦᠭᠡ ᠲᠠᠭᠤ ᠴᠦᠬᠡᠷᠡᠬᠦ ᠵᠡᠷᠭᠡ ᠪᠠᠢᠳᠠᠯ ᠭᠠᠷᠳᠠᠭ᠃ ᠨᠡᠯᠢᠶᠡᠳ ᠤᠷᠳᠤ ᠬᠤᠭᠤᠴᠠᠭ᠎ᠠ ᠪᠡᠷ ᠡᠢᠮᠦ ᠪᠠᠢᠳᠠᠯ ᠲᠡᠢ ᠪᠤᠯᠪᠠᠯ ᠠᠨᠭᠬᠠᠷᠤᠯ᠎ᠳᠠᠭᠠᠨ ᠠᠪᠬᠤ ᠬᠡᠷᠡᠭᠳᠡᠢ᠃

2. ᠪᠤᠳᠤᠯ ᠰᠠᠨᠠᠭ᠎ᠠ ᠢᠪᠴᠤᠷᠠᠬᠤ — ᠴᠢᠮᠠᠷᠬᠠᠬᠤ᠂ ᠪᠤᠰᠤᠳ ᠲᠦ᠍ ᠨᠠᠢᠷ ᠲᠠᠯᠪᠢᠬᠤ ᠦᠬᠡᠢ ᠮᠦᠷᠳᠡᠭᠡᠨ ᠪᠤᠰᠤᠳ᠎ᠢ ᠤᠢᠯᠠᠭᠠᠬᠤ ᠦᠭᠡᠢ᠂ ᠵᠢᠵᠢᠭ ᠰᠠᠵᠢᠭ ᠤᠴᠢᠷ᠎ᠤᠨ ᠤᠬᠠᠭᠠᠨ᠎ᠢ ᠤᠯᠬᠤ ᠦᠬᠡᠢ᠂ ᠢᠪᠴᠤᠤ ᠪᠤᠳᠤᠵᠤ ᠰᠡᠳᠬᠢᠯ᠎ᠤᠨ ᠮᠤᠬᠤᠷᠳᠠᠯ᠎ᠳᠦ ᠤᠷᠤᠬᠤ᠃

3. ᠠᠳᠠᠭᠠᠷᠬᠠᠬᠤ — ᠪᠤᠰᠤᠳ ᠬᠦᠮᠦᠨ ᠦᠪᠡᠷ᠎ᠤᠨ ᠪᠡᠶ᠎ᠡ ᠡᠴᠡ ᠨᠢ ᠠᠬᠠᠳᠠᠵᠤ ᠲᠠᠪᠠᠮᠠᠭᠠᠢᠯᠠᠬᠤ ᠦᠶᠡᠰ ᠬᠠᠪᠤ ᠦᠬᠡᠢ᠂ ᠲᠠᠭ᠎ᠠ ᠦᠬᠡᠢ ᠰᠠᠨᠠᠭᠳᠠᠨ᠂ ᠲᠠᠢᠰᠤᠨᠭᠨᠠᠬᠤ ᠤᠪᠤᠷ ᠭᠠᠷᠭᠠᠨ᠂ ᠴᠢᠨᠠᠭᠰᠢᠯᠠᠭᠠᠳ ᠦᠰᠢᠶᠡᠷᠬᠡᠬᠦ᠂ ᠬᠦᠳᠬᠡᠬᠦ ᠵᠡᠷᠭᠡ ᠦᠢᠯᠡ ᠬᠢᠳᠡᠯ ᠭᠠᠷᠭᠠᠵᠤ ᠠᠳᠠᠭ᠎ᠠ ᠵᠢᠲᠦᠭᠡ ᠪᠡᠨ ᠭᠠᠷᠭᠠᠬᠤ᠃

4. ᠠᠶᠤᠵᠤ ᠡᠮᠢᠶᠡᠬᠦ — ᠤᠷᠴᠢᠨ ᠲᠤᠭᠤᠷᠢᠨ ᠪᠠ ᠬᠡᠷᠡᠭ ᠤᠴᠢᠷ ᠡᠴᠡ ᠠᠶᠤᠵᠤ ᠡᠮᠢᠶᠡᠬᠦ᠂ ᠵᠢᠱ᠌ᠢᠶᠡᠯᠡᠬᠦ᠎ᠳᠦ ᠵᠡᠭᠦᠳᠦᠨ ᠡᠴᠡ ᠪᠡᠨ ᠠᠶᠤᠬᠤ᠂ ᠬᠠᠷᠠᠨᠭᠭᠤᠢ ᠡᠴᠡ ᠠᠶᠤᠬᠤ ᠵᠡᠷᠭᠡ᠃ ᠢᠯᠡᠷᠡᠯ ᠬᠦᠨᠭᠭᠡᠨ ᠨᠢ ᠵᠢᠷᠦᠬᠡᠨ ᠲᠦᠭᠰᠢᠯᠳᠡ ᠰᠢᠷᠦᠭᠦᠰᠬᠦ᠂ ᠬᠦᠯ ᠭᠠᠷ ᠴᠡᠴᠡᠷᠡᠬᠦ᠃ ᠢᠯᠡᠷᠡᠯ ᠬᠦᠨᠳᠦ ᠪᠤᠯ ᠤᠨᠳᠠᠵᠤ ᠲᠡᠢᠯᠬᠦ ᠦᠬᠡᠢ᠂ ᠨᠤᠢᠷ ᠠᠯᠳᠠᠬᠤ᠂ ᠵᠡᠭᠦᠳᠦ ᠪᠡᠷ᠎ᠢᠶᠡᠨ ᠬᠠᠰᠬᠢᠷᠴᠦ ᠪᠠᠷᠬᠢᠷᠠᠬᠤ ᠵᠡᠷᠭᠡ᠃

5. ᠬᠠᠬᠢᠷ ᠲᠤᠭᠰᠢᠨ — ᠪᠠᠭ᠎ᠠ ᠰᠠᠭ᠎ᠠ ᠤᠴᠢᠷ ᠶᠠᠪᠤᠳᠠᠯ᠎ᠳᠦ ᠠᠮᠠᠷᠬᠠᠨ ᠠᠭᠤᠷᠯᠠᠵᠤ᠂ ᠬᠠᠷᠢᠶᠠᠨ ᠵᠦᠭᠡᠬᠦ᠂ ᠬᠠᠭᠠᠯᠵᠤ ᠰᠠᠪᠠᠬᠤ᠂ ᠵᠠᠷᠢᠮ ᠨᠢ ᠪᠤᠰᠤᠳ᠎ᠢ ᠱᠤᠭᠯᠠᠵᠤ ᠲᠤᠭᠤᠬᠢᠯᠠᠨ ᠪᠠᠶᠠᠷᠯᠠᠵᠤ᠂ ᠦᠭᠡᠷ᠎ᠡ ᠪᠤᠰᠤᠳ᠎ᠢ ᠬᠠᠯᠠᠮᠵᠢᠯᠠᠵᠤ ᠬᠠᠢᠷᠠᠯᠠᠬᠤ ᠰᠡᠳᠬᠢᠯ ᠦᠭᠡᠢ ᠪᠤᠯᠬᠤ᠃

6. ᠬᠡᠲᠦᠷᠬᠡᠢ ᠰᠡᠷᠭᠡᠭ — ᠤᠶᠤᠨ ᠮᠡᠲᠡᠷᠡᠯ᠎ᠢ ᠬᠡᠳᠦ ᠰᠡᠷᠭᠡᠭ᠂ ᠰᠡᠵᠢᠭ ᠶᠡᠬᠡᠳᠡᠢ᠂ ᠬᠡᠵᠢᠶᠡᠳᠡ ᠪᠤᠰᠤᠳ᠎ᠤᠨ ᠶᠠᠷᠢᠭᠰᠠᠨ ᠦᠭᠡ ᠶᠠᠷᠢᠶ᠎ᠠ ᠦᠢᠯᠡ ᠬᠢᠳᠡᠯ᠎ᠨᠢ ᠦᠪᠡᠷ᠎ᠢ ᠨᠢ ᠮᠠᠭᠤᠴᠢᠯᠠᠵᠤ ᠭᠤᠤᠴᠢᠯᠠᠵᠤ ᠪᠠᠢᠬᠤ ᠰᠠᠨᠠᠵᠤ᠂ ᠰᠡᠳᠬᠢᠯ ᠰᠠᠨᠠᠭᠠᠨ᠎ᠤ ᠲᠤᠯᠭᠢᠰᠤᠯ ᠶᠡᠬᠡ ᠪᠤᠯᠬᠤ᠃

7. ᠭᠤᠲᠤᠷᠠᠬᠤ — ᠦᠪᠡᠷ᠎ᠤᠨ ᠪᠡᠶ᠎ᠡ᠎ᠳᠡᠭᠡᠨ ᠢᠳᠡᠭᠡᠯ ᠦᠬᠡᠢ᠂ ᠡᠯ᠎ᠡ ᠲᠠᠯ᠎ᠠ ᠪᠡᠷ ᠪᠦᠷ ᠪᠤᠰᠤᠳ᠎ᠢ ᠬᠦᠢᠴᠡᠬᠦ ᠦᠬᠡᠢ ᠬᠡᠮᠡᠨ ᠪᠤᠳᠤᠨ᠂ ᠠᠵᠢᠯ ᠰᠤᠷᠤᠯᠭ᠎ᠠ ᠠᠮᠢᠳᠤᠷᠠᠯ᠎ᠤᠨ ᠲᠠᠯ᠎ᠠ ᠪᠡᠷ ᠦᠪᠡᠷ᠎ᠢ ᠪᠡᠨ ᠪᠤᠰᠤᠳ ᠡᠴᠡ ᠲᠤᠯᠤᠭᠠᠨ ᠲᠤᠤᠷ᠎ᠠ᠎ᠳᠦ ᠦᠵᠡᠨ᠂ ᠪᠤᠰᠤᠳ᠎ᠤᠨ ᠡᠮᠦᠨ᠎ᠡ ᠲᠤᠯᠤᠭᠠᠢ ᠦᠨᠳᠡᠢᠵᠤ ᠴᠢᠳᠠᠬᠤ ᠦᠬᠡᠢ ᠪᠤᠯᠳᠠᠭ᠃ ᠡᠢᠮᠦᠷᠬᠦᠦ ᠭᠤᠳᠤᠷᠠᠯ ᠨᠢ ᠤᠷᠮ᠎ᠠ ᠵᠤᠷᠢᠭ᠎ᠢ ᠨᠦᠯᠦᠭᠡᠯᠡᠨ᠂ ᠡᠳᠦᠷ ᠢᠷᠡᠬᠦᠶ᠎ᠡ ᠲᠠᠷᠤᠭᠠᠰᠦ ᠶᠡᠬᠡᠲᠡᠢ ᠪᠤᠯᠭᠠᠳᠠᠭ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号