ᠡᠳᠡᠭᠡᠷᠡᠯᠳᠡ᠎ᠳᠤ ᠰᠠᠢᠨ ᠡᠳ᠋ ᠮᠦᠩᠬᠦᠨ᠎ᠳᠤ ᠠᠷᠪᠢᠳᠠᠢ ᠰᠡᠳᠬᠢᠯ᠎ᠳᠤ ᠲᠠᠭᠠᠯᠠᠮᠵᠢᠳᠠᠢ ᠡᠮᠴᠢᠯᠡᠭᠡ — 《 ᠬᠤᠢᠮᠤᠷ ᠲᠠᠭᠠᠨ ᠰᠠᠭᠤᠵᠦ》 ᠨᠡᠢᠰᠯᠡᠯ ᠪᠡᠬᠡᠵᠢᠡᠭ ᠎ᠤᠨ ᠲᠤᠰᠬᠠᠢ ᠮᠡᠷᠬᠡᠵᠢᠯᠳᠡᠨ᠎ᠤ ᠡᠮᠴᠢᠯᠡᠬᠡᠨ ᠎ᠤ ᠦᠢᠯᠡᠴᠢᠯᠡᠬᠡ ᠵᠢ ᠬᠦᠷᠳᠡᠬᠦ ᠪᠤᠯᠤᠯ᠎ᠠ
2023-02-27 20:14:31
ᠵᠣᠬᠢᠶᠠᠭ᠍ᠴᠢ᠄
​ᠤᠷᠭᠤᠮᠠᠯ
ᠣᠩᠱᠢᠭ᠍ᠰᠠᠨ ᠣᠳᠠᠭ᠎ᠠ᠄
★★★☆☆

《ᠪᠡᠭᠡᠵᠢᠩ ᠤ᠋ᠨ ᠨᠡᠷᠡᠳᠤ ᠡᠮᠴᠢ ᠱᠤᠤ ᠪᠢᠨ ᠡᠮᠴᠢ ᠮᠠᠨ᠎ᠤ ᠬᠦᠬᠡᠬᠤᠳᠠ᠎ᠳᠤ ᠢᠷᠡᠵᠦ ᠡᠪᠡᠳᠴᠢᠨ ᠦᠵᠡᠬᠦ ᠪᠤᠯᠤᠭᠰᠠᠨ ᠬᠠᠯᠠᠭᠤᠨ ᠴᠢᠮᠡᠭᠡ᠎ᠵᠢ ᠰᠤᠨᠤᠰᠤᠭᠠᠳ ᠶᠡᠬᠡᠳᠡ ᠪᠠᠶᠠᠷᠯᠠᠭᠰᠠᠨ ᠰᠢᠤ》ᠭᠡᠵᠦ ᠬᠦᠬᠡᠬᠣᠲᠠ ᠵᠢᠨ ᠠᠷᠠᠳ ᠬᠣᠩ ᠠᠪᠠᠬᠠᠶ ᠰᠤᠷᠪᠤᠯᠵᠢᠯᠠᠭᠴᠢ ᠳ᠋ᠦ᠍ ᠬᠦᠬᠡᠷᠦᠨ ᠶᠠᠷᠢᠨ᠎ᠠ᠃ 《ᠥᠪᠥᠷ ᠮᠣᠩᠭᠣᠯ ᠤ᠋ᠨ ᠬᠠᠪᠤᠳᠠᠷ ᠤ᠋ᠨ ᠡᠮᠨᠡᠯᠭᠡ ᠵᠢᠨ ᠬᠣᠷᠢᠶ᠎ᠠ》ᠵᠢᠨ ᠵᠢᠷᠬᠢᠶ᠎ᠡ ᠵᠢᠨ ᠤᠯᠠᠨ ᠨᠡᠢᠲᠡ ᠵᠢᠨ ᠳᠡᠪᠴᠡᠩ᠎ᠳᠡᠭᠡᠷ᠎ᠡ ᠡᠴᠡ ᠪᠡᠭᠡᠵᠢᠩ ᠤ᠋ᠨ ᠲᠤᠰᠭᠠᠶ ᠮᠡᠷᠭᠡᠵᠢᠯᠲᠡᠨ ᠲᠤᠰ ᠡᠮᠨᠡᠯᠭᠡ ᠳ᠋ᠦ᠍ ᠪᠠᠢᠩᠭᠤ ᠰᠠᠭᠤᠵᠦ ᠡᠮᠴᠢᠯᠡᠬᠦ ᠪᠤᠯᠤᠭᠰᠠᠨ ᠮᠡᠳᠡᠭᠡ ᠵᠢ ᠣᠯᠵᠤ ᠬᠠᠷᠠᠭᠰᠠᠨ᠎ᠬᠤᠩ ᠠᠪᠠᠬᠠᠢ ᠲᠡᠷᠡ ᠳᠠᠷᠤᠶ ᠳ᠋ᠦ᠍ᠨᠢ ᠪᠡᠭᠡᠵᠢᠩ ᠶᠡᠬᠡ ᠰᠤᠷᠭᠠᠭᠤᠯᠢ ᠵᠢᠨ ᠬᠠᠪᠤᠳᠠᠷ ᠤ᠋ᠨ ᠡᠮᠨᠡᠯᠭᠡ ᠵᠢᠨ ᠬᠣᠷᠢᠶᠠᠨ ᠤ᠋ ᠥᠪᠥᠷ ᠮᠣᠩᠭᠣᠯ ᠤ᠋ᠨ ᠡᠮᠨᠡᠯᠭᠡ ᠵᠢᠨ ᠬᠣᠷᠢᠶᠠᠨ ᠤ᠋ ᠬᠥᠬᠥᠨ ᠪᠤᠯᠴᠢᠷᠬᠠᠶ ᠵᠢᠨ ᠲᠥᠪ ᠤ᠋ᠨ ᠡᠷᠳᠡᠮ ᠱᠢᠨᠵᠢᠯᠡᠭᠡᠨ ᠤ᠋ ᠡᠷᠬᠢᠯᠡᠭ᠌ᠴᠢ ᠱᠤᠤ ᠪᠢᠨ ᠤ᠋ ᠡᠮᠴᠢᠯᠡᠭᠡᠨ ᠤ᠋᠎ᠳᠤᠭᠠᠷ ᠢ᠋ ᠤᠷᠢᠳᠴᠢᠯᠨᠨ ᠪᠤᠯᠵᠤᠭᠰᠠᠨ ᠪᠠᠢᠵᠠᠢ᠃ ᠬᠥᠬᠥᠨ ᠪᠤᠯᠴᠢᠷᠬᠠᠶ ᠵᠢᠨ ᠥᠮᠡᠨ ᠳ᠋ᠦ᠍ ᠨᠡᠷᠪᠡᠭ᠌ᠳᠡᠭᠰᠡᠨ ᠬᠣᠩ ᠠᠪᠠᠬᠠᠶ ᠤᠤᠯ ᠨᠢ ᠪᠡᠭᠡᠵᠢᠩ ᠶᠡᠬᠡ ᠰᠤᠷᠭᠠᠭᠤᠯᠢ ᠵᠢᠨ ᠬᠠᠪᠤᠳᠠᠷ ᠤ᠋ᠨ ᠡᠮᠨᠡᠯᠭᠡ ᠵᠢᠨ ᠬᠣᠷᠢᠶᠠᠨ ᠳ᠋ᠦ᠍ ᠬᠦᠷᠴᠦ ᠡᠮᠴᠢᠯᠡᠭᠡᠨ ᠤ᠋ ᠵᠠᠰᠠᠯ ᠬᠢᠯᠭᠡᠳᠡᠭ ᠪᠠᠢᠪᠠ᠂ ᠤᠳᠤ ᠬᠠᠷᠢᠨ ᠬᠦᠬᠡᠬᠤᠳᠠ᠎ᠳᠠᠭᠠᠨ ᠰᠢᠭᠤᠳ ᠪᠡᠭᠡᠵᠢᠩ᠎ᠤᠨ ᠲᠤᠰᠬᠠᠢ ᠮᠡᠷᠭᠡᠵᠢᠯᠳᠡᠨ ᠵᠢᠡᠷ ᠡᠮᠴᠢᠯᠡᠬᠦᠯᠬᠦ ᠪᠤᠯᠤᠭᠰᠠᠨ᠎ᠳᠠᠭᠠᠨ ᠲᠤᠭᠳᠤᠯᠤᠨ ᠪᠠᠶᠠᠷᠯᠠᠵᠦ ᠪᠠᠢᠭ᠎ᠠ ᠨᠢ ᠡᠨᠡ᠃ ᠲᠡᠬᠦᠨ᠎ᠳᠤ ᠠᠪᠴᠦ ᠬᠡᠯᠡᠪᠡᠯ ᠵᠠᠮ᠎ᠤᠨ ᠵᠠᠷᠤᠳᠠᠯ ᠡᠴᠡ ᠡᠬᠢᠯᠡᠭᠡᠳ ᠬᠤᠨᠤᠭ ᠪᠠᠭᠤᠳᠠᠯ᠎ᠤᠨ ᠵᠠᠷᠤᠳᠠᠯ ᠬᠦᠷᠳᠡᠯ᠎ᠡ ᠪᠠᠭ᠎ᠠ ᠪᠤᠰᠤ ᠮᠦᠩᠬᠦ ᠠᠷᠪᠢᠯᠠᠬᠤ ᠨᠢ ᠦᠨᠡᠨ᠃

《ᠪᠢ 2 ᠰᠠᠷ᠎ᠠ ᠵᠢᠨ 6 ᠤ᠋ ᠡᠳᠦᠷ ᠡᠮᠨᠡᠯᠭᠡ ᠳ᠋ᠦ᠍ ᠰᠠᠭᠤᠵᠦ ᠡᠮᠴᠢᠯᠡᠭᠡᠨ ᠬᠢᠭᠰᠡᠨ ᠶᠤᠮ᠂ ᠬᠣᠶᠠᠷ ᠡᠳᠦᠷ᠎ᠲᠦ ᠪᠠᠷᠤᠭ ᠵᠠᠭᠤ ᠱᠢᠬᠠᠮ ᠡᠪᠡᠳᠴᠢᠳᠡᠨ ᠢ᠋ ᠡᠮᠴᠢᠯᠡᠵᠠᠢ᠂ ᠬᠣᠩ ᠠᠪᠠᠬᠠᠢ ᠲᠠᠢ ᠠᠳᠠᠯᠢᠬᠠᠨ ᠤᠷᠳᠤ ᠬᠤᠭᠤᠴᠠᠭ᠎ᠠ ᠪᠡᠷ ᠪᠡᠭᠡᠵᠢᠩ ᠳ᠋ᠦ᠍ ᠬᠦᠷᠴᠦ᠍ ᠨᠠᠳᠠ ᠵᠢ ᠡᠷᠢᠵᠦ᠍ ᠡᠪᠡᠳᠴᠢᠨ᠎ᠵᠢᠡᠨ ᠦᠵᠡᠭᠦᠯᠵᠦ ᠪᠠᠢᠭᠰᠠᠨ ᠮᠠᠰᠢ ᠤᠯᠠᠨ ᠡᠪᠡᠳᠴᠢᠲᠡᠨ ᠲᠠᠢ ᠲᠠᠭᠠᠷᠠᠯᠳᠤᠯ᠎ᠠ᠂ ᠡᠢᠮᠦ᠍ ᠤᠯᠠᠨ ᠡᠪᠡᠳᠴᠢᠲᠡᠨ〈ᠭᠡᠷ ᠤ᠋ᠨ᠎ᠵᠢᠡᠨ ᠡᠭᠦᠳᠡᠨ〉 ᠎ᠳ᠋ᠦ᠍ ᠡᠪᠡᠳᠴᠢᠨ ᠵᠢᠡᠨ ᠡᠮᠨᠡᠬᠦᠯᠵᠦ ᠲᠡᠢᠯᠬᠦ ᠪᠤᠯᠤᠭᠰᠠᠨ᠎ᠳᠤ ᠪᠢ ᠴᠦ᠍ ᠲᠤᠩ ᠶᠡᠬᠡ ᠪᠠᠶᠠᠷᠯᠠᠵᠤ ᠪᠠᠢᠨ᠎ᠠ᠂ ᠬᠤᠢᠰᠢᠳᠠ ᠨᠡᠩ ᠰᠢᠯᠢᠳᠡᠭ ᠡᠮᠴᠢᠯᠡᠭᠡᠨ᠎ᠤ ᠡᠬᠢ ᠪᠠᠶᠠᠯᠢᠭ ᠢ᠋ ᠪᠡᠭᠡᠵᠢᠩ ᠡᠴᠡ ᠦᠪᠦᠷ ᠮᠤᠩᠭᠤᠯ᠎ᠳᠦ ᠠᠪᠴᠢᠷᠠᠨ᠎ᠡ ᠭᠡᠳᠡᠭ ᠲᠦ᠍ ᠪᠠᠳᠤ ᠢᠳᠡᠭᠡᠯ ᠲᠠᠢ》ᠭᠡᠵᠦ ᠱᠤᠤ ᠪᠢᠨ ᠡᠮᠴᠢ ᠪᠠᠶᠠᠷᠳᠠᠢᠬᠠᠨ ᠶᠠᠷᠢᠨ᠎ᠠ᠃

ᠰᠤᠷᠪᠤᠯᠵᠢᠯᠠᠭᠴᠢ ᠬᠤᠳᠤᠭᠤᠳᠦ ᠭᠡᠳᠡᠰᠦᠨ᠎ᠤ ᠭᠠᠳᠠᠷ ᠰᠠᠯᠠᠭᠠᠨ᠎ᠤ ᠡᠮᠴᠢᠯᠡᠭᠡᠨ᠎ᠤ ᠲᠠᠰᠤᠭ ᠲᠦ᠍ ᠡᠵᠢ᠎ᠵᠢᠨ ᠵᠢᠡᠨ ᠡᠪᠡᠳᠴᠢᠨ᠎ᠢ ᠡᠮᠨᠡᠬᠦᠯᠵᠦ ᠪᠠᠢᠭᠰᠠᠨ ᠪᠠᠶᠠᠨᠨᠠᠭᠤᠷ ᠬᠤᠳᠠ ᠡᠴᠡ ᠢᠷᠡᠭᠰᠡᠨ ᠵᠤᠤ ᠠᠪᠠᠬᠠᠢ ᠲᠠᠢ ᠲᠠᠭᠠᠷᠠᠯᠳᠤᠪᠠ᠃ ᠵᠤᠤ ᠠᠪᠠᠬᠠᠢ ᠵᠢᠨ ᠡᠵᠢ ᠨᠢ ᠬᠤᠳᠤᠭᠤᠳᠦ ᠭᠡᠳᠡᠰᠦᠨ᠎ᠤ ᠬᠠᠪᠤᠳᠠᠷ ᠲᠦ᠍ ᠨᠡᠷᠪᠡᠭᠳᠡᠭᠡᠳ ᠦᠷᠬᠦᠯᠵᠢ ᠪᠡᠭᠡᠵᠢᠩ ᠶᠡᠬᠡ ᠰᠤᠷᠭᠠᠭᠤᠯᠢ ᠵᠢᠨ ᠬᠠᠪᠤᠳᠠᠷ ᠤ᠋ᠨ ᠡᠮᠨᠡᠯᠭᠡ ᠵᠢᠨ ᠬᠣᠷᠢᠶᠠᠨ᠎ᠳᠦ ᠬᠦᠷᠴᠦ ᠡᠮᠨᠡᠬᠦᠯᠳᠡᠭ᠃ ᠲᠦᠷᠦᠬᠦᠭᠡᠨ ᠵᠤᠤ ᠠᠪᠠᠬᠠᠢ ᠡᠵᠢ᠎ᠵᠢ ᠨᠢ ᠡᠮᠴᠢᠯᠡᠳᠡᠭ ᠶᠠᠩ ᠬᠤᠩ ᠡᠮᠴᠢ ᠪᠡᠭᠡᠵᠢᠩ ᠶᠡᠬᠡ ᠰᠤᠷᠭᠠᠭᠤᠯᠢ ᠵᠢᠨ ᠬᠠᠪᠤᠳᠠᠷ ᠤ᠋ᠨ ᠡᠮᠨᠡᠯᠭᠡ ᠵᠢᠨ ᠬᠣᠷᠢᠶᠠᠨ ᠤ᠋ ᠥᠪᠥᠷ ᠮᠣᠩᠭᠣᠯ ᠤ᠋ᠨ ᠡᠮᠨᠡᠯᠭᠡ ᠵᠢᠨ ᠬᠣᠷᠢᠶ᠎ᠡ᠎ᠳᠦ ᠢᠷᠡᠵᠦ ᠡᠮᠴᠢᠯᠡᠬᠦ ᠪᠤᠯᠤᠭᠰᠠᠨ ᠮᠡᠳᠡᠭᠡ᠎ᠵᠢ ᠤᠯᠵᠦ ᠰᠤᠨᠤᠰᠪᠠ᠂ ᠡᠨᠡ ᠨᠢ ᠦᠷᠬᠦᠯᠵᠢ ᠪᠡᠭᠡᠵᠢᠩ᠎ᠵᠦᠭ ᠵᠠᠮᠨᠠᠵᠦ ᠪᠠᠢᠭᠰᠠᠨ ᠵᠤᠤ ᠠᠪᠠᠬᠠᠢ᠎ᠵᠢ ᠬᠠᠭ᠎ᠠ ᠪᠠᠶᠠᠷᠯᠠᠭᠤᠯᠤᠭᠰᠠᠨ ᠰᠠᠢᠨ ᠴᠢᠮᠡᠭᠡ ᠭᠡᠯᠳᠠᠢ᠃《ᠠᠳᠠᠯᠢᠬᠠᠨ ᠡᠮᠴᠢᠯᠡᠭᠡᠨ᠎ᠤ ᠵᠠᠰᠠᠯ ᠬᠢᠯᠬᠡᠵᠦ ᠪᠠᠢᠪᠠᠴᠤ ᠨᠠᠷᠢᠨ ᠲᠠᠩᠰᠠ ᠪᠤᠳᠤᠪᠠᠯ ᠤᠤᠯ ᠤ᠋ᠨ ᠵᠠᠷᠤᠳᠠᠯ᠎ᠢ ᠬᠠᠭᠠᠰ ᠵᠢᠡᠷ ᠠᠷᠪᠢᠯᠠᠵᠦ ᠪᠠᠢᠭ᠎ᠠ ᠪᠦᠭᠡᠳ ᠴᠠᠭ ᠲᠦ᠍ ᠪᠠᠰᠠ ᠠᠷᠪᠢᠳᠠᠢ ᠂ ᠪᠢᠳᠠ ᠪᠡᠭᠡᠵᠢᠩ᠎ᠳᠦ ᠬᠦᠷᠬᠦ᠎ᠳᠦ ᠤᠷᠢᠳ ᠵᠢᠡᠷ ᠮᠠᠰᠢᠨ ᠲᠡᠷᠭᠡᠨ᠎ᠳᠦ ᠰᠠᠭᠤᠵᠦ᠂ ᠳᠠᠬᠢᠭᠠᠳ ᠭᠠᠯᠳᠦ ᠲᠡᠷᠭᠡᠨ᠎ᠳᠦ ᠰᠠᠭᠤᠨ᠎ᠠ᠂ ᠡᠵᠢ᠎ᠵᠢᠨ ᠪᠡᠶ᠎ᠡ ᠮᠠᠭᠤ ᠪᠤᠯᠬᠤᠷ ᠵᠠᠮ᠎ᠳᠠᠭᠠᠨ ᠶᠡᠬᠡ ᠵᠦᠳᠡᠷᠡᠳᠡᠭ᠂ ᠪᠡᠭᠡᠵᠢᠩ᠎ᠳᠦ ᠬᠦᠷᠦᠭᠰᠡᠨ᠎ᠤ ᠳᠠᠷᠠᠭ᠎ᠠ ᠪᠠᠰᠠ ᠡᠮᠨᠡᠯᠭᠡ᠎ᠵᠢᠨ ᠬᠤᠷᠢᠶ᠎ᠠ᠎ᠵᠢᠨ ᠬᠠᠪᠢ ᠪᠡᠷ ᠬᠤᠨᠤᠭ ᠤ᠋ᠨ ᠭᠠᠵᠠᠷ ᠡᠷᠢᠨ᠎ᠠ᠂ ᠢᠳᠡᠵᠦ ᠤᠤᠭᠤᠬᠤ᠎ᠳᠦ ᠴᠦ᠍ ᠳᠦᠬᠦᠮ ᠦᠭᠡᠢ᠂ ᠡᠯ᠎ᠡ ᠭᠠᠵᠠᠷ ᠡᠴᠡ ᠢᠷᠡᠬᠦ ᠡᠪᠡᠳᠴᠢᠳᠡᠨ ᠤᠯᠠᠨ ᠪᠤᠯᠬᠤᠷ ᠨᠢᠭᠡ ᠭᠠᠷᠠᠭ ᠤ᠋ᠨ ᠡᠮᠦᠨ᠎ᠡ ᠡᠴᠡ ᠡᠬᠢᠯᠡᠵᠦ ᠤᠷᠢᠳᠴᠢᠯᠠᠨ ᠪᠤᠯᠵᠤᠬᠤ ᠴᠢᠬᠤᠯᠠ ᠲᠠᠢ ᠁ ᠶᠠᠩ ᠡᠮᠴᠢ ᠡᠨᠳᠡ ᠢᠷᠡᠵᠦ ᠡᠮᠴᠢᠯᠡᠬᠦ ᠪᠤᠯᠤᠭᠰᠠᠨ ᠮᠡᠳᠡᠭᠡ᠎ᠵᠢ ᠬᠠᠷᠠᠭᠠᠳ ᠪᠢᠳᠡ ᠦᠨᠡᠭᠡᠷ ᠶᠡᠬᠡ ᠪᠠᠶᠠᠷᠯᠠᠭᠰᠠᠨ ᠰᠢᠤ》ᠭᠡᠵᠦ ᠵᠤᠤ ᠠᠪᠠᠬᠠᠢ ᠨᠢᠳᠦᠨ᠎ᠳᠡᠭᠡᠨ ᠵᠠᠢᠷ ᠲᠠᠢ ᠬᠤᠭᠤᠯᠠᠢ ᠡᠷᠢᠶᠡᠨᠳᠦᠬᠦᠯᠦᠨ ᠶᠠᠷᠢᠯ᠎ᠠ᠃

ᠲᠠᠨᠢᠯᠴᠠᠭᠤᠯᠤᠭ᠍ᠰᠠᠨ ᠵᠢᠡᠷ᠂ 2 ᠰᠠᠷ᠎ᠠ ᠵᠢᠨ 1 ᠤ᠋ ᠡᠳᠦᠷ᠂ ᠪᠡᠭᠡᠵᠢᠩ ᠶᠡᠬᠡ ᠰᠤᠷᠭᠠᠭᠤᠯᠢ ᠵᠢᠨ ᠬᠠᠪᠤᠳᠠᠷ ᠤ᠋ᠨ ᠡᠮᠨᠡᠯᠭᠡ ᠵᠢᠨ ᠬᠣᠷᠢᠶ᠎ᠠ᠎ᠪᠠᠷ ᠳᠡᠮᠵᠢᠯᠭᠡ ᠦᠵᠡᠬᠦᠯᠬᠦ ᠡᠮᠨᠡᠯᠭᠡ ᠵᠢᠨ ᠬᠣᠷᠢᠶ᠎ᠠ ᠪᠣᠯᠭᠠᠭ᠍ᠰᠠᠨ᠂ ᠥᠪᠥᠷ ᠮᠣᠩᠭᠣᠯ ᠤ᠋ᠨ ᠬᠠᠪᠤᠳᠠᠷ ᠤ᠋ᠨ ᠡᠮᠨᠡᠯᠭᠡ ᠵᠢᠨ ᠬᠣᠷᠢᠶ᠎ᠠ᠎ᠪᠠᠷ ᠠᠴᠢᠶᠠᠯᠠᠪᠤᠷᠢ ᠪᠣᠯᠭᠠᠭ᠍ᠰᠠᠨ ᠤᠯᠤᠰ ᠤ᠋ᠨ ᠥᠮᠡᠨ ᠡᠪᠡᠳᠴᠢᠨ ᠤ᠋ ᠣᠷᠣᠨ ᠪᠦᠰᠡ ᠵᠢᠨ ᠡᠮᠴᠢᠯᠡᠭᠡᠨ ᠤ᠋ ᠲᠥᠪ ᠤ᠋ᠨ ᠪᠥᠲᠥᠭᠡᠨ ᠪᠠᠢᠭᠤᠯᠤᠯᠲᠠ ᠵᠢᠨ ᠲᠥᠷᠥᠯ ᠵᠦᠶ᠋ᠯ ᠪᠣᠯᠬᠤ ᠪᠡᠭᠡᠵᠢᠩ ᠶᠡᠬᠡ ᠰᠤᠷᠭᠠᠭᠤᠯᠢ ᠵᠢᠨ ᠬᠠᠪᠤᠳᠠᠷ ᠤ᠋ᠨ ᠡᠮᠨᠡᠯᠭᠡ ᠵᠢᠨ ᠬᠣᠷᠢᠶᠠᠨ᠎ᠤ ᠥᠪᠥᠷ ᠮᠣᠩᠭᠣᠯ ᠤ᠋ᠨ ᠡᠮᠨᠡᠯᠭᠡ ᠵᠢᠨ ᠬᠣᠷᠢᠶ᠎ᠠ (ᠥᠪᠥᠷ ᠮᠣᠩᠭᠣᠯ ᠤ᠋ᠨ ᠬᠠᠪᠤᠳᠠᠷ ᠤ᠋ᠨ ᠡᠮᠨᠡᠯᠭᠡ ᠵᠢᠨ ᠬᠣᠷᠢᠶ᠎ᠠ) ᠳ᠋ᠦ᠍ ᠪᠡᠭᠡᠵᠢᠩ᠎ᠤᠨ ᠠᠩᠬᠠᠳᠤᠭᠠᠷ ᠪᠦᠯᠦᠭ 16 ᠲᠤᠰᠭᠠᠶ ᠮᠡᠷᠭᠡᠵᠢᠯᠲᠡᠨ ᠤ᠋ ᠪᠦᠯᠬᠦᠮ ᠣᠷᠣᠵᠤ ᠰᠠᠭᠤᠪᠠ᠃ ᠲᠤᠰᠬᠠᠢ ᠮᠡᠷᠭᠡᠵᠢᠯᠲᠡᠳ ᠤᠷᠲᠤ ᠬᠤᠭᠤᠴᠠᠭ᠎ᠠ᠎ᠪᠠᠷ ᠡᠮᠨᠡᠯᠭᠡ᠎ᠳᠦ ᠰᠠᠭᠤᠵᠦ ᠡᠭᠦᠳᠡᠨ ᠡᠮᠨᠡᠯᠭᠡ᠂ ᠮᠡᠰᠡ ᠵᠠᠰᠠᠯ᠂ ᠡᠪᠡᠳᠴᠢᠳᠡᠨ᠎ᠤ ᠦᠷᠦᠭᠡ ᠪᠠᠢᠴᠠᠭᠠᠬᠤ᠂ ᠵᠢᠭᠠᠨ ᠰᠤᠷᠭᠠᠯᠲᠠ᠂ ᠡᠷᠳᠡᠮ ᠱᠢᠨᠵᠢᠯᠡᠭᠡᠨ ᠤ᠋ ᠰᠣᠯᠢᠯᠴᠠᠭ᠎ᠠ᠂ ᠬᠠᠮᠢᠶᠠᠷᠤᠯᠲᠠ ᠵᠡᠷᠭᠡ ᠠᠵᠢᠯ ᠢ᠋ ᠥᠷᠨᠢᠭᠦᠯᠦᠨ᠎ᠡ᠃ ᠡᠭᠦᠨ ᠤ᠋ ᠬᠠᠮᠲᠤ ᠪᠠᠰᠠ ᠠᠯᠤᠰ᠎ᠠᠴᠠ ᠬᠠᠮᠲᠤᠷᠠᠨ ᠣᠨᠣᠱᠢᠯᠠᠬᠤ᠂ ᠲᠤᠰᠭᠠᠶ ᠮᠡᠷᠭᠡᠵᠢᠯᠲᠡᠨ ᠤ᠋ ᠰᠦᠯᠵᠢᠶᠡᠨ ᠳᠡᠭᠡᠷ᠎ᠡ ᠹᠢᠯᠢᠮ ᠦᠵᠡᠬᠦ᠌ ᠵᠡᠷᠭᠡ ᠠᠷᠭ᠎ᠠ ᠬᠡᠯᠪᠡᠷᠢ᠎ᠶ᠋ᠢ ᠠᠱᠢᠭ᠍ᠯᠠᠨ᠂ ᠢᠨᠲ᠋ᠧᠷ ᠰᠦᠯᠵᠢᠶᠡᠨ ᠤ᠋ ᠰᠡᠳᠭᠢᠬᠦᠶ ᠪᠠ ᠱᠢᠨ᠎ᠡ ᠮᠡᠷᠭᠡᠵᠢᠯ ᠤ᠋ᠨ ᠠᠷᠭ᠎ᠠ ᠪᠠᠷᠢᠯ ᠢ᠋ ᠬᠡᠷᠡᠭ᠌ᠯᠡᠨ᠂ ᠭᠠᠵᠠᠷ ᠣᠷᠣᠨ ᠵᠢᠴᠢ ᠤᠷᠤᠨ ᠵᠠᠶ ᠵᠢᠨ ᠬᠢᠵᠠᠭᠠᠷᠯᠠᠯ ᠢ᠋ ᠳᠠᠪᠠᠵᠦ᠂ ᠡᠪᠡᠳᠴᠢᠲᠡᠨ᠎ᠳᠦ ᠠᠯᠤᠰ᠎ᠠᠴᠠ ᠣᠨᠣᠱᠢᠯᠠᠨ ᠡᠮᠴᠢᠯᠡᠬᠦ ᠦᠶ᠋ᠯᠡᠴᠢᠯᠡᠭᠡ ᠬᠠᠩᠭᠠᠵᠤ᠂ ᠡᠪᠡᠳᠴᠢᠲᠡᠨ᠎ᠤ ᠮᠥᠷᠯᠡᠵᠦ᠍ ᠵᠦᠳᠡᠷᠡᠬᠦ᠌ ᠪᠠ ᠡᠮᠨᠡᠯᠭᠡ ᠱᠢᠯᠵᠢᠨ ᠡᠮᠨᠡᠭᠦᠯᠬᠦ ᠪᠡᠷ ᠨᠠᠭᠠᠰᠢ ᠴᠠᠭᠠᠰᠢ ᠵᠡᠮᠨᠠᠬᠤ ᠵᠢ ᠪᠦᠲᠦᠮᠵᠢᠳᠠᠢ ᠰᠢᠢᠳᠪᠤᠷᠢᠯᠡᠪᠡ᠃

《ᠮᠠᠨ ᠤ᠋ ᠬᠠᠷᠠᠯᠲᠠ ᠪᠣᠯ ᠬᠣᠢᠱᠢᠳᠠ ᠵᠢᠨ ᠬᠡᠰᠡᠭ ᠬᠤᠭᠤᠴᠠᠭᠠᠨ ᠳ᠋ᠦ᠍ ᠲᠤᠬᠠᠢ᠎ᠵᠢᠨ ᠭᠠᠵᠠᠷ ᠤ᠋ᠨ ᠡᠪᠡᠳᠴᠢᠲᠡᠨ ᠳ᠋ᠦ᠍ ᠬᠠᠪᠤᠳᠠᠷ ᠤ᠋ᠨ ᠱᠢᠨᠵᠢᠯᠡᠬᠦ᠌ ᠤᠬᠠᠭᠠᠨ ᠢ᠋ ᠲᠦᠭᠡᠮᠡᠯᠵᠢᠭᠦᠯᠬᠦ᠌ ᠳᠦᠷᠢᠮᠵᠢᠭᠰᠡᠨ ᠮᠡᠳᠡᠯᠭᠡ ᠵᠢ ᠣᠢᠯᠠᠭᠠᠭᠤᠯᠬᠤ ᠶᠠᠪᠤᠳᠠᠯ ᠪᠣᠯᠤᠨ᠎ᠠ᠃ ᠲᠡᠷᠡᠴᠢᠯᠡᠨ ᠮᠡᠷᠭᠡᠵᠢᠯ᠂ ᠬᠠᠮᠢᠶᠠᠷᠤᠯᠲᠠ ᠵᠡᠷᠭᠡ ᠡᠯ᠎ᠡ ᠲᠠᠯ᠎ᠠ ᠵᠢᠨ ᠵᠡᠷᠭᠡᠴᠡᠭᠡ ᠱᠢᠯᠵᠢᠯᠲᠡ ᠪᠠ ᠣᠷᠣᠭᠤᠯᠤᠯᠲᠠ ᠪᠡᠷ ᠳᠠᠮᠵᠢᠭᠤᠯᠤᠨ᠂ ᠪᠡᠭᠡᠵᠢᠩ ᠶᠡᠬᠡ ᠰᠤᠷᠭᠠᠭᠤᠯᠢ ᠵᠢᠨ ᠬᠠᠪᠤᠳᠠᠷ ᠤ᠋ᠨ ᠡᠮᠨᠡᠯᠭᠡ ᠵᠢᠨ ᠬᠣᠷᠢᠶᠠᠨ ᠤ᠋ ᠥᠪᠥᠷ ᠮᠣᠩᠭᠣᠯ ᠤ᠋ᠨ ᠡᠮᠨᠡᠯᠭᠡ ᠵᠢᠨ ᠬᠣᠷᠢᠶᠠᠨ ᠤ᠋ ᠡᠮᠴᠢᠯᠡᠭᠡᠨ ᠤ᠋ ᠲᠦᠪᠱᠢᠨ ᠪᠠ ᠡᠮᠴᠢᠯᠡᠭᠡᠨ ᠤ᠋ ᠬᠠᠮᠢᠶᠠᠷᠤᠯᠲᠠ ᠵᠢᠨ ᠲᠦᠪᠱᠢᠨ ᠢ᠋ ᠪᠦᠬᠦᠯᠢ ᠴᠣᠭ᠍ᠴᠠ ᠪᠡᠷ ᠨᠢ ᠳᠡᠭᠡᠭ᠌ᠰᠢᠯᠡᠭᠦᠯᠵᠦ᠍᠂ ᠠᠷᠠᠳ ᠢᠷᠭᠡᠳ᠎ᠲᠦ ᠨᠠᠩ ᠦᠨᠳᠦᠷ ᠳᠦᠪᠰᠢᠨ ᠪᠦᠬᠦᠢ ᠡᠮᠴᠢᠯᠡᠭᠡ ᠬᠠᠩᠭᠠᠨ᠎ᠠ》 ᠭᠡᠵᠦ᠍ ᠱᠤᠤ ᠪᠢᠨ ᠡᠮᠴᠢ ᠤᠴᠢᠷᠯᠠᠨ᠎ᠠ᠃

ᠣᠢᠷ᠎ᠠ ᠳ᠋ᠦ᠍᠂ ᠪᠡᠭᠡᠵᠢᠩ ᠶᠡᠬᠡ ᠰᠤᠷᠭᠠᠭᠤᠯᠢ ᠵᠢᠨ ᠬᠠᠪᠤᠳᠠᠷ ᠤ᠋ᠨ ᠡᠮᠨᠡᠯᠭᠡ ᠵᠢᠨ ᠬᠣᠷᠢᠶᠠᠨ ᠤ᠋ ᠥᠪᠥᠷ ᠮᠣᠩᠭᠣᠯ ᠤ᠋ᠨ ᠡᠮᠨᠡᠯᠭᠡ ᠵᠢᠨ ᠬᠣᠷᠢᠶ᠎ᠠ ᠳ᠋ᠦ᠍ ᠪᠠᠢᠩᠭᠤ ᠰᠠᠭᠤᠬᠤ ᠲᠤᠰᠭᠠᠶ ᠮᠡᠷᠭᠡᠵᠢᠯᠲᠡᠨ ᠢᠷᠡᠭ᠌ᠰᠡᠨ᠎ᠵᠢᠡᠷ ᠪᠠᠷᠠᠬᠤ ᠥᠬᠡᠶ᠂ ᠥᠪᠥᠷ ᠮᠣᠩᠭᠣᠯ ᠤ᠋ᠨ ᠠᠷᠠᠳ ᠤ᠋ᠨ ᠡᠮᠨᠡᠯᠭᠡ ᠵᠢᠨ ᠬᠣᠷᠢᠶ᠎ᠠ᠂ ᠥᠪᠥᠷ ᠮᠣᠩᠭᠣᠯ ᠤ᠋ᠨ ᠡᠬᠡ ᠨᠢᠯᠬᠠᠰ ᠤ᠋ᠨ ᠡᠷᠡᠭᠦᠯᠵᠢᠯ ᠤ᠋ᠨ ᠡᠮᠨᠡᠯᠭᠡ ᠵᠢᠨ ᠬᠣᠷᠢᠶ᠎ᠠ ᠳ᠋ᠦ᠍ ᠣᠷᠳᠣ ᠬᠤᠭᠤᠴᠠᠭ᠎ᠠ ᠪᠡᠷ ᠡᠪᠡᠳᠴᠢᠨ ᠦᠵᠡᠭᠦ ᠲᠤᠰᠭᠠᠶ ᠮᠡᠷᠭᠡᠵᠢᠯᠲᠡᠨ ᠴᠦ᠍ ᠣᠷᠣᠵᠤ ᠰᠠᠭᠤᠭ᠍ᠰᠠᠨ ᠪᠠᠢᠨ᠎ᠠ᠃ ᠬᠦᠬᠡᠬᠣᠲᠠ ᠵᠢᠨ ᠬᠢᠲᠠᠳ ᠡᠮᠨᠡᠯᠭᠡ ᠮᠣᠩᠭᠣᠯ ᠡᠮᠨᠡᠯᠭᠡ ᠵᠢᠨ ᠬᠣᠷᠢᠶ᠎ᠠ᠂ ᠬᠦᠬᠡᠬᠣᠲᠠ ᠵᠢᠨ ᠬᠣᠶᠠᠳᠤᠭᠠᠷ ᠡᠮᠨᠡᠯᠭᠡ ᠵᠢᠨ ᠬᠣᠷᠢᠶ᠎ᠠ᠂ ᠬᠦᠬᠡᠬᠣᠲᠠ ᠵᠢᠨ ᠡᠬᠡ ᠨᠢᠯᠬᠠᠰ ᠤ᠋ᠨ ᠡᠷᠡᠭᠦᠯᠵᠢᠯ ᠤ᠋ᠨ ᠡᠮᠨᠡᠯᠭᠡ ᠵᠢᠨ ᠬᠣᠷᠢᠶ᠎ᠠ ᠵᠡᠷᠭᠡ ᠡᠮᠨᠡᠯᠭᠡ ᠵᠢᠨ ᠬᠣᠷᠢᠶ᠎ᠠ ᠭᠠᠳᠠᠷ ᠣᠷᠣᠨ ᠤ᠋ ᠡᠮᠨᠡᠯᠭᠡ ᠵᠢᠨ ᠬᠣᠷᠢᠶ᠎ᠠ ᠲᠠᠢ ᠰᠣᠯᠢᠯᠴᠠᠭ᠎ᠠ᠎ᠪᠠᠨ ᠴᠢᠩᠭᠠᠳᠭᠠᠵᠤ᠂ ᠪᠡᠭᠡᠵᠢᠩ ᠪᠠ ᠬᠥᠬᠡᠬᠣᠲᠠ᠎ᠵᠢᠨ ᠡᠷᠡᠭᠦᠯ ᠮᠡᠨᠳᠦ᠍ ᠵᠢᠨ ᠠᠵᠢᠯᠯᠠᠭ᠎ᠠ ᠴᠦ᠍ ᠶᠠᠭ ᠠᠯᠬᠤᠮ ᠠᠯᠬᠤᠮ ᠵᠢᠡᠷ ᠭᠦᠨᠵᠡᠭᠡᠢᠷᠡᠨ ᠠᠭᠢᠵᠤ ᠪᠠᠢᠨ᠎ᠠ ᠁

2 ᠰᠠᠷ᠎ᠠ ᠵᠢᠨ 10 ᠤ᠋ ᠡᠳᠦᠷ᠂ ᠨᠡᠢᠰᠯᠡᠯ ᠤ᠋ᠨ ᠠᠨᠠᠭᠠᠬᠤ ᠤᠬᠠᠭᠠᠨ ᠤ᠋ ᠶᠡᠬᠡ ᠰᠤᠷᠭᠠᠭᠤᠯᠢ ᠵᠢᠨ ᠬᠠᠷᠢᠶᠠᠲᠤ ᠪᠡᠭᠡᠵᠢᠩ ᠤ᠋ᠨ ᠬᠢᠲᠠᠳ ᠡᠮᠨᠡᠯᠭᠡ ᠵᠢᠨ ᠬᠣᠷᠢᠶᠠᠨ ᠤ᠋ ᠱᠢᠩᠭᠡᠭᠡᠯᠲᠡ ᠵᠢᠨ ᠲᠥᠪ ᠤ᠋ᠨ ᠵᠠᠩ ᠱᠧᠩ ᠱᠧᠩ ᠫᠷᠤᠹᠧᠰᠰᠤᠷ ᠤ᠋ᠨ ᠳᠠᠭᠠᠭᠤᠯᠤᠭ᠍ᠰᠠᠨ ᠨᠠᠷᠠᠲᠤ ᠡᠮᠴᠢ ᠵᠢᠨ ᠪᠦᠯᠬᠦᠮ ᠬᠦᠬᠡᠬᠣᠲᠠ ᠵᠢᠨ ᠬᠢᠲᠠᠳ ᠡᠮᠨᠡᠯᠭᠡ ᠮᠣᠩᠭᠣᠯ ᠡᠮᠨᠡᠯᠭᠡ ᠵᠢᠨ ᠬᠣᠷᠢᠶᠠᠨ ᠳ᠋ᠦ᠍ ᠬᠦᠷᠴᠦ᠍ ᠠᠬᠤᠶ ᠲᠠᠯᠠᠪᠠᠶ ᠵᠢᠨ ᠠᠬᠢᠭᠤᠯᠬᠤ ᠬᠤᠷᠠᠯ ᠬᠢᠭ᠌ᠰᠡᠨ ᠪᠥᠭᠡᠳ ᠡᠮᠴᠢᠯᠡᠭᠡ ᠬᠢᠪᠡ᠃ 《ᠪᠡᠭᠡᠵᠢᠩ ᠤ᠋ᠨ ᠨᠠᠷᠠᠲᠤ ᠲᠤᠰᠭᠠᠶ ᠮᠡᠷᠭᠡᠵᠢᠯᠲᠡᠨ ᠢ᠋ ᠤᠷᠢᠵᠤ ᠲᠣᠭ᠍ᠲᠠᠮᠠᠯ ᠬᠤᠭᠤᠴᠠᠭ᠎ᠠ ᠲᠠᠢ ᠪᠡᠷ ᠮᠠᠨ ᠤ᠋ ᠡᠮᠨᠡᠯᠭᠡ᠎ᠵᠢᠨ ᠬᠤᠷᠢᠶ᠎ᠠ ᠳ᠋ᠦ᠍ ᠢᠷᠡᠵᠦ᠍ ᠡᠮᠨᠡᠭᠦᠯᠬᠦ᠌᠂ ᠮᠡᠰᠡ ᠵᠠᠰᠠᠯ ᠬᠢᠯᠭᠡᠬᠦ᠌ ᠨᠢ ᠡᠮᠨᠡᠯᠭᠡ ᠵᠢᠨ ᠬᠣᠷᠢᠶᠠᠨ ᠤ᠋ ᠡᠮᠴᠢᠯᠡᠭᠡᠨ ᠤ᠋ ᠬᠢᠷᠢ ᠲᠦᠪᠱᠢᠨ ᠢ᠋ ᠳᠡᠭᠡᠭ᠌ᠰᠢᠯᠡᠭᠦᠯᠬᠦ᠌᠂ ᠠᠷᠠᠳ ᠣᠯᠠᠨ ᠤ᠋ ᠡᠪᠡᠳᠴᠢᠨ ᠦᠵᠡᠭᠦᠯᠬᠦ᠌ ᠳ᠋ᠦ᠍ ᠬᠦᠴᠢᠷ ᠲᠡᠶ᠂ ᠡᠪᠡᠳᠴᠢᠨ ᠦᠵᠡᠭᠦᠯᠬᠦ᠌ ᠳ᠋ᠦ᠍ ᠳᠥᠭᠥᠮ ᠦᠭᠡᠢ ᠪᠠᠢᠬᠤ ᠵᠡᠷᠭᠡ ᠠᠰᠠᠭᠤᠳᠠᠯ ᠢ᠋ ᠪᠦᠲᠦᠮᠵᠢᠲᠡᠶ ᠨᠠᠮᠳᠠᠭᠤᠯᠬᠤ ᠳ᠋ᠦ᠍ ᠠᠱᠢᠭ᠍ᠲᠠᠶ ᠶᠤᠮ》ᠭᠡᠵᠦ ᠬᠦᠬᠡᠬᠣᠲᠠ ᠵᠢᠨ ᠬᠢᠲᠠᠳ ᠡᠮᠨᠡᠯᠭᠡ ᠮᠣᠩᠭᠣᠯ ᠡᠮᠨᠡᠯᠭᠡ ᠵᠢᠨ ᠬᠣᠷᠢᠶᠠᠨ ᠤ᠋ ᠠᠯᠪᠠᠨ ᠬᠡᠷ ᠤ᠋ᠨ ᠡᠷᠬᠢᠯᠡᠭ᠌ᠴᠢ ᠸᠠᠩ ᠸᠸᠨ ᠪᠥᠸᠧ ᠪᠠᠶᠠᠷᠳᠠᠢᠬᠠᠨ ᠶᠠᠷᠢᠨ᠎ᠠ᠃ ᠲᠡᠬᠦᠨ ᠤ᠋ ᠲᠠᠨᠢᠯᠴᠠᠭᠤᠯᠤᠭᠰᠠᠨ᠎ᠵᠢᠡᠷ᠂ ᠪᠡᠭᠡᠵᠢᠩ ᠬᠦᠬᠡᠬᠤᠳᠠ᠎ᠵᠢᠨ ᠡᠷᠡᠭᠦᠯ ᠮᠡᠨᠳᠦ᠍ ᠵᠢᠨ ᠠᠵᠢᠯᠯᠠᠭ᠎ᠠ ᠵᠢ ᠥᠷᠨᠢᠭᠦᠯᠦᠭᠡᠳ ᠨᠢᠭᠡ ᠵᠢᠯ ᠬᠠᠭᠠᠰ ᠤ᠋ᠨ ᠨᠢᠭᠤᠷ ᠦᠵᠡᠵᠦ ᠪᠤᠢ᠂ᠪᠡᠭᠡᠵᠢᠩ ᠤ᠋ᠨ ᠡᠯ᠎ᠡ ᠲᠣᠮᠣ ᠡᠮᠨᠡᠯᠭᠡ ᠵᠢᠨ ᠬᠣᠷᠢᠶᠠᠨ ᠤ᠋ ᠬᠠᠪᠰᠤᠷᠤᠯᠭ᠎ᠠ ᠳᠤᠤᠷ᠎ᠠ᠂ ᠬᠦᠬᠡᠬᠤᠳᠠ᠎ᠵᠢᠨ ᠬᠢᠳᠠᠳ ᠡᠮᠨᠡᠯᠭᠡ ᠮᠤᠩᠭᠤᠯ ᠡᠮᠨᠡᠯᠭᠡ ᠵᠢᠨ ᠬᠣᠷᠢᠶ᠎ᠠ《ᠰᠠ ᠡᠪᠡᠳᠴᠢᠨ᠎ᠤ ᠲᠥᠪ》 ᠤ᠋ᠨ ᠪᠥᠲᠥᠭᠡᠨ ᠪᠠᠢᠭᠤᠯᠤᠯᠲᠠ᠂ 《ᠤᠨᠲᠠᠯᠭ᠎ᠠ᠎ᠵᠢᠨ ᠲᠥᠪ》ᠤ᠋ᠨ ᠪᠥᠲᠥᠭᠡᠨ ᠪᠠᠢᠭᠤᠯᠤᠯᠲᠠ᠂ ᠡᠮᠨᠡᠯᠭᠡ ᠵᠢᠨ ᠬᠣᠷᠢᠶᠠᠨ ᠤ᠋ ᠰᠣᠶᠣᠯ ᠤ᠋ᠨ ᠪᠠᠢᠭᠤᠯᠤᠯᠲᠠ ᠵᠡᠷᠭᠡ ᠲᠠᠯ᠎ᠠ ᠪᠡᠷ ᠱᠢᠪᠲᠤᠯᠤᠯᠲᠠ ᠵᠢᠨ ᠴᠢᠨᠠᠷᠲᠠᠶ ᠠᠬᠢᠯᠲᠠ ᠲᠠᠢ ᠪᠣᠯᠵᠣ᠂ ᠡᠮᠨᠡᠯᠭᠡ ᠵᠢᠨ ᠬᠣᠷᠢᠶᠠᠨ ᠤ᠋ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠴᠢᠳᠠᠪᠤᠷᠢ᠂ ᠡᠮᠴᠢᠯᠡᠭᠡᠨ ᠤ᠋ ᠮᠡᠷᠭᠡᠵᠢᠯ ᠤ᠋ᠨ ᠬᠢᠷᠢ ᠲᠦᠪᠱᠢᠨ ᠪᠠ ᠨᠥᠯᠥᠭᠡᠯᠡᠬᠦ᠌ ᠬᠦᠴᠦᠨ ᠴᠦ᠍ ᠮᠠᠰᠢ ᠶᠡᠬᠡ ᠳᠡᠭᠡᠭ᠌ᠰᠢᠯᠡᠯᠲᠡ᠎ᠲᠡᠶ ᠪᠣᠯᠪᠡ᠃ ᠡᠨᠡ ᠵᠢᠯ᠂ ᠬᠦᠬᠡᠬᠤᠳᠠ᠎ᠵᠢᠨ ᠬᠢᠳᠠᠳ ᠡᠮᠨᠡᠯᠭᠡ ᠮᠤᠩᠭᠤᠯ ᠡᠮᠨᠡᠯᠭᠡ ᠵᠢᠨ ᠬᠣᠷᠢᠶ᠎ᠠ ᠪᠡᠭᠡᠵᠢᠩ ᠬᠦᠬᠡᠬᠤᠳᠠ᠎ᠵᠢᠨ ᠡᠷᠡᠭᠦᠯ ᠮᠡᠨᠳᠦ᠍ ᠵᠢᠨ 15 ᠠᠵᠢᠯᠯᠠᠭ᠎ᠠ ᠵᠢ ᠪᠥᠬᠥ᠌ ᠲᠠᠯ᠎ᠠ ᠪᠡᠷ ᠥᠷᠨᠢᠭᠦᠯᠵᠦ᠍᠂ ᠪᠡᠭᠡᠵᠢᠩ ᠤ᠋ᠨ ᠡᠯ᠎ᠡ ᠡᠮᠨᠡᠯᠭᠡ ᠵᠢᠨ ᠬᠣᠷᠢᠶ᠎ᠠ ᠵᠢ ᠰᠠᠨᠠᠭᠠᠴᠢᠯᠠᠭ᠎ᠠ᠎ᠠᠴᠠ᠎ᠪᠠᠨ ᠤᠷᠢᠵᠤ᠂ ᠪᠡᠭᠡᠵᠢᠩ ᠤ᠋ᠨ ᠡᠯ᠎ᠡ ᠡᠮᠨᠡᠯᠭᠡ ᠵᠢᠨ ᠬᠣᠷᠢᠶ᠎ᠠ ᠲᠠᠢ ᠢᠳᠡᠪᠬᠢᠲᠡᠶ ᠵᠣᠯᠭᠠᠭᠤᠯᠵᠤ᠂ ᠰᠦᠯᠵᠢᠶᠡᠨ ᠡᠴᠡ ᠭᠠᠳᠠᠨ᠎ᠠ ᠡᠮᠨᠡᠭᠦᠯᠬᠦ᠌᠂ ᠳᠠᠭᠠᠭᠤᠯᠤᠨ ᠰᠤᠷᠭᠠᠬᠤ᠂ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠠᠵᠢᠯᠯᠠᠭ᠎ᠠ ᠶᠠᠪᠤᠭᠳᠠᠭᠤᠯᠬᠤ ᠵᠡᠷᠭᠡ ᠨᠠᠩ ᠣᠯᠠᠨ ᠠᠵᠢᠯᠯᠠᠭ᠎ᠠ ᠥᠷᠨᠢᠭᠦᠯᠬᠦ ᠪᠤᠯᠤᠨ᠎ᠠ᠃

ᠣᠳᠣᠬᠠᠨ ᠳ᠋ᠦ᠍᠂ ᠪᠡᠭᠡᠵᠢᠩ ᠬᠦᠬᠡᠬᠤᠳᠠ᠎ᠵᠢᠨ ᠡᠷᠡᠭᠦᠯ ᠮᠡᠨᠳᠦ᠍ ᠵᠢᠨ ᠠᠵᠢᠯᠯᠠᠭ᠎ᠠ ᠵᠢᠨ 32 ᠬᠠᠮᠲᠤᠷᠠᠯᠴᠠᠭᠠᠨ ᠤ᠋ ᠲᠥᠷᠥᠯ ᠵᠦᠶ᠋ᠯ ᠪᠦᠬᠦᠨ᠎ᠵᠢᠡᠷ᠎ᠵᠢᠡᠨ ᠫᠠᠢᠰᠠ ᠡᠯᠭᠦᠪᠡ᠃ ᠪᠡᠭᠡᠵᠢᠩ ᠬᠣᠲᠠ ᠵᠢᠨ ᠳᠡᠮᠵᠢᠯᠭᠡ ᠦᠵᠡᠬᠦᠯᠬᠦ ᠡᠮᠨᠡᠯᠭᠡ ᠵᠢᠨ ᠬᠣᠷᠢᠶ᠎ᠠ ᠵᠢᠨ ᠱᠢᠭᠤᠳ ᠬᠠᠪᠰᠤᠷᠤᠨ ᠲᠡᠳᠬᠦᠬᠦ᠌ 24 ᠲᠥᠷᠥᠯ ᠵᠦᠶ᠋ᠯ ᠤ᠋ᠨ 22 ᠨᠢ ᠨᠢᠭᠡᠨᠲᠡ ᠭᠡᠷ᠎ᠡ ᠲᠣᠭ᠍ᠲᠠᠵᠠᠶ᠃ ᠣᠢᠯᠠᠭᠠᠭ᠍ᠰᠠᠨ ᠵᠢᠡᠷ᠂ ᠡᠨᠡ ᠵᠢᠯ ᠬᠥᠬᠡᠬᠣᠲᠠ ᠪᠡᠭᠡᠵᠢᠩ ᠥᠪᠥᠷ ᠮᠣᠩᠭᠣᠯ ᠤ᠋ᠨ ᠬᠠᠪᠰᠤᠷᠤᠨ ᠲᠡᠳᠬᠦᠬᠦ᠌ ᠬᠠᠮᠲᠤᠷᠠᠯᠴᠠᠭ᠎ᠠ ᠪᠠ ᠪᠡᠭᠡᠵᠢᠩ ᠬᠦᠬᠡᠬᠤᠳᠠ᠎ᠵᠢᠨ ᠡᠷᠡᠭᠦᠯ ᠮᠡᠨᠳᠦ᠍ ᠵᠢᠨ ᠠᠵᠢᠯᠯᠠᠭ᠎ᠠ ᠳ᠋ᠦ᠍ ᠲᠦᠱᠢᠭ᠌ᠯᠡᠨ᠂ ᠴᠢᠨᠠᠷ ᠰᠠᠢᠲᠠᠶ ᠡᠮᠴᠢᠯᠡᠭᠡᠨ ᠤ᠋ ᠡᠬᠢ ᠪᠠᠶᠠᠯᠢᠭ ᠢ᠋ ᠦᠨᠳᠦᠰᠦᠨ ᠱᠠᠳᠤᠨ ᠳ᠋ᠦ᠍ ᠪᠠᠭᠤᠯᠭᠠᠬᠤ ᠵᠢ ᠤᠯᠠᠮ ᠨᠢᠭᠡ ᠠᠯᠬᠤᠮ ᠠᠬᠢᠭᠤᠯᠬᠤ ᠪᠤᠯᠤᠨ᠎ᠠ᠃ ᠡᠯ᠎ᠡ ᠲᠥᠷᠥᠯ ᠵᠦᠶ᠋ᠯ ᠢ᠋ ᠬᠥᠬᠡᠬᠣᠲᠠ ᠵᠢᠨ ᠡᠯ᠎ᠡ ᠡᠮᠨᠡᠯᠭᠡ ᠵᠢᠨ ᠬᠣᠷᠢᠶ᠎ᠠ ᠳ᠋ᠦ᠍ ᠨᠠᠢᠳᠠᠪᠤᠷᠢᠵᠢᠭᠤᠯᠬᠤ᠎ᠨᠢ ᠬᠥᠬᠡᠬᠣᠲᠠ ᠵᠢᠨ ᠴᠢᠳᠠᠪᠤᠷᠢᠲᠠᠨ ᠢ᠋ ᠬᠥᠮᠦᠵᠢᠭᠦᠯᠬᠦ᠌ ᠵᠢ ᠴᠢᠩᠭᠠᠳᠭᠠᠵᠤ᠂ ᠡᠮᠨᠡᠯᠭᠡ ᠵᠢᠨ ᠠᠵᠢᠯᠲᠠᠨ ᠤ᠋ ᠲᠤᠬᠠᠢᠯᠠᠭ᠍ᠰᠠᠨ ᠠᠵᠢᠯ ᠤ᠋ᠨ ᠴᠢᠳᠠᠪᠤᠷᠢ ᠵᠢ ᠳᠡᠭᠡᠭ᠌ᠰᠢᠯᠡᠭᠦᠯᠬᠦ᠌ ᠳ᠋ᠦ᠍ ᠠᠱᠢᠭ᠍ᠲᠠᠶ ᠪᠥᠭᠡᠳ ᠠᠷᠠᠳ ᠣᠯᠠᠨ ᠤ᠋ ᠲᠤᠬᠠᠢ᠎ᠵᠢᠨ ᠭᠠᠵᠠᠷ ᠲᠠᠭᠠᠨ᠎ᠨᠡᠢᠰᠯᠡᠯ ᠪᠡᠭᠡᠵᠢᠩ ᠤ᠋ᠨ ᠴᠢᠨᠠᠷ ᠰᠠᠢᠲᠠᠶ ᠡᠮᠴᠢᠯᠡᠭᠡᠨ ᠤ᠋ ᠦᠶ᠋ᠯᠡᠴᠢᠯᠡᠭᠡ ᠭᠥᠷᠳᠡᠬᠦ᠌ ᠬᠦᠰᠡᠯ ᠡᠷᠡᠮᠡᠯᠵᠡᠯ ᠢ᠋ ᠨᠠᠩ ᠰᠠᠢᠨ ᠬᠠᠩᠭᠠᠬᠤ ᠵᠢᠨ ᠬᠠᠮᠲᠤ ᠪᠠᠰᠠ ᠡᠷᠡᠭᠦᠯ ᠡᠩᠬᠡ ᠬᠥᠬᠡᠬᠣᠲᠠ ᠵᠢᠨ ᠪᠥᠲᠥᠭᠡᠨ ᠪᠠᠢᠭᠤᠯᠤᠯᠲᠠ ᠵᠢ ᠠᠬᠢᠭᠤᠯᠬᠤ ᠳ᠋ᠦ᠍ ᠬᠦᠴᠦᠲᠡᠶ ᠪᠠᠲᠤᠯᠠᠭ᠎ᠠ ᠬᠠᠩᠭᠠᠬᠤ ᠪᠣᠯᠤᠨ᠎ᠠ᠂ ᠨᠡᠩ ᠴᠢᠨᠠᠭᠰᠢᠯᠠᠨ ᠴᠢᠨᠠᠷ ᠰᠠᠢᠳᠠᠢ ᠡᠮᠴᠢᠯᠡᠭᠡᠨ ᠤ᠋ ᠡᠬᠢ ᠪᠠᠶᠠᠯᠢᠭ ᠤ᠋ᠨ ᠪᠠᠭᠳᠠᠭᠠᠮᠵᠢ ᠵᠢ ᠦᠷᠭᠡᠳᠭᠡᠬᠦ ᠪᠠ ᠤᠷᠤᠨ ᠪᠦᠰᠡ ᠵᠢ ᠲᠡᠩᠴᠡᠬᠦᠷᠢᠳᠠᠢ ᠪᠠᠢᠷᠢᠯᠠᠭᠤᠯᠬᠤ ᠵᠢ ᠠᠬᠢᠭᠤᠯᠵᠦ᠂ ᠤᠷᠤᠨ ᠪᠦᠰᠡ᠎ᠵᠢᠨ ᠡᠮᠴᠢᠯᠡᠭᠡᠨ ᠤ᠋ ᠦᠢᠯᠡᠴᠢᠯᠡᠭᠡᠨ ᠤ᠋ ᠬᠢᠷᠢ ᠬᠡᠮᠵᠢᠶ᠎ᠡ ᠵᠢ ᠳᠡᠭᠡᠭᠰᠢᠯᠡᠬᠦᠯᠦᠨ᠂ ᠤᠯᠠᠨ ᠲᠦᠮᠡᠨ ᠳ᠋ᠦ᠍ ᠴᠢᠨᠠᠷ ᠰᠠᠢᠳᠠᠢ ᠳᠦᠭᠦᠮ ᠲᠦᠳᠡ ᠡᠮᠴᠢᠯᠡᠭᠡᠨ ᠤ᠋ ᠦᠢᠯᠡᠴᠢᠯᠡᠭᠡ ᠬᠠᠩᠭᠠᠵᠦ᠂《ᠬᠦᠨᠳᠦ ᠡᠪᠡᠳᠴᠢᠨ᠎ᠳᠦ ᠨᠡᠷᠪᠡᠭᠳᠡᠪᠡᠯ ᠤᠷᠤᠨ ᠡᠴᠡ ᠭᠠᠷᠬᠤ ᠦᠭᠡᠢ ᠪᠡᠷ ᠡᠮᠨᠡᠬᠦᠯᠬᠦ》 ᠬᠠᠷᠠᠯᠳᠠ ᠵᠢ ᠦᠨᠡᠨ ᠬᠦ᠌ ᠪᠡᠶᠡᠯᠡᠬᠦᠯᠬᠦ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号