ᠱᠢᠨ᠎ᠡ ᠲᠢᠲᠢᠮᠯᠢᠭ ᠠᠭᠤᠰᠭᠢᠨ ᠦᠷᠪᠢᠰᠦᠯ
ᠬᠢᠳᠠᠳ ᠨᠡᠷ᠎ᠡ᠄ 新冠肺炎
ᠠᠡᠭᠭᠯᠢ ᠨᠡᠷ᠎ᠡ᠄ Corona Virus Disease 2019᠂ COVID-19
ᠨᠡᠷᠡᠢᠳᠦᠭᠰᠡᠨ ᠶᠠᠪᠤᠴᠡ᠄
2020 ᠣᠨ᠎ᠤ 1 ᠰᠠᠷ᠎ᠠ᠎ᠶ᠋ᠢᠨ 12᠎ᠤᠨ ᠡᠳᠦᠷ᠂ ᠳᠡᠯᠡᠬᠡᠶ ᠶ᠋ᠢᠨ ᠡᠷᠡᠭᠦᠯ ᠬᠠᠮᠠᠭᠠᠯᠠᠯ᠎ᠤᠨ ᠵᠣᠬᠢᠶᠠᠨ ᠪᠠᠢᠭᠤᠯᠤᠯᠲᠠ᠎ᠠᠴᠠ ᠰᠢᠨ᠎ᠠ ᠲᠢᠳᠢᠮᠯᠢᠭ ᠠᠭᠤᠰᠭᠢᠨ ᠦᠷᠪᠢᠰᠦᠯ᠎ᠢ 《2019 ᠣᠨ᠎ᠤ ᠰᠢᠨ᠎ᠠ ᠲᠢᠳᠢᠮᠯᠢᠭ ᠠᠭᠤᠰᠭᠢᠨ ᠦᠷᠪᠢᠰᠦᠯ》 ( 2019 – nCoV ) ᠭᠡᠵᠦ᠍ ᠵᠢᠩᠬᠢᠨᠢ᠎ᠪᠡᠷ ᠨᠡᠷᠡᠢᠳᠴᠡᠢ᠃
ᠡᠪᠡᠳᠴᠢᠳᠡᠨᠦ ᠭᠤᠤᠯ ᠢᠯᠡᠷᠡᠯ
ᠱᠢᠨ᠎ᠡ ᠲᠢᠲᠢᠮᠯᠢᠭ ᠠᠭᠤᠰᠭᠢᠨ ᠦᠷᠪᠢᠰᠦᠯ ᠳᠦ ᠬᠠᠯᠳᠠᠪᠤᠷᠢᠯᠠᠭ᠍ᠳᠠᠬᠰᠡᠨ ᠡᠪᠡᠳᠴᠢᠳᠡᠨ ᠨᠢ ᠭᠤᠤᠯᠳᠠᠭᠤ ᠬᠠᠭᠤᠷᠠᠶ᠎ᠪᠠᠷ ᠬᠠᠨᠢᠶᠠᠬᠤ᠂ ᠵᠠᠯᠭᠢᠭᠤᠷ᠎ᠤᠨ ᠬᠡᠰᠡᠭ᠎ᠲᠦ ᠡᠪᠡᠳᠬᠦ᠌᠂ ᠪᠠᠭ᠎ᠠ ᠬᠠᠯᠠᠭᠤᠷᠠᠬᠤ᠂ ᠲᠠᠮᠢᠷᠳᠠᠬᠤ ᠪᠠ ᠪᠥᠬᠥ᠌ ᠪᠡᠶ᠎ᠡ ᠱᠠᠷᠬᠢᠷᠠᠵᠤ ᠡᠪᠡᠳᠬᠦ᠌ ᠵᠡᠷᠭᠡ ᠢᠯᠡᠷᠡᠯ᠎ᠲᠡᠶ᠂ ᠪᠠᠰᠠ ᠴᠡᠭᠡᠵᠢ ᠡᠪᠡᠳᠬᠦ᠌᠂ ᠴᠡᠭᠡᠵᠢ ᠪᠤᠬᠢᠨᠢᠳᠤᠬᠤ ᠪᠠ ᠵᠢᠷᠦᠬᠡ ᠲᠦᠭ᠌ᠰᠢᠬᠦ᠌ ᠢᠯᠡᠷᠡᠯ᠎ᠲᠡᠢ᠃ ᠪᠠᠰᠠ ᠵᠠᠷᠢᠮ ᠡᠪᠡᠳᠴᠢᠲᠡᠨ ᠱᠢᠩᠭᠡᠭᠡᠯᠲᠡ᠎ᠶ᠋ᠢᠨ ᠱᠢᠰᠲ᠋ᠧᠮ᠎ᠦᠨ ᠡᠪᠡᠳᠴᠢᠨ᠎ᠦ ᠢᠯᠡᠷᠡᠯ᠎ᠢᠶᠡᠷ ᠡᠪᠡᠳᠴᠢᠯᠡᠵᠦ᠍᠂ ᠭᠣᠣᠯᠳᠠᠭᠤ ᠬᠡᠪᠡᠯᠢ ᠵᠢᠨ ᠭᠡᠰᠡᠭ ᠲᠸ᠋ ᠡᠪᠡᠳᠬᠦ᠌᠂ ᠭᠡᠳᠡᠰᠦ ᠬᠥᠭᠡᠭᠡᠬᠦ᠌ ᠢᠯᠡᠷᠡᠯ᠎ᠲᠡᠶ᠂ ᠵᠠᠷᠢᠮ ᠡᠪᠡᠳᠴᠢᠲᠡᠨ ᠳᠤᠷ᠎ᠠ ᠪᠤᠯᠭᠢᠬᠤ᠂ ᠪᠥᠭᠡᠯᠵᠢᠬᠦ᠌ ᠪᠠ ᠰᠠᠭᠤᠯᠭᠠᠬᠤ ᠵᠡᠷᠭᠡ ᠢᠯᠡᠷᠡᠯ᠎ᠲᠡᠶ᠃ ᠪᠠᠰᠠ ᠴᠥᠭᠡᠨ ᠲᠣᠭᠠᠨ᠎ᠤ ᠡᠪᠡᠳᠴᠢᠲᠡᠨ ᠨᠡᠢᠯᠡᠮᠡᠯ ᠪᠦᠷᠬᠦᠪᠴᠢ᠎ᠶ᠋ᠢᠨ ᠦᠷᠪᠢᠰᠦᠯ ᠪᠤᠶᠤ ᠡᠪᠡᠷᠯᠢᠭ ᠪᠦᠷᠬᠦᠪᠴᠢ᠎ᠶ᠋ᠢᠨ ᠦᠷᠪᠢᠰᠦᠯ ᠢᠯᠡᠷᠡᠵᠦ᠍᠂ ᠨᠢᠳᠦ ᠨᠢ ᠱᠠᠷᠬᠢᠷᠠᠨ ᠡᠪᠡᠳᠴᠦ᠍ ᠵᠠᠭᠠᠲᠤᠨᠠᠳᠠᠭ᠃ ᠣᠯᠠᠩᠬᠢ ᠡᠪᠡᠳᠴᠢᠲᠡᠨ᠎ᠤ ᠡᠪᠡᠳᠴᠢᠨ᠎ᠤ ᠪᠠᠢᠳᠠᠯ ᠨᠢ ᠬᠥᠩᠭᠡᠪᠳᠤᠷ ᠡᠪᠡᠳᠴᠢᠨ ᠪᠠᠢᠵᠤ᠂ ᠡᠳᠡᠭᠡᠷᠡᠯᠲᠡ ᠨᠢ ᠰᠠᠢᠨ᠂ ᠴᠥᠭᠡᠨ ᠲᠣᠭᠠᠨ᠎ᠤ ᠡᠪᠡᠳᠴᠢᠲᠡᠨ᠎ᠦ ᠡᠪᠡᠳᠴᠢᠨ᠎ᠦ ᠪᠠᠢᠳᠠᠯ ᠨᠢ ᠬᠦᠨᠳᠦ ᠲᠦᠭ᠌ᠰᠢᠭᠦᠷᠢᠲᠡᠶ᠂ ᠴᠢᠨᠠᠭ᠍ᠰᠢᠯᠠᠪᠠᠯ ᠥᠭᠦᠳᠡᠭ ᠪᠠᠢᠨ᠎ᠠ᠃
ᠲᠠᠮᠵᠢᠬᠤ ᠵᠠᠮ
ᠱᠢᠭᠤᠳ ᠲᠠᠮᠵᠢᠭᠤᠯᠭ᠎ᠠ
ᠡᠪᠡᠳᠴᠢᠳᠡᠨ ᠨᠠᠢᠳᠠᠭᠠᠬᠤ᠂ ᠬᠠᠨᠢᠶᠠᠬᠤ ᠪᠤᠶᠤ ᠦᠭᠡ ᠬᠡᠯᠡᠭᠦ ᠳᠤ ᠦᠰᠦᠷᠭᠡᠭᠰᠡᠨ ᠦᠰᠦᠷᠳᠡᠰᠦ ᠵᠡᠷᠬᠡ ᠬᠡᠢ ᠪᠡᠶᠡᠲᠦ᠎ᠵᠢ ᠤᠢᠷ᠎ᠠ ᠵᠠᠶ᠎ᠠᠴᠠ ᠱᠢᠭᠤᠳ ᠠᠮᠢᠰᠭᠤᠵᠤ ᠣᠷᠣᠭᠤᠯᠤᠭ᠍ᠰᠠᠨ ᠬᠠᠯᠳᠠᠪᠤᠷᠢᠯᠠᠯ᠎ᠢ ᠵᠢᠭᠠᠵᠤ ᠪᠠᠢᠨ᠎ᠠ
ᠬᠡᠢ ᠴᠠᠪᠠᠤᠯᠢᠭ ᠠᠭᠤᠰᠤᠮᠠᠯ ᠲᠠᠷᠬᠠᠭᠠᠯᠲᠠ
ᠦᠰᠦᠷᠳᠡᠰᠦ ᠠᠭᠠᠷ ᠳᠣᠲᠣᠷ᠎ᠠ ᠬᠣᠯᠢᠯᠳᠤᠵᠤ᠂ ᠬᠡᠶ ᠴᠠᠪᠠᠸ᠋ᠯᠢᠭ ᠠᠭᠤᠰᠤᠮᠠᠯ ᠪᠣᠯᠵᠣ ᠪᠦᠷᠢᠯᠳᠦᠭᠡᠳ ᠠᠮᠢᠰᠭᠤᠵᠤ ᠣᠷᠣᠭᠤᠯᠤᠭ᠍ᠰᠠᠨ᠎ᠤ ᠳᠠᠷᠠᠭ᠎ᠠ ᠬᠠᠯᠳᠠᠪᠤᠷᠢᠯᠠᠯ ᠡᠭᠦᠰᠭᠡᠬᠦ᠌᠎ᠶ᠋ᠢ ᠵᠢᠭᠠᠵᠤ ᠪᠠᠢᠨ᠎ᠠ
ᠬᠦᠷᠦᠯᠴᠡᠯ ᠳᠠᠮᠵᠢᠭᠤᠯᠭ᠎ᠠ
ᠦᠰᠦᠷᠳᠡᠰᠦ ᠨᠢ ᠪᠣᠳᠠᠰ᠎ᠤᠨ ᠭᠠᠳᠠᠷᠭᠤ ᠳᠡᠭᠡᠷ᠎ᠡ ᠲᠤᠨᠵᠤ᠂ ᠭᠠᠷ᠎ᠲᠠᠶ ᠬᠦᠷᠦᠯᠴᠡᠭ᠌ᠰᠡᠨᠦ ᠳᠠᠷᠠᠭ᠎ᠠ᠂ ᠳᠠᠬᠢᠨ ᠠᠮᠠᠨ ᠬᠥᠨᠳᠡᠶ᠂ ᠬᠠᠮᠠᠷ ᠤᠨ ᠬᠥᠨᠳᠡᠶ᠂ ᠨᠢᠳᠦ ᠵᠡᠷᠭᠡ ᠰᠠᠯᠢᠰᠤᠲᠤ ᠪᠦᠷᠬᠦᠪᠴᠢ᠎ᠲᠡᠶ ᠬᠦᠷᠦᠯᠴᠡᠭᠡᠳ ᠬᠠᠯᠳᠠᠪᠤᠷᠢᠯᠠᠯ ᠡᠭᠦᠰᠭᠡᠬᠦ᠌᠎ᠶ᠋ᠢ ᠵᠢᠭᠠᠵᠤ ᠪᠠᠢᠨ᠎ᠠ᠃
ᠠᠮᠠᠷᠬᠠᠨ ᠬᠠᠯᠳᠠᠪᠤᠷᠢᠯᠠᠭ᠍ᠳᠠᠬᠤ ᠬᠥᠮᠦᠰ
ᠠᠳᠠᠯᠢ ᠪᠤᠰᠤ ᠨᠠᠰᠤᠨ᠎ᠤ ᠬᠥᠮᠦᠰ ᠴᠥᠮ ᠬᠠᠯᠳᠠᠪᠤᠷᠢᠯᠠᠭ᠍ᠳᠠᠵᠤ ᠮᠡᠳᠡᠨ᠎ᠡ᠂ ᠬᠠᠯᠳᠠᠪᠤᠷᠢᠯᠠᠭ᠍ᠳᠠᠭ᠍ᠰᠠᠨ ᠨᠢ ᠭᠣᠣᠯᠳᠠᠭᠤ ᠨᠠᠰᠤᠨ᠎ᠳᠤ ᠬᠦᠷᠦᠭ᠌ᠰᠡᠳ ᠪᠣᠯᠤᠨ᠎ᠠ᠂ ᠡᠭᠦᠨ᠎ᠳᠦ ᠨᠠᠰᠤᠲᠠᠢᠴᠤᠳ ᠪᠣᠯᠤᠨ ᠪᠡᠶ᠎ᠡ ᠮᠠᠭᠤᠲᠠᠢ ᠬᠥᠮᠦᠨ ᠨᠡᠩ ᠠᠮᠠᠷᠬᠠᠨ ᠬᠠᠯᠳᠠᠪᠤᠷᠢᠯᠠᠭ᠍ᠳᠠᠳᠠᠭ᠃ ᠠᠮᠢᠲᠠᠨ᠎ᠳᠤ ᠪᠠᠰᠠ ᠬᠠᠯᠳᠠᠪᠤᠷᠢᠯᠠᠳᠠᠭ᠃
ᠨᠢᠭ᠍ᠲᠠ ᠣᠢᠷᠠᠲᠤᠭ᠍ᠰᠠᠳ
ᠡᠪᠡᠳᠴᠢᠳᠡᠨᠦ ᠵᠢᠱ᠌ᠢᠶ᠎ᠡ ( ᠰᠡᠵᠢᠭ᠌ᠯᠡᠯᠲᠡᠢ ᠪᠠ ᠣᠨᠣᠱᠢᠯᠠᠭ᠍ᠳᠠᠭᠰᠡᠨ ᠡᠪᠡᠳᠴᠢᠳᠡᠨᠦ ᠵᠢᠱ᠌ᠢᠶ᠎ᠡ ) ᠲᠠᠢ ᠳᠣᠣᠷᠠᠬᠢ ᠪᠠᠢᠳᠠᠯ᠎ᠤᠨ ᠨᠢᠭᠡ ᠨᠢ ᠪᠠᠢᠪᠠᠯ ᠨᠢᠭ᠍ᠲᠠ ᠣᠢᠷᠠᠲᠤᠭ᠍ᠰᠠᠳ ᠲᠦ᠍ ᠲᠤᠭᠠᠴᠠᠬᠳᠠᠨ᠎ᠠ᠄ ᠡᠪᠡᠳᠴᠢᠳᠡᠨᠦ ᠵᠢᠱ᠌ᠢᠶ᠎ᠡ᠎ᠲᠡᠶ ᠬᠠᠮᠲᠤ ᠰᠠᠭᠤᠬᠤ᠂ ᠰᠤᠷᠤᠯᠴᠠᠬᠤ᠂ ᠠᠵᠢᠯᠯᠠᠬᠤ ᠪᠤᠶᠤ ᠪᠤᠰᠤᠳ ᠬᠡᠯᠪᠡᠷᠢ ᠪᠡᠷ ᠡᠪᠡᠳᠴᠢᠳᠡᠨ ᠲᠠᠢ ᠨᠢᠭ᠍ᠲᠠ ᠣᠢᠷᠠᠲᠤᠭ᠍ᠰᠠᠳ; ᠡᠪᠡᠳᠴᠢᠲᠡᠨ᠎ᠢ ᠣᠨᠣᠱᠢᠯᠠᠨ ᠡᠮᠨᠡᠬᠦ᠌᠂ ᠰᠤᠪᠢᠯᠠᠬᠤ᠂ ᠠᠵᠢᠬᠯᠠᠬᠤ ᠦᠶᠡᠰ ᠪᠦᠲᠦᠮᠵᠢᠲᠡᠢ ᠰᠡᠷᠭᠡᠢᠯᠡᠨ ᠬᠠᠮᠠᠭᠠᠯᠠᠬᠤ ᠠᠷᠭ᠎ᠠ ᠬᠡᠮᠵᠢᠶ᠎ᠡ ᠠᠪᠤᠭ᠍ᠰᠠᠨ ᠦᠭᠡᠢ ᠡᠮᠴᠢ ᠰᠤᠪᠢᠯᠠᠭ᠍ᠴᠢ᠂ ᠭᠡᠷ᠎ᠤᠨ ᠬᠦᠮᠦᠰ ᠪᠤᠶᠤ ᠪᠤᠰᠤᠳ ᠡᠪᠡᠳᠴᠢᠲᠡᠨ᠎ᠲᠡᠶ ᠤᠢᠷ᠎ᠠ ᠵᠠᠢᠲᠠᠶ ᠣᠢᠷᠠᠲᠤᠭ᠍ᠰᠠᠨ ᠬᠥᠮᠦᠰ; ᠡᠪᠡᠳᠴᠢᠳᠡᠨ᠎ᠤ ᠦᠷᠦᠬᠡᠨ᠎ᠳᠦ ᠬᠠᠮᠳᠤ ᠪᠠᠢᠬᠰᠡᠨ ᠪᠤᠰᠤᠳ ᠡᠪᠡᠳᠴᠢᠲᠡᠨ ᠵᠢᠴᠢ ᠲᠡᠭᠦᠨ᠎ᠦ ᠪᠠᠷ᠎ᠠ ᠪᠤᠯᠤᠬᠰᠡᠨ ᠰᠤᠪᠢᠯᠠᠭ᠍ᠴᠢ; ᠡᠪᠡᠳᠴᠢᠲᠡᠨ᠎ᠲᠡᠶ ᠠᠳᠠᠯᠢ ᠨᠢᠭᠡ ᠵᠠᠮ ᠬᠠᠷᠢᠯᠴᠠᠭᠠᠨ᠎ᠤ ᠪᠠᠭᠠᠵᠢ᠎ᠳᠤ ᠰᠠᠭᠤᠵᠤ ᠣᠢᠷ᠎ᠠ ᠵᠠᠶ᠎ᠠᠴᠠ ᠣᠢᠷᠠᠲᠤᠭ᠍ᠰᠠᠳ; ᠲᠤᠬᠠᠶ ᠶ᠋ᠢᠨ ᠲᠠᠯᠠᠪᠠᠶ᠎ᠶ᠋ᠢᠨ ᠪᠠᠢᠴᠠᠭᠠᠬᠤ ᠠᠵᠢᠯᠲᠠᠨ᠎ᠤ ᠪᠠᠢᠴᠠᠭᠠᠨ ᠦᠨᠡᠯᠡᠨ ᠵᠢᠱ᠌ᠢᠬᠦ᠌᠎ᠪᠡᠷ ᠳᠠᠮᠵᠢᠭᠠᠳ ᠨᠢᠬᠳᠠ ᠤᠢᠷᠠᠳᠤᠭᠰᠡᠳᠤᠨ ᠨᠥᠬᠥᠴᠡᠯ᠎ᠳᠦ ᠨᠡᠢᠴᠡᠨ᠎ᠠ ᠭᠡᠵᠦ᠍ ᠦᠵᠡᠭ᠌ᠰᠡᠨ ᠬᠥᠮᠦᠰ᠃
ᠤᠷᠢᠳᠴᠢᠯᠠᠨ ᠰᠡᠷᠭᠡᠢᠯᠡᠬᠦ᠌ ᠠᠷᠭ᠎ᠠ
ᠨᠢᠭᠡ᠂ ᠬᠤᠪᠢ ᠬᠥᠮᠦᠨ᠎ᠦ ᠬᠠᠮᠠᠭᠠᠯᠠᠯᠲᠠ᠎ᠶ᠋ᠢ ᠴᠢᠩᠭᠠᠳᠭᠠᠬᠤ ᠬᠡᠷᠡᠭ᠌ᠲᠡᠶ
ᠬᠥᠮᠦᠨ ᠣᠯᠠᠨ ᠴᠤᠭ᠍ᠯᠠᠷᠠᠬᠤ ᠣᠯᠠᠨ ᠨᠡᠢᠲᠡ᠎ᠶ᠋ᠢᠨ ᠲᠠᠯᠠᠪᠤᠷ ᠲᠤ ᠣᠴᠢᠬᠤ᠎ᠠᠴᠠ ᠵᠠᠢᠯᠠᠰᠭᠢᠬᠤ ᠬᠡᠷᠡᠭ᠌ᠲᠡᠶ᠃ ᠬᠠᠯᠠᠭᠤᠷᠠᠬᠤ ᠠᠮᠢᠰᠭᠤᠯ᠎ᠤᠨ ᠵᠠᠮ᠎ᠳᠤ ᠬᠠᠯᠳᠠᠪᠤᠷᠢᠯᠠᠭ᠍ᠳᠠᠭ᠍ᠰᠠᠨ ᠡᠪᠡᠳᠴᠢᠲᠡᠨ᠎ᠲᠡᠶ ᠤᠢᠷᠠᠳᠤᠬᠤ ᠴᠢᠬᠤᠯᠠᠲᠠᠶ ᠦᠶ᠎ᠡ᠎ᠳᠦ ᠠᠮᠠᠪᠴᠢ ᠵᠡᠭᠦᠬᠦ᠌ ᠬᠡᠷᠡᠭ᠌ᠲᠡᠶ᠃
ᠭᠠᠷ᠎ᠢᠶᠠᠨ ᠦᠷᠭᠦᠯᠵᠢ ᠤᠬᠢᠶᠠᠬᠤ ᠬᠡᠷᠡᠭᠳᠡᠢ᠃ ᠤᠨᠴᠠᠭᠠᠢᠯᠠᠨ ᠣᠯᠠᠨ ᠨᠡᠢᠲᠡ᠎ᠶ᠋ᠢᠨ ᠲᠥᠬᠥᠭᠡᠷᠦᠮᠵᠢ ᠲᠠᠢ ᠬᠦᠷᠦᠯᠴᠡᠭᠰᠡᠨᠤ ᠲᠠᠷᠠᠭ᠎ᠠ᠂ ᠬᠠᠯᠠᠭᠤᠷᠠᠵᠦ ᠪᠠᠢᠭ᠎ᠠ ᠠᠮᠢᠰᠭᠤᠯ᠎ᠤᠨ ᠵᠠᠮ᠎ᠤᠨ ᠬᠠᠯᠳᠠᠪᠤᠷᠢᠯᠠᠯ ᠪᠤᠶᠤ ᠪᠥᠭᠡᠯᠵᠢᠵᠦ᠍ ᠰᠠᠭᠤᠯᠭᠠᠬᠤ ᠡᠪᠡᠳᠴᠢᠲᠡᠨ᠎ᠢ ᠬᠠᠷᠠᠭᠠᠯᠵᠠᠭ᠍ᠰᠠᠨᠤ ᠳᠠᠷᠠᠭ᠎ᠠ᠂ ᠪᠣᠬᠢᠷᠲᠤᠯ ᠪᠣᠳᠠᠰ ᠵᠢᠴᠢ ᠠᠮᠢᠲᠠᠨ᠂ ᠠᠮᠢᠲᠠᠨ᠎ᠤ ᠪᠣᠷᠳᠣᠭ᠎ᠠ ᠪᠤᠶᠤ ᠠᠮᠢᠲᠠᠨ᠎ᠤ ᠪᠠᠭᠠᠰᠤ ᠱᠢᠭᠡᠰᠦ᠎ᠶ᠋ᠢ ᠱᠢᠶ᠋ᠳᠪᠦᠷᠢᠯᠡᠭ᠌ᠰᠡᠨᠦ ᠳᠠᠷᠠᠭ᠎ᠠ ᠡᠷᠬᠡᠪᠰᠢ ᠭᠠᠷ᠎ᠢᠶᠡᠨ ᠰᠠᠢᠳᠤᠷ ᠤᠬᠢᠶᠠᠬᠤ ᠬᠡᠷᠡᠭᠳᠡᠢ᠃
ᠳᠤᠷ᠎ᠠ᠎ᠪᠠᠷ᠎ᠢᠶᠠᠨ ᠨᠤᠯᠮᠤᠵᠤ ᠪᠣᠯᠬᠤ ᠦᠭᠡᠢ᠃ ᠨᠠᠢᠲᠠᠭᠠᠬᠤ ᠪᠤᠶᠤ ᠬᠠᠨᠢᠶᠠᠬᠤ ᠦᠶᠡᠰ ᠴᠠᠭᠠᠰᠤ ᠪᠤᠶᠤ ᠲᠣᠬᠣᠢᠪᠠᠷᠢᠶᠠᠨ ᠠᠮᠠ ᠬᠠᠮᠠᠷ᠎ᠢᠶᠠᠨ ᠬᠠᠯᠬᠠᠯᠠᠨ᠎ᠠ᠃
ᠪᠡᠶ᠎ᠡ ᠪᠠᠨ ᠰᠠᠢᠳᠤᠷ ᠪᠤᠯᠪᠠᠰᠤᠷᠠᠵᠤ᠂ ᠠᠵᠢᠯᠯᠠᠵᠤ ᠠᠮᠠᠷᠠᠬᠤ᠎ᠪᠠᠨ ᠵᠢᠮ᠎ᠡ ᠶᠣᠰᠣᠲᠠᠶ ᠪᠠᠢᠯᠭᠠᠵᠤ᠂ ᠬᠡᠷ ᠲᠤᠳᠤᠷ᠎ᠠ ᠠᠭᠠᠷ ᠨᠡᠪᠳᠡᠷᠡᠭᠦ ᠵᠢ ᠪᠠᠲᠤᠯᠠᠬᠤ ᠬᠡᠷᠡᠭ᠌ᠲᠡᠶ᠃
ᠬᠣᠶᠠᠷ᠂ ᠬᠡᠭᠡᠷ᠎ᠡ᠎ᠶ᠋ᠢᠨ ᠵᠢᠭᠦᠷᠲᠡᠨ ᠠᠮᠢᠳᠠᠨ᠎ᠲᠠᠶ ᠣᠢᠷᠠᠳᠭᠤ ᠠᠴᠠ ᠵᠠᠢᠯᠠᠰᠭᠢᠬᠤ ᠬᠡᠷᠡᠭ᠌ᠲᠡᠶ
ᠠᠷᠢᠶᠠᠳᠡᠨ ᠵᠢᠭᠦᠷᠲᠡᠨ᠂ ᠬᠡᠭᠡᠷ᠎ᠡ᠎ᠶ᠋ᠢᠨ ᠠᠮᠢᠲᠠᠨ ᠵᠢᠴᠢ ᠲᠡᠭᠦᠨ᠎ᠦ ᠢᠯᠭᠠᠳᠠᠰᠤ ᠪᠠ ᠢᠯᠭᠠᠳᠠᠰᠤ᠎ᠲᠠᠶ ᠣᠢᠷᠠᠳᠭᠤ᠎ᠠᠴᠠ ᠵᠠᠢᠯᠠᠰᠭᠢᠵᠦ᠍᠂ ᠵᠢᠭᠦᠷᠲᠡᠨ ᠪᠠ ᠬᠡᠭᠡᠷ᠎ᠡ᠎ᠶ᠋ᠢᠨ ᠠᠮᠢᠲᠠᠨ᠎ᠢ ᠬᠤᠳᠠᠯᠳᠤᠨ ᠠᠪᠬᠤ᠎ᠠᠴᠠ ᠵᠠᠢᠯᠠᠰᠭᠢᠬᠤ ᠬᠡᠷᠡᠭ᠌ᠲᠡᠶ᠃
ᠠᠮᠢᠲᠠᠨ᠎ᠤ ᠲᠠᠷᠢᠶᠠᠯᠠᠩ᠎ᠤᠨ ᠲᠠᠯᠠᠪᠠᠶ ᠪᠠ ᠠᠯᠠᠵᠤ ᠨᠢᠲᠤᠯᠬᠤ ᠲᠠᠯᠠᠪᠠᠶ᠂ ᠠᠮᠢᠳᠤ ᠵᠢᠭᠦᠷᠲᠡᠨ ᠠᠮᠢᠲᠠᠨ᠎ᠤ ᠠᠷᠠᠯᠵᠢᠶᠠᠨ᠎ᠤ ᠵᠠᠬ᠎ᠠ ᠳᠡᠯᠭᠡᠭᠦᠷ ᠪᠤᠶᠤ ᠳᠡᠯᠭᠡᠭᠦᠷ᠂ ᠬᠡᠭᠡᠷ᠎ᠡ᠎ᠶ᠋ᠢᠨ ᠠᠮᠢᠲᠠᠨ᠎ᠤ ᠣᠷᠣᠱᠢᠨ ᠠᠮᠢᠳᠤᠷᠠᠬᠤ ᠭᠠᠵᠠᠷ ᠪᠤᠶᠤ ᠵᠡᠷᠭᠡ ᠲᠠᠯᠠᠪᠤᠷ ᠭᠠᠵᠠᠷ᠎ᠲᠤ ᠣᠴᠢᠬᠤ᠎ᠠᠴᠠ ᠵᠠᠢᠯᠠᠰᠭᠢᠬᠤ ᠬᠡᠷᠡᠭ᠌ᠲᠡᠶ᠃ ᠵᠠᠪᠠᠯ ᠣᠴᠢᠬᠤ ᠦᠶᠡᠰ ᠬᠠᠮᠠᠭᠠᠯᠠᠯᠲᠠ᠎ᠪᠠᠨ ᠰᠠᠢᠳᠤᠷ ᠬᠢᠬᠦ᠌ ᠬᠡᠷᠡᠭ᠌ᠲᠡᠶ᠃
ᠭᠤᠷᠪᠠ᠂ ᠡᠪᠡᠳᠴᠢᠨ᠎ᠤ ᠪᠠᠢᠳᠠᠯ ᠢᠯᠡᠷᠡᠵᠦ ᠪᠠᠢᠬᠤ᠎ᠳᠤ ᠠᠵᠢᠯ᠎ᠳᠤ ᠭᠠᠷᠬᠤ᠂ ᠴᠤᠭ᠍ᠯᠠᠭᠠᠨ᠎ᠳᠦ ᠤᠷᠤᠯᠴᠠᠬᠤ᠎ᠵᠢ ᠡᠷᠡᠰ ᠬᠣᠷᠢᠭ᠍ᠯᠠᠬᠤ ᠬᠡᠷᠡᠭ᠌ᠲᠡᠶ
ᠬᠡᠷᠪᠡ ᠬᠠᠯᠠᠭᠤᠷᠠᠬᠤ᠂ ᠬᠠᠨᠢᠶᠠᠬᠤ ᠵᠡᠷᠭᠡ ᠠᠮᠢᠰᠭᠤᠯ᠎ᠤᠨ ᠵᠠᠮ᠎ᠤᠨ ᠬᠠᠯᠳᠠᠪᠤᠷᠢᠯᠠᠯ᠎ᠤᠨ ᠱᠢᠨᠵᠢ ᠲᠡᠮᠳᠡᠭ ᠢᠯᠡᠷᠡᠪᠡᠯ᠂ ᠭᠡᠷ᠎ᠲᠡᠬᠡᠨ ᠠᠮᠠᠷᠠᠵᠤ᠂ ᠭᠠᠳᠠᠭ᠍ᠰᠢ ᠭᠠᠷᠬᠤ ᠪᠠ ᠵᠢᠭᠤᠯᠴᠢᠯᠠᠬᠤ᠎ᠪᠠᠨ ᠪᠠᠭᠠᠰᠭᠠᠵᠤ᠂ ᠠᠭᠤᠷ ᠠᠮᠢᠰᠭᠤᠯ ᠰᠠᠢᠨ ᠦᠶ᠎ᠡ᠎ᠳᠦ ᠥᠷᠥᠭᠡᠨ᠎ᠳᠡᠭᠡᠨ ᠢᠯᠡᠭᠦᠬᠡᠨ ᠰᠠᠯᠬᠢ ᠨᠡᠪᠲᠡᠷᠡᠭᠦᠯᠵᠦ᠍᠂ ᠪᠤᠰᠤᠳ᠎ᠲᠠᠶ ᠣᠢᠷᠠᠳᠭᠤ ᠦᠶ᠎ᠡ᠎ᠳᠦ ᠠᠮᠠᠪᠴᠢ ᠵᠡᠭᠦᠬᠦ᠌ ᠬᠡᠷᠡᠭ᠌ᠲᠡᠶ᠃ ᠡᠪᠡᠳᠴᠢᠨ᠎ᠲᠡᠶ᠎ᠪᠡᠷ ᠠᠵᠢᠯᠯᠠᠬᠤ᠂ ᠬᠢᠴᠢᠶᠡᠯ ᠣᠷᠣᠬᠤ ᠵᠢᠴᠢ ᠴᠤᠭ᠍ᠯᠠᠷᠠᠬᠤ᠎ᠠᠴᠠ ᠵᠠᠢᠯᠠᠰᠭᠢᠬᠤ ᠬᠡᠷᠡᠭ᠌ᠲᠡᠶ᠃
ᠳᠥᠷᠪᠡ᠂ ᠴᠠᠭ ᠲᠤᠬᠠᠶ᠎ᠳᠤᠨᠢ ᠡᠮᠨᠡᠭᠦᠯᠬᠦ᠌ ᠬᠡᠷᠡᠭ᠌ᠲᠡᠶ
ᠬᠡᠷᠪᠡ ᠬᠠᠯᠠᠭᠤᠷᠠᠬᠤ᠂ ᠬᠠᠨᠢᠶᠠᠬᠤ ᠵᠡᠷᠭᠡ ᠠᠮᠢᠰᠭᠤᠯ᠎ᠤᠨ ᠵᠠᠮ ᠤᠨ ᠬᠠᠯᠳᠠᠪᠤᠷᠢᠯᠠᠯ᠎ᠤᠨ ᠡᠪᠡᠳᠴᠢᠨ᠎ᠦ ᠪᠠᠢᠳᠠᠯ ᠢᠯᠡᠷᠡᠪᠡᠯ᠂ ᠡᠪᠡᠳᠴᠢᠨ᠎ᠦ ᠪᠠᠢᠳᠠᠯ᠎ᠢ ᠦᠨᠳᠦᠰᠦᠯᠡᠨ ᠣᠢᠷ᠎ᠠ ᠬᠠᠪᠢ᠎ᠶ᠋ᠢᠨ ᠡᠮᠨᠡᠯᠭᠡ᠎ᠶ᠋ᠢᠨ ᠬᠣᠷᠢᠶᠠᠨ ᠤ ᠬᠠᠯᠠᠭᠤᠷᠠᠯ᠎ᠤᠨ ᠡᠭᠦᠳᠡᠨ ᠡᠮᠨᠡᠯᠭᠡ᠎ᠶ᠋ᠢ ᠰᠣᠩᠭᠣᠵᠤ ᠡᠮᠨᠡᠭᠦᠯᠬᠦ᠌᠎ᠶ᠋ᠢᠨ ᠬᠠᠮᠲᠤ ᠠᠮᠠᠪᠴᠢ ᠵᠡᠭᠦᠵᠦ᠍ ᠡᠮᠨᠡᠭᠦᠯᠬᠦ᠌᠎ᠶ᠋ᠢᠨ ᠬᠠᠮᠲᠤ ᠨᠢᠬᠳᠠ ᠣᠢᠷᠠᠲᠤᠭ᠍ᠰᠠᠨ ᠲᠡᠦᠬᠡ᠂ ᠵᠢᠭᠤᠯᠴᠢᠯᠠᠯ᠎ᠤᠨ ᠲᠡᠦᠬᠡ ᠵᠡᠷᠭᠡ ᠪᠠᠨ ᠮᠡᠳᠡᠭ᠌ᠳᠡᠬᠦ᠌ ᠬᠡᠷᠡᠭ᠌ᠲᠡᠶ᠃
ᠢᠷᠡᠯᠳᠡ᠄ ᠪᠠᠢ ᠳᠦ ᠪᠠᠢ ᠺᠸ ᠰᠦᠯᠵᠢᠶ᠎ᠠ
ᠡᠮᠬᠢᠯᠡᠭᠴᠢ᠄ ᠴᠠᠡᠭ ᠶᠠᠨ ᠵᠢᠶᠦ᠋ᠨ