ᠡᠯᠧᠺᠲᠷᠤᠨ ᠬᠡᠪᠯᠡᠭᠳᠡᠬᠦᠨ
2021-11-17 11:15:15
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠡᠯᠧᠺᠲᠷᠤᠨ ᠬᠡᠪᠯᠡᠭᠳᠡᠬᠦᠨ

(电子文献,电子出版物)


图片3.png


ᠬᠡᠪᠯᠡᠭᠳᠡᠬᠦᠨ᠎ᠤ ᠨᠢᠬᠡ ᠵᠦᠢᠯ᠂ 《ᠪᠢᠴᠢᠭ᠎ᠤᠨ ᠪᠤᠰᠤ ᠮᠠᠲᠧᠷᠢᠶᠠᠯ》᠎ᠳᠤ ᠬᠠᠷᠢᠶᠠᠯᠠᠬᠲᠠᠨ᠎ᠠ᠃ ᠲᠡᠷᠡ ᠨᠢ ᠲᠠᠭᠤ᠂ ᠦᠰᠦᠭ᠂ ᠵᠢᠷᠤᠭ ᠵᠡᠷᠭᠡ ᠮᠡᠳᠡᠭᠡ ᠵᠠᠡᠭᠭᠢ᠎ᠶᠢ ᠴᠠᠬᠢᠯᠭᠠᠨ ᠬᠤᠯᠪᠤᠭ᠎ᠠ᠎ᠶᠢᠨ ᠲᠡᠮᠳᠡᠭ ᠪᠤᠯᠭᠠᠨ ᠰᠤᠯᠢᠭᠠᠳ ᠲᠠᠢᠫ᠂ ᠵᠦᠬᠡᠯᠡᠨ ᠰᠤᠷᠢᠨᠵᠢᠨ ᠲᠠᠪᠠᠭ ᠪᠤᠯᠤᠨ ᠯᠠᠢᠰᠧᠷ ᠲᠠᠪᠠᠭ ᠲᠦ᠍ ᠲᠡᠮᠳᠡᠭᠯᠡᠵᠦ᠂ ᠺᠤᠮᠫᠢᠦ᠋ᠲᠧᠷ᠎ᠶ᠋ᠢᠡᠷ ᠲᠠᠮᠵᠢᠭᠤᠯᠤᠨ ᠭᠡᠷᠡᠭᠴᠡᠭᠡ ᠲᠠᠢ ᠮᠡᠳᠡᠭᠡ ᠵᠠᠡᠭᠭᠢ᠎ᠶᠢ ᠦᠵᠡᠬᠦᠯᠦᠬᠦᠷ ᠲᠡᠭᠡᠷ᠎ᠡ ᠢᠯᠡᠷᠡᠬᠦᠯᠬᠦ ᠪᠤᠯᠤᠨ᠎ᠠ᠃

ᠲᠡᠬᠦᠨ᠎ᠤ ᠭᠤᠤᠯ ᠬᠡᠯᠪᠡᠷᠢ ᠨᠢ᠄  ᠺᠤᠮᠫᠢᠦ᠋ᠲᠧᠷ᠎ᠤᠨ ᠮᠠᠰᠢᠨ ᠤᠨᠭᠰᠢᠯᠭᠠᠲᠦ ᠲᠠᠢᠫ᠃ 20᠎ᠳᠤᠭᠠᠷ ᠵᠠᠭᠤᠨ᠎ᠤ ᠵᠢᠷᠠᠭᠠᠳ ᠤᠨ᠎ᠤ ᠰᠡᠬᠦᠯᠴᠢ᠂ ᠲᠠᠯᠠᠭᠠᠳ ᠤᠨ᠎ᠤ ᠡᠬᠢ ᠪᠡᠷ ᠡᠬᠦᠰᠴᠦ᠂ ᠮᠡᠳᠡᠭᠡ  ᠵᠠᠡᠭ᠌ᠬᠢ᠎ᠶᠢ ᠲᠠᠢᠫ ᠲᠡᠭᠡᠷ᠎ᠡ ᠲᠡᠮᠳᠡᠭᠯᠡᠨ᠎ᠡ᠃ ᠲᠡᠬᠦᠨ᠎ᠤ ᠲᠠᠪᠠᠭᠤᠯᠢᠭ ᠲᠠᠯ᠎ᠠ ᠪᠤᠯ ᠨᠦᠬᠡᠴᠡᠯᠡᠬᠦ ᠬᠡᠮᠵᠢᠶ᠎ᠡ ᠨᠡᠯᠢᠶᠡᠳ ᠶᠡᠬᠡ ᠪᠠᠢᠲᠠᠭ ᠲᠦ᠍ ᠤᠷᠤᠰᠢᠨ᠎ᠡ᠃ ᠬᠡᠪᠡᠴᠦ ᠲᠤᠮᠲᠠ ᠶᠡᠬᠡ ᠬᠡᠯᠪᠡᠷᠢ᠎ᠶᠢᠨ ᠮᠠᠰᠢᠨ ᠭᠡᠷᠡᠭᠯᠡᠬᠦ ᠲᠤᠯᠠ ᠪᠠᠬᠠᠨ ᠦᠨᠡᠳᠡᠢ ᠪᠠᠢᠲᠠᠭ᠃ 

ᠵᠦᠬᠡᠯᠡᠨ ᠰᠤᠷᠢᠨᠵᠢᠨ ᠲᠠᠪᠠᠭ᠃ ᠮᠠᠰᠢᠨ ᠤᠨᠭᠰᠢᠯᠭᠠᠲᠦ ᠰᠤᠷᠢᠨᠵᠢᠨ ᠲᠠᠢᠫ᠎ᠤᠨ ᠲᠠᠷᠠᠭ᠎ᠠ  ᠦᠨᠭᠭᠡᠷᠡᠭᠰᠡᠨ ᠵᠠᠭᠤᠨ᠎ᠤ ᠨᠠᠶᠠᠭᠠᠳ ᠤᠨ᠎ᠳᠤ ᠪᠤᠢ ᠪᠤᠯᠤᠬᠰᠠᠨ ᠡᠯᠧᠺᠲᠷᠤᠨ ᠬᠡᠪᠯᠡᠭᠳᠡᠬᠦᠨ ᠪᠤᠯᠤᠨ᠎ᠠ᠃ ᠡᠵᠡᠯᠡᠬᠦᠨ ᠨᠢ ᠪᠠᠭ᠎ᠠ᠂ ᠵᠢᠩ ᠨᠢ ᠬᠦᠨᠭᠭᠡᠨ᠂ ᠭᠡᠷᠡᠭᠯᠡᠬᠦ᠎ᠳᠤ ᠲᠦᠬᠦᠮ ᠵᠡᠷᠭᠡ ᠲᠠᠪᠠᠭᠤᠯᠢᠭ ᠲᠠᠯ᠎ᠠ ᠲᠠᠢ᠂ ᠪᠢᠴᠢᠯ ᠺᠤᠮᠫᠢᠦ᠋ᠲᠧᠷ ᠲᠦ᠍ ᠭᠡᠷᠡᠭᠯᠡᠬᠦ᠎ᠳᠤ ᠲᠤᠬᠢᠷᠠᠨ᠎ᠠ᠃


图片4.png


ᠢᠭᠴᠤᠷᠠᠯ ᠬᠡᠯᠪᠡᠷᠢ᠎ᠶᠢᠨ ᠵᠦᠪᠭᠡᠨ ᠤᠨᠭᠰᠢᠬᠤ ᠯᠠᠢᠰᠧᠷ ᠲᠠᠪᠠᠭ᠃ 20᠎ᠳᠤᠭᠠᠷ ᠵᠠᠭᠤᠨ᠎ᠤ ᠨᠠᠶᠠᠭᠠᠳ ᠤᠨ᠎ᠳᠤ ᠪᠤᠢ ᠪᠤᠯᠤᠬᠰᠠᠨ ᠨᠢᠬᠡ ᠵᠦᠢᠯ᠎ᠤᠨ ᠰᠢᠨ᠎ᠡ ᠮᠠᠶ᠍ᠢᠭ᠎ᠤᠨ ᠡᠯᠧᠺᠲᠷᠤᠨ ᠬᠡᠪᠯᠡᠭᠳᠡᠬᠦᠨ᠂ ᠳ᠋ᠢᠶᠠᠮᠧᠲᠷ ᠨᠢ 12 ᠰᠡᠨᠲ᠋ᠢᠮᠧᠲᠷ ᠪᠦᠬᠦᠢ ᠲᠡᠮᠦᠷᠯᠢᠭ ᠲᠤᠭᠤᠷᠢᠭ ᠲᠠᠪᠠᠭ᠂ ᠵᠦᠪᠭᠡᠨ ᠤᠨᠭᠰᠢᠵᠦ ᠪᠤᠯᠬᠤ ᠡᠴᠡ ᠪᠢᠰᠢ᠂ ᠪᠢᠴᠢᠵᠦ ᠦᠯᠦ ᠪᠤᠯᠤᠨ᠎ᠠ᠃ ᠲᠡᠬᠦᠨ᠎ᠤ ᠮᠡᠳᠡᠭᠡ ᠵᠠᠡᠭᠭᠢ᠎ᠶᠢᠨ ᠬᠡᠮᠵᠢᠶ᠎ᠡ ᠨᠢ ᠶᠡᠬᠡ᠂ ᠤᠨᠭᠰᠢᠬᠤ ᠬᠤᠷᠲᠤᠴᠠ ᠨᠢ ᠲᠦᠷᠭᠡᠨ᠂ ᠡᠷᠢᠯᠳᠡ᠎ᠶᠢᠨ ᠨᠤᠷᠮ᠎ᠠ ᠨᠢ ᠦᠨᠲᠦᠷ᠂ ᠦᠪᠡᠷ᠎ᠤᠨ ᠦᠷᠳᠡᠭ ᠨᠢ ᠲᠤᠤᠷ᠎ᠠ ᠪᠠ ᠭᠡᠷᠡᠭᠯᠡᠬᠦ᠎ᠳᠤ ᠲᠦᠬᠦᠮ ᠵᠡᠷᠭᠡ ᠲᠠᠪᠠᠭᠤᠯᠢᠭ ᠲᠠᠯ᠎ᠠ ᠲᠠᠢ᠃ ᠡᠲᠦᠬᠡ ᠦᠬᠡ᠎ᠶᠢᠨ ᠲᠤᠯᠢ᠂ ᠲᠤᠮᠤ ᠬᠡᠯᠪᠡᠷᠢ᠎ᠶᠢᠨ ᠨᠤᠮ ᠪᠢᠴᠢᠭ᠂ ᠵᠠᠰᠠᠭ᠎ᠤᠨ ᠤᠷᠲᠤᠨ᠎ᠤ ᠬᠡᠪᠯᠡᠭᠳᠡᠬᠦᠨ ᠪᠤᠯᠤᠨ ᠵᠤᠬᠢᠶᠠᠯ᠎ᠤᠨ ᠱᠦᠬᠦᠮᠡᠭ᠂ ᠮᠤᠨᠭᠭᠤᠯ ᠰᠤᠨᠢᠨ ᠰᠡᠳᠬᠦᠯ ᠵᠡᠷᠭᠡ ᠬᠡᠪᠯᠡᠭᠳᠡᠬᠦᠨ᠎ᠳᠤ ᠦᠷᠭᠡᠨ᠎ᠶ᠋ᠢᠡᠷ ᠬᠡᠷᠡᠭᠯᠡᠭᠳᠡᠵᠦ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号