ᠡᠪᠭᠡᠮᠡᠯ ᠵᠢᠷᠤᠬ
2021-11-17 11:20:28
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠡᠪᠭᠡᠮᠡᠯ ᠵᠢᠷᠤᠬ ( 长图)

图片5.png


ᠡᠪᠭᠡᠮᠡᠯ ᠵᠢᠷᠤᠬ ᠪᠤᠯ ᠱᠢᠨ᠎ᠠ ᠵᠠᠭᠤᠴᠢᠯᠠᠭᠤᠷ᠎ᠤᠨ ᠱᠢᠨᠡᠭᠡᠨ ᠲᠡᠯᠭᠡᠷᠡᠭ᠌ᠰᠡᠨ ᠲᠠᠮᠵᠢᠭᠤᠯᠬᠤ ᠬᠡᠯᠪᠡᠷᠢ ᠶᠤᠮ᠃ 2017 ᠤᠨ᠎ᠤ 10 ᠰᠠᠷ᠎ᠠ᠎ᠳᠤ᠂ ᠡᠪᠭᠡᠮᠡᠯ ᠵᠢᠷᠤᠬ᠎ᠢ ᠱᠢᠨ᠎ᠠ ᠵᠠᠭᠤᠴᠢᠯᠠᠭᠤᠷ ᠲᠦ᠍ ᠭᠠᠷᠭᠠᠬ᠍ᠰᠠᠨ ᠬᠠᠮᠤᠭ᠎ᠤᠨ ᠠᠡᠭ᠌ᠬᠠᠨ᠎ᠤ ᠪᠦᠲᠦᠭᠡᠯ 《1931》 ᠨᠠᠢ᠌ᠵᠠ ᠵᠢᠨ ᠲᠤᠭᠤᠷᠢᠭ ᠲᠦ᠍ ᠲᠠᠷᠬᠠᠵᠦ᠍᠂ ᠰᠦᠯᠵᠢᠶᠠᠴᠢᠳ᠎ᠤᠨ ᠠᠡᠭ᠌ᠬᠠᠷᠤᠯ᠎ᠢ ᠶᠡᠭᠡᠪᠡᠷ ᠲᠠᠳᠠᠪᠠ᠃ ᠡᠨᠡ ᠬᠦ᠌ ᠪᠦᠳᠤᠭᠡᠯ ᠨᠢ ᠵᠦᠪᠭᠡᠨ ᠨᠢᠭᠤᠷ ᠭᠤᠶᠤᠯᠠᠬᠤ ᠡᠳ᠋᠎ᠤᠨ ᠵᠠᠷ ᠮᠡᠳᠡᠭᠡ ᠪᠠᠢ᠌ᠬ᠍ᠰᠠᠨ ᠪᠤᠯᠪᠠᠴᠤ᠌᠂ ᠤᠷᠢᠳ ᠪᠠᠢ᠌ᠭ᠎ᠠ ᠦᠭᠡᠢ ᠬᠡᠯᠪᠡᠷᠢ ᠵᠢᠨ ᠱᠢᠨᠡᠴᠢᠯᠡᠯᠳᠡ ᠪᠡᠷ ᠵᠢᠡᠨ ᠰᠦᠯᠵᠢᠶᠠᠨ ᠠᠨᠳᠠ ᠨᠠᠷ᠎ᠢ ᠭᠠᠢ᠌ᠬᠠᠰᠢ ᠲᠦᠷᠦᠭᠦᠯᠦᠭ᠌ᠰᠡᠨ ᠪᠦᠭᠡᠳ ᠱᠢᠨ᠎ᠠ ᠰᠡᠪᠡᠭᠦᠨ ᠬᠡᠯᠪᠡᠷᠢ ᠤᠨᠴᠠᠯᠢᠭ ᠨᠢ ᠱᠢᠨ᠎ᠠ ᠵᠠᠭᠤᠴᠢᠯᠠᠭᠤᠷ᠎ᠤᠨ ᠬᠢᠨ᠎ᠤ ᠪᠦᠲᠦᠭᠡᠭ᠌ᠳᠡᠭᠦᠨ ᠦᠢᠯᠡᠳᠭᠦ᠌ ᠰᠡᠳᠭᠢᠴᠡ ᠵᠢ ᠲᠠᠯᠠᠵᠦ᠍ ᠬᠠᠷᠠᠭ᠎ᠠ ᠵᠢ ᠦᠷᠭᠡᠳᠭᠡᠪᠡ᠃ ᠲᠡᠭᠦᠨᠴᠡ᠂ ᠵᠠᠭᠤᠴᠢᠯᠠᠭᠤᠷ᠎ᠤᠳ ᠡᠪᠭᠡᠮᠡᠯ ᠵᠢᠷᠤᠬ᠎ᠤᠨ ᠬᠡᠯᠪᠡᠷᠢ ᠵᠢ ᠮᠡᠳᠡᠭᠡᠯᠡᠯ᠎ᠳᠤ ᠦᠷᠭᠡᠨ ᠵᠢᠡᠷ ᠠᠱᠢᠬ᠍ᠯᠠᠵᠦ᠍᠂ ᠡᠪᠭᠡᠮᠡᠯ ᠵᠢᠷᠤᠬ ᠨᠢ ᠱᠢᠨ᠎ᠠ ᠵᠠᠭᠤᠴᠢᠯᠠᠭᠤᠷ᠎ᠤᠨ ᠰᠤᠨᠢᠨ ᠮᠡᠳᠡᠭᠡᠨ᠎ᠤ ᠢᠯᠡᠳᠭᠡᠭᠦ᠌ ᠠᠷᠭ᠎ᠠ ᠪᠠᠷᠢᠯ᠎ᠤᠨ ᠨᠢᠭᠡ ᠵᠦᠢᠯ ᠪᠤᠯᠤᠬ᠍ᠰᠠᠨ ᠪᠠᠢ᠌ᠨ᠎ᠠ᠃


图片6.png

       

ᠱᠢᠨ᠎ᠠ ᠵᠠᠭᠤᠴᠢᠯᠠᠭᠤᠷ᠎ᠤᠨ ᠡᠪᠬᠡᠮᠡᠯ ᠵᠢᠷᠤᠭ᠎ᠢ ᠤᠨᠴᠠᠯᠢᠭ ᠱᠢᠨᠵᠢ ᠪᠡᠷ ᠨᠢ ᠢᠯᠭᠠᠪᠠᠯ᠂ ᠲᠡᠷᠡ ᠨᠢ ᠵᠢᠷᠤᠬ ᠲᠦᠷᠰᠦ ᠪᠤᠯᠤᠨ ᠰᠤᠨᠢᠨ ᠮᠡᠳᠡᠭᠡᠨ᠎ᠤ ᠪᠢᠴᠢᠯᠭᠡ ᠵᠢᠨ ᠤᠶᠠᠯᠳᠤᠯ ᠶᠤᠮ᠃ ᠭᠠᠷ ᠵᠢᠷᠤᠮᠠᠯ᠂ ᠵᠢᠭᠢᠷᠢᠭ ᠵᠢᠷᠤᠬ᠂ ᠵᠢᠷᠤᠬ ᠰᠡᠭᠦᠳᠡᠷ ᠵᠢᠡᠷ ᠲᠠᠪᠢᠰᠭᠡᠷ ᠪᠤᠯᠭᠠᠵᠦ᠍᠂ ᠲᠤᠪᠴᠢ ᠠᠪᠰᠠᠷᠠᠬ᠍ᠨ ᠦᠰᠦᠭ ᠬᠠᠪᠰᠤᠷᠭᠠᠬ᠍ᠰᠠᠨ ᠡᠪᠭᠡᠮᠡᠯ ᠵᠢᠷᠤᠬ ᠨᠢ ᠰᠤᠨᠢᠨ ᠮᠡᠳᠡᠭᠡ ᠵᠢ ᠪᠦᠷᠢᠨ ᠬᠠᠷᠠᠭᠠᠰᠦ ᠡᠴᠡ ᠢᠯᠡᠷᠡᠭᠦᠯᠵᠦ᠍᠂ ᠢᠯᠡᠳᠭᠡᠬᠦ᠌ ᠰᠡᠳᠭᠢᠮᠵᠢ ᠰᠡᠳᠭᠢᠭᠦᠢ ᠨᠢ ᠦᠯᠢᠭᠡᠷᠯᠢᠭ ᠮᠦᠷᠳᠡᠭᠡᠨ ᠯᠤᠭᠢᠭ ᠴᠢᠨᠠᠷ ᠵᠢᠡᠷ ᠴᠤ᠌ ᠴᠢᠡᠭ᠌ᠭ᠎ᠠ ᠪᠠᠢ᠌ᠳᠠᠬ᠃ ᠡᠪᠭᠡᠮᠡᠯ ᠵᠢᠷᠤᠬ ᠨᠢ ᠰᠤᠨᠢᠨ ᠮᠡᠳᠡᠭᠡ ᠵᠢᠨ ᠱᠢᠨ᠎ᠠ ᠵᠠᠭᠤᠴᠢᠯᠠᠭᠤᠷ᠎ᠤᠨ ᠬᠡᠷᠡᠭ᠌ᠯᠡᠭᠡᠨ ᠎ᠳᠠᠬᠢ ᠨᠢᠭᠡᠨ ᠱᠢᠨ᠎ᠠ ᠬᠡᠯᠪᠡᠷᠢ᠂ ᠮᠦᠨ ᠴᠤ᠌ ᠰᠤᠨᠢᠨ ᠮᠡᠳᠡᠭᠡᠨ᠎ᠤ ᠪᠢᠴᠢᠯᠭᠡ ᠵᠢᠨ ᠤᠨᠳᠤᠤ ᠨᠢᠭᠡ ᠵᠦᠢᠯ᠎ᠤᠨ ᠢᠯᠡᠷᠡᠭᠦᠯᠭᠦ᠌ ᠠᠷᠭ᠎ᠠ ᠬᠡᠯᠪᠡᠷᠢ ᠪᠤᠯᠬᠤ ᠪᠡᠷ ᠪᠠᠷᠠᠬᠤ ᠦᠭᠡᠢ᠂ ᠱᠢᠨ᠎ᠠ ᠵᠠᠭᠤᠴᠢᠯᠠᠭᠤᠷ᠎ᠤᠨ ᠬᠦᠨᠴᠡ ᠮᠡᠳᠡᠭᠡᠯᠡᠯ ᠭᠡᠵᠦ᠍ ᠪᠤᠯᠤᠨ᠎ᠠ᠃ ᠡᠪᠭᠡᠮᠡᠯ ᠵᠢᠷᠤᠬ ᠨᠢ ᠠᠭᠤᠯᠭ᠎ᠠ ᠬᠡᠯᠪᠡᠷᠢ ᠵᠢᠨ ᠬᠤᠪᠢ᠎ᠳᠤ ᠦᠰᠦᠭ ᠵᠢᠷᠤᠬ᠎ᠢ ᠤᠶᠠᠯᠳᠤᠭᠤᠯᠵᠦ᠍᠂ ᠤᠷᠳᠤ ᠰᠤᠨᠵᠤᠷᠠᠭᠤᠨ ᠮᠡᠳᠡᠭᠡ ᠵᠠᠡᠭ᠌ᠭᠢ᠎ᠵᠢ ᠠᠬ᠍ᠰᠢᠭᠠᠨ ᠱᠢᠷᠭᠠᠭᠠᠵᠦ᠍᠂ ᠵᠢᠷᠤᠬ ᠲᠦᠷᠰᠦ ᠬᠠᠪᠰᠤᠷᠭᠠᠨ ᠬᠤᠶᠠᠳᠡᠭᠢ ᠤᠳᠠᠭᠠᠨ᠎ᠤ ᠱᠢᠭ᠌ᠰᠢᠯᠳᠡ ᠪᠤᠯᠪᠠᠰᠤᠷᠠᠭᠤᠯᠤᠯᠳᠠ ᠪᠡᠷ ᠲᠠᠮᠵᠢᠨ ᠬᠠᠷᠠᠭᠠᠨ ᠰᠠᠷᠡᠯ᠎ᠳᠤ ᠲᠠᠭᠠᠱᠢᠶᠠᠬ᠍ᠳᠠᠬ᠍ᠰᠠᠨ᠂ ᠮᠡᠳᠡᠷᠡᠮᠵᠢ ᠰᠤᠨᠢᠷᠬᠠᠮᠵᠢ ᠵᠢᠨ ᠲᠠᠳᠭᠠᠯ᠎ᠳᠤ ᠨᠡᠢ᠌ᠴᠡᠭᠦᠯᠦᠭ᠌ᠰᠡᠨ ᠰᠤᠨᠢᠨ ᠮᠡᠳᠡᠭᠡᠨ᠎ᠤ ᠪᠦᠲᠦᠭᠡᠯ ᠪᠤᠯᠭᠠᠨ᠎ᠠ᠃

ᠱᠢᠨ᠎ᠠ ᠵᠠᠭᠤᠴᠢᠯᠠᠭᠤᠷ᠎ᠤᠨ ᠬᠢᠨ ᠡᠨᠡ ᠬᠦ᠌ ᠦᠰᠦᠭ ᠵᠢᠷᠤᠬ ᠵᠢᠡᠷ ᠪᠦᠷᠢᠨ ᠠᠭᠤᠯᠭ᠎ᠠ ᠵᠢ ᠢᠯᠡᠳᠭᠡᠬᠦ᠌ ᠰᠤᠨᠢᠨ ᠮᠡᠳᠡᠭᠡ ᠵᠢᠨ ᠪᠢᠴᠢᠯᠭᠡ ᠵᠢᠨ ᠬᠡᠯᠪᠡᠷᠢ ᠵᠢ ᠤᠯᠠᠨ ᠵᠦᠢᠯ᠎ᠤᠨ ᠮᠡᠳᠡᠭᠡᠯᠡᠯ᠎ᠳᠤ ᠠᠱᠢᠬ᠍ᠯᠠᠨ ᠬᠡᠷᠡᠭ᠌ᠯᠡᠵᠦ᠍ ᠪᠤᠢ᠃ ᠵᠢᠱ᠌ᠢᠶᠡᠯᠡᠪᠡᠯ᠄ ᠲᠠᠢ᠌ᠯᠤᠮᠵᠢ ᠬᠢᠭᠦ᠌᠃ ᠲᠦᠷᠦ᠍ ᠵᠢᠨ ᠪᠤᠳᠤᠯᠭ᠎ᠠ᠎ᠳᠤ ᠲᠠᠢ᠌ᠯᠤᠮᠵᠢ ᠬᠢᠭᠦ᠎ᠳᠤ᠂ ᠦᠰᠦᠭ ᠵᠢᠷᠤᠬ ᠬᠠᠪᠰᠤᠷᠭᠠᠬ᠍ᠰᠠᠨ ᠡᠪᠭᠡᠮᠡᠯ ᠵᠢᠷᠤᠬ ᠨᠢ ᠬᠠᠭᠤᠳᠠᠰᠦ ᠨᠢᠭᠤᠷ᠎ᠤᠨ ᠬᠤᠪᠢ᠎ᠳᠤ ᠮᠠᠰᠢ ᠲᠤᠬᠢᠷᠠᠮᠵᠢᠳᠠᠢ ᠨᠢᠭᠡᠨ ᠵᠦᠢᠯ᠎ᠤᠨ ᠢᠯᠡᠳᠭᠡᠭᠦ᠌ ᠬᠡᠯᠪᠡᠷᠢ ᠪᠤᠯᠬᠤ ᠶᠤᠮ᠃ ᠬᠤᠶᠠᠷ ᠲᠦ᠍᠂ ᠦᠯᠢᠭᠡᠷ ᠶᠠᠷᠢᠬᠤ᠃ ᠴᠠᠭ ᠲᠦᠷᠦ᠍ ᠵᠢᠨ ᠰᠤᠨᠢᠨ ᠮᠡᠳᠡᠭᠡ᠂ ᠨᠡᠢ᠌ᠭᠡᠮ᠎ᠤᠨ ᠰᠤᠨᠢᠨ ᠮᠡᠳᠡᠭᠡ ᠵᠢ ᠵᠢᠷᠤᠭ ᠵᠢᠡᠷ ᠭᠤᠤᠯᠯᠠᠭᠤᠯᠵᠦ᠍ ᠦᠰᠦᠭ ᠵᠢᠡᠷ ᠬᠠᠪᠰᠤᠷᠭᠠᠨ᠂ ᠦᠰᠦᠭ ᠵᠢᠷᠤᠬ᠎ᠤᠨ ᠭᠤᠴᠤᠯᠢᠭ ᠤᠶᠠᠯᠳᠤᠯ᠎ᠤᠨ ᠲᠤᠮᠳᠠ ᠦᠵᠡᠭ᠌ᠳᠡᠯ᠂ ᠰᠠᠨᠠᠭ᠎ᠠ᠂ ᠠᠬᠤᠢ ᠵᠢ ᠪᠦᠷᠢᠨ ᠲᠡᠯᠭᠡᠨ ᠭᠦᠢᠴᠡᠳ ᠢᠯᠡᠷᠡᠭᠦᠯᠵᠦ᠍᠂ ᠬᠦᠯᠢᠶᠠᠨ ᠠᠪᠤᠬ᠍ᠴᠢᠳ ᠲᠦ᠍ ᠬᠦᠷᠳᠡᠭᠡᠯ ᠤᠯᠭᠤᠳᠠᠭ᠃ ᠭᠤᠷᠪᠠ᠎ᠳᠤ᠂ ᠤᠬᠠᠭᠤᠯᠭ᠎ᠠ ᠬᠢᠭᠦ᠌᠃ ᠱᠢᠨᠵᠢᠯᠡᠭᠦ᠌ ᠤᠬᠠᠭᠠᠨ᠂ ᠬᠠᠤᠯᠢ ᠴᠠᠭᠠᠵᠠ᠂ ᠲᠦᠷᠦ᠍ ᠵᠢᠨ ᠪᠤᠳᠤᠯᠭ᠎ᠠ ᠵᠢᠨ ᠤᠬᠠᠭᠤᠯᠭ᠎ᠠ ᠵᠢᠨ ᠬᠤᠪᠢ᠎ᠳᠤ᠂ ᠡᠪᠭᠡᠮᠡᠯ ᠵᠢᠷᠤᠭ ᠪᠤᠯ ᠮᠡᠳᠡᠭᠡ ᠵᠠᠡᠭ᠌ᠭᠢ ᠵᠢᠨ ᠠᠭᠤᠯᠤᠬ᠍ᠳᠠᠴᠠ ᠶᠡᠭᠡ ᠮᠦᠷᠳᠡᠭᠡᠨ ᠲᠤᠳᠤ ᠲᠤᠳᠤᠷᠠᠭᠤᠨ᠂ ᠤᠬᠤᠷ ᠠᠪᠰᠠᠷᠠᠬ᠍ᠨ ᠪᠠᠢ᠌ᠵᠦ᠍᠂ ᠬᠦᠯᠢᠶᠠᠨ ᠠᠪᠤᠬ᠍ᠴᠢᠳ᠎ᠤᠨ ᠮᠡᠳᠡᠭᠡ ᠵᠠᠡᠭ᠌ᠭᠢ ᠵᠢ ᠰᠠᠭᠠᠳ ᠦᠭᠡᠢ ᠬᠦᠯᠢᠶᠠᠨ ᠠᠪᠬᠤ᠎ᠳᠤ ᠠᠮᠢᠳᠤᠯᠢᠭ ᠮᠦᠷᠳᠡᠭᠡᠨ ᠲᠦᠭᠦᠮ ᠲᠦᠳᠡ ᠠᠷᠭ᠎ᠠ ᠪᠠᠷᠢᠯ ᠪᠤᠯᠵᠠᠢ᠃


ᠡᠮᠬᠢᠯᠡᠭᠴᠢ᠄ ᠰᠢᠶᠠᠡᠭ ᠲᠤᠤ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号