ᠭᠠᠷ ᠵᠢᠷᠤᠮᠠᠯ (手绘)
ᠭᠠᠷ ᠵᠢᠷᠤᠮᠠᠯ ᠪᠤᠯ ᠺᠤᠮᠫᠢᠦ᠋ᠲᠸᠷ᠎ᠤᠨ ᠵᠢᠷᠤᠮᠠᠯ ᠲᠠᠢ ᠬᠠᠷᠢᠴᠠᠭᠤᠯᠵᠦ᠍ ᠬᠡᠯᠡᠭ᠌ᠰᠡᠨ ᠤᠬᠠᠬ᠍ᠳᠠᠬᠤᠨ ᠶᠤᠮ᠃ ᠦᠨᠢ ᠡᠷᠳᠡᠨ᠎ᠤ ᠤᠷᠠᠨ ᠵᠢᠷᠤᠬ᠎ᠤᠨ ᠵᠤᠬᠢᠶᠠᠨ ᠪᠦᠲᠦᠭᠡᠯᠭᠡ ᠵᠢᠨ ᠨᠢᠭᠡᠨ ᠬᠡᠯᠪᠡᠷᠢ ᠪᠤᠯᠬᠤ ᠭᠠᠷ ᠵᠢᠷᠤᠮᠠᠯ ᠤᠢ᠍ᠢᠷ᠎ᠠ ᠵᠢᠨ ᠠᠷᠪᠠᠭᠠᠳ ᠵᠢᠯ᠎ᠤᠨ ᠲᠤᠷᠰᠢ ᠵᠠᠭᠤᠴᠢᠯᠠᠭᠤᠷ᠎ᠤᠨ ᠲᠠᠮᠵᠢᠭᠤᠯᠭ᠎ᠠ᠎ᠳᠤ ᠦᠷᠭᠡᠨ ᠵᠢᠡᠷ ᠬᠡᠷᠡᠭ᠌ᠯᠡᠭ᠌ᠳᠡᠵᠦ᠍ ᠢᠷᠡᠪᠡ᠃ ᠲᠡᠷᠡ ᠨᠢ ᠰᠠᠨᠠᠭ᠎ᠠ ᠠᠬᠤᠢ᠂ ᠦᠵᠡᠯ ᠰᠡᠳᠭᠢᠯᠭᠡ᠂ ᠭᠤᠤ᠎ᠠ ᠰᠠᠢ᠌ᠬᠠᠨ᠎ᠢ ᠠᠭᠤᠰᠤᠯᠴᠠᠭᠤᠯᠤᠬ᠍ᠰᠠᠨ ᠤᠷᠠᠯᠢᠭ᠎ᠤᠨ ᠪᠦᠲᠦᠭᠡᠯ ᠪᠤᠯᠬᠤᠷ ᠵᠢᠡᠨ ᠡᠯᠸᠺᠲ᠋ᠷᠤᠨ ᠵᠠᠭᠤᠴᠢ ᠵᠢ ᠬᠡᠷᠡᠭ᠌ᠯᠡᠵᠦ᠍ ᠲᠠᠰᠤᠬ᠍ᠰᠠᠨ ᠬᠦᠯᠢᠶᠠᠨ ᠠᠪᠤᠬ᠍ᠴᠢᠳᠤᠨ ᠮᠡᠳᠡᠭᠡ ᠵᠠᠡᠭ᠌ᠭᠢ ᠬᠠᠢ᠌ᠬᠤ ᠲᠠᠳᠭᠠᠯ ᠲᠠᠢ ᠮᠠᠰᠢ ᠨᠡᠢ᠌ᠴᠡᠭᠦ᠌ ᠮᠦᠷᠳᠡᠭᠡᠨ ᠭᠤᠤ᠎ᠠ ᠰᠠᠢ᠌ᠬᠠᠨ ᠬᠠᠷᠠᠭᠠᠨ ᠰᠡᠷᠡᠯ᠎ᠤᠨ ᠲᠠᠭᠠᠱᠢᠶᠠᠯ ᠬᠦᠷᠳᠡᠭᠡᠵᠦ᠍᠂ ᠰᠤᠨᠢᠨ ᠮᠡᠳᠡᠭᠡᠨ᠎ᠤ ᠤᠬᠠᠭᠤᠯᠭ᠎ᠠ ᠵᠢᠨ ᠦᠷᠠᠳ᠋ᠦᠡᠭᠢ ᠭᠠᠷᠭᠠᠵᠦ᠍ ᠴᠢᠳᠠᠨ᠎ᠠ᠃ ᠭᠠᠷ ᠵᠢᠷᠤᠮᠠᠯ᠎ᠤᠨ ᠪᠦᠲᠦᠭᠡᠯ ᠲᠤᠳᠤᠷ᠎ᠠ ᠦᠰᠦᠭ᠂ ᠵᠢᠷᠤᠭ᠂ ᠦᠡᠭ᠌ᠭᠡ ᠪᠤᠳᠤᠬ᠂ ᠰᠡᠳᠭᠢᠮᠵᠢ ᠵᠡᠷᠭᠡ ᠡᠯᠸᠮᠸᠨ᠋ᠲ ᠠᠭᠤᠰᠤᠯᠴᠠᠨ ᠨᠢᠭᠡᠳᠴᠤ᠌᠂ ᠰᠤᠨᠢᠨ ᠮᠡᠳᠡᠭᠡ ᠵᠢ ᠠᠭᠤᠯᠭ᠎ᠠ ᠵᠢᠨ ᠦᠢᠯᠡᠳᠪᠤᠷᠢᠯᠡᠯ ᠡᠴᠡ ᠲᠠᠮᠵᠢᠭᠤᠯᠭ᠎ᠠ ᠵᠢᠨ ᠭᠤᠬ᠍ᠴᠤᠭ᠎ᠠ᠎ᠳᠤ ᠭᠦᠷᠭᠡᠵᠦ᠍᠂ ᠭᠤᠸ᠎ᠠ ᠰᠠᠢ᠌ᠬᠠᠨ᠎ᠤ ᠮᠡᠳᠡᠷᠡᠮᠵᠢ᠎ᠳᠤ ᠨᠡᠢ᠌ᠴᠡᠭ᠌ᠰᠡᠨ᠂ ᠲᠠᠮᠵᠢᠭᠤᠯᠭ᠎ᠠ ᠵᠢᠨ ᠤᠨᠴᠠᠯᠢᠭ ᠲᠦ᠍ ᠵᠤᠬᠢᠴᠠᠬ᠍ᠰᠠᠨ ᠦᠢᠯᠡᠳᠭᠦᠨ ᠪᠤᠯᠭᠠᠬᠤ ᠪᠤᠯᠤᠨ᠎ᠠ᠃
ᠤᠯᠠᠮᠵᠢᠯᠠᠯᠳᠤ ᠵᠠᠭᠤᠴᠢᠯᠠᠭᠤᠷ᠎ᠤᠨ ᠴᠠᠬ ᠦᠶ᠎ᠠ᠎ᠳᠤ ᠭᠠᠷ ᠵᠢᠷᠤᠮᠠᠯ᠎ᠤᠨ ᠬᠡᠯᠪᠡᠷᠢ ᠨᠢ ᠲᠠᠮᠵᠢᠭᠤᠯᠭ᠎ᠠ ᠵᠢᠨ ᠶᠠᠪᠤᠴᠠ᠎ᠳᠤ ᠦᠷᠭᠡᠨ ᠵᠢᠡᠷ ᠬᠡᠷᠡᠭ᠌ᠯᠡᠭ᠌ᠳᠡᠵᠦ᠍ ᠢᠷᠡᠪᠡ᠃ ᠰᠤᠨᠢᠨ᠎ᠤ ᠨᠢᠭᠤᠷ᠎ᠤᠨ ᠲᠠᠭᠠᠯᠳᠠ ᠬᠡᠪᠯᠡᠯ ᠤᠨ ᠵᠢᠭᠢᠷᠢᠭ ᠵᠢᠷᠤᠬ᠂ ᠭᠠᠷ ᠵᠢᠷᠤᠮᠠᠯ᠎ᠤᠨ ᠺᠠᠷᠲ᠋ᠤᠨ᠁ ᠱᠢᠨ᠎ᠠ ᠵᠠᠭᠤᠴᠢᠯᠠᠭᠤᠷ᠎ᠤᠨ ᠬᠦᠭ᠌ᠵᠢᠯᠳᠠ ᠵᠢ ᠲᠠᠭᠠᠯᠳᠤᠨ᠂ ᠭᠠᠷ ᠵᠢᠷᠤᠮᠠᠯ ᠨᠢ ᠵᠠᠭᠤᠴᠢᠯᠠᠭᠤᠷ᠎ᠤᠨ ᠮᠡᠷᠭᠡᠵᠢᠯ᠎ᠤᠨ ᠡᠷᠴᠢᠨ᠎ᠳᠤ ᠬᠡᠯᠪᠡᠷᠢ ᠨᠢ ᠨᠡᠡᠭ ᠠᠮᠢᠳᠤᠯᠢᠭ ᠮᠦᠷᠳᠡᠭᠡᠨ ᠤᠯᠠᠨ ᠡᠱᠢᠵᠢᠵᠦ᠍᠂ ᠦᠪᠡᠷ ᠪᠡᠶ᠎ᠠ ᠵᠢᠨ ᠵᠢᠡᠨ ᠦᠪᠡᠷᠮᠢᠴᠡ ᠤᠷᠠᠯᠢᠭ᠎ᠤᠨ ᠤᠨᠴᠠᠯᠢᠭ᠎ᠢ ᠪᠦᠷᠢᠯᠳᠦᠭᠦᠯᠵᠦ᠍᠂ ᠬᠦᠯᠢᠶᠠᠨ ᠠᠪᠤᠬ᠍ᠴᠢᠳ ᠪᠤᠶᠤ ᠵᠠᠭᠤᠴᠢᠯᠠᠭᠤᠷ ᠤᠨ ᠬᠢᠨ ᠳᠤ ᠦᠷᠭᠡᠨ ᠲᠠᠭᠠᠱᠢᠶᠠᠬ᠍ᠳᠠᠬ᠍ᠰᠠᠨ ᠲᠠᠮᠵᠢᠭᠤᠯᠭ᠎ᠠ ᠵᠢᠨ ᠨᠢᠭᠡᠨ ᠬᠡᠯᠪᠡᠷᠢ ᠪᠤᠯᠤᠬ᠍ᠰᠠᠨ ᠪᠠᠢ᠌ᠨ᠎ᠠ᠃
ᠤᠷᠠᠨ ᠵᠢᠷᠤᠬ᠎ᠤᠨ ᠪᠦᠲᠦᠭᠡᠯ᠎ᠤᠨ ᠬᠤᠪᠢ ᠡᠴᠡ ᠠᠪᠴᠤ᠌ ᠬᠡᠯᠡᠪᠡᠯ᠂ ᠭᠠᠷ ᠵᠢᠷᠤᠮᠠᠯ ᠵᠤᠬᠢᠶᠠᠬ᠍ᠴᠢ ᠵᠢᠨ ᠪᠤᠳᠤᠯ ᠰᠡᠳᠭᠢᠭᠦᠢ᠂ ᠦᠵᠡᠯ ᠰᠠᠨᠠᠭ᠎ᠠ᠂ ᠬᠠᠢ᠌ᠷ᠎ᠠ ᠰᠡᠳᠭᠢᠯᠭᠡ ᠵᠢ ᠦᠨᠡᠨ ᠮᠦᠨ ᠵᠢᠡᠷ ᠨᠢ ᠢᠯᠡᠷᠡᠭᠦᠯᠵᠦ᠍ ᠴᠢᠳᠠᠨ᠎ᠠ᠃ ᠡᠨᠡ ᠬᠦ᠌ ᠢᠯᠡᠷᠡᠭᠦᠯᠤᠯᠤᠨ ᠬᠡᠯᠪᠡᠷᠢ ᠨᠢ ᠮᠡᠳᠡᠭᠡᠯᠡᠯ᠎ᠤᠨ ᠰᠤᠨᠢᠨ ᠮᠡᠳᠡᠭᠡ᠎ᠶ᠋ᠢᠨ ᠦᠭᠡ ᠬᠡᠯᠡ᠎ᠶ᠋ᠢ ᠨᠡᠩ ᠪᠠᠶᠠᠯᠢᠭ ᠪᠤᠯᠭᠠᠵᠤ᠂ ᠮᠡᠳᠡᠭᠡᠯᠡᠬᠦ᠌ ᠤᠷᠤᠨ ᠵᠠᠢ ᠬᠢᠭᠡᠳ ᠳᠤᠲᠤᠭᠠᠳᠤ ᠠᠭᠤᠯᠬᠤᠨ᠎ᠢ ᠦᠷᠭᠡᠳᠭᠡᠵᠦ᠍᠂ ᠳᠠᠮᠵᠢᠭᠤᠯᠭ᠎ᠠ᠎ᠶ᠋ᠢᠨ ᠦᠷ᠎ᠡ ᠪᠦᠲᠦᠮᠵᠢ᠎ᠶ᠋ᠢ ᠬᠠᠮᠤᠭ ᠶᠡᠭᠡ ᠪᠤᠯᠭᠠᠳᠠᠭ ᠪᠠᠢᠨ᠎ᠠ᠃ ᠤᠳᠤᠬᠠᠨ᠎ᠤ ᠪᠠᠢ᠌ᠳᠠᠯ ᠲᠤᠤᠷ᠎ᠠ᠂ ᠤᠬᠤᠷ ᠸᠢᠳᠢᠣ᠋ ᠪᠤᠯ ᠬᠦᠯᠢᠶᠠᠨ ᠠᠪᠤᠬ᠍ᠴᠢᠳ ᠲᠦ᠍ ᠬᠠᠮᠤᠭ ᠡᠴᠡ ᠲᠠᠭᠠᠱᠢᠶᠠᠬ᠍ᠳᠠᠬ᠍ᠰᠠᠨ ᠱᠢᠨ᠎ᠠ ᠵᠠᠭᠤᠴᠢᠯᠠᠭᠤᠷ᠎ᠤᠨ ᠲᠠᠮᠵᠢᠭᠤᠯᠭ᠎ᠠ ᠵᠢᠨ ᠬᠡᠯᠪᠡᠷᠢ ᠪᠤᠯᠬᠤ ᠪᠤᠯᠪᠠᠴᠤ᠌᠂ ᠶᠠᠮᠠᠷᠪᠠ ᠮᠡᠳᠡᠭᠡᠯᠡᠯ᠎ᠢ ᠴᠦᠮ ᠸᠢᠳᠢᠣ᠋ ᠪᠡᠷ ᠢᠯᠡᠳᠭᠡᠭᠦ᠌ ᠵᠢᠨ ᠠᠷᠭ᠎ᠠ ᠦᠭᠡᠢ ᠪᠤᠯᠬᠤᠷ᠂ ᠭᠠᠷ ᠵᠢᠷᠤᠮᠠᠯ ᠨᠢ ᠮᠦᠨ ᠨᠢᠭᠡᠨ ᠰᠠᠢ᠌ᠨ ᠰᠤᠡᠭ᠌ᠭᠤᠯᠳᠠ ᠪᠠᠢ᠌ᠵᠦ᠍ ᠲᠠᠭᠠᠷᠠᠨ᠎ᠠ᠃ ᠭᠠᠷ ᠵᠢᠷᠤᠮᠠᠯ᠂ ᠢᠯᠠᠡᠭ᠌ᠭᠤᠶᠠ ᠭᠠᠷ ᠵᠢᠷᠤᠮᠠᠯ᠎ᠤᠨ ᠺᠠᠷᠲ᠋ᠤᠨ ᠨᠢ ᠢᠯᠡᠳᠭᠡᠭᠦ᠌ ᠦᠷ᠎ᠠ ᠪᠦᠲᠦᠮᠵᠢ ᠵᠢᠨ ᠬᠤᠪᠢ᠎ᠳᠤ ᠸᠢᠳᠢᠣ᠋ ᠡᠴᠡ ᠲᠤᠤᠷᠠᠳᠠᠬᠤ ᠦᠭᠡᠢ ᠮᠦᠷᠳᠡᠭᠡᠨ᠂ ᠤᠳᠤᠬᠠᠨ᠎ᠤ ᠱᠢᠨ᠎ᠠ ᠵᠠᠭᠤᠴᠢᠯᠠᠭᠤᠷ᠎ᠤᠨ ᠤᠡᠭ᠌ᠰᠢᠬᠤ ᠲᠠᠳᠭᠠᠯ ᠲᠠᠢ ᠨᠡᠡᠭ ᠨᠡᠢ᠌ᠴᠡᠨᠠ᠃ ᠤᠨᠴᠠᠭᠠᠢ᠌ᠯᠠᠨ ᠴᠢᠬᠤᠯᠠ ᠶᠡᠭᠡ ᠮᠡᠳᠡᠭᠡᠯᠡᠯ᠎ᠳᠤ ᠭᠠᠷ ᠵᠢᠷᠤᠮᠠᠯ᠎ᠤᠨ ᠬᠡᠯᠪᠡᠷᠢ ᠪᠠᠢ᠌ᠡᠭ᠌ᠭᠤ ᠬᠡᠷᠡᠭ᠌ᠯᠡᠭ᠌ᠳᠡᠨᠠ᠃ ᠵᠢᠱ᠌ᠢᠶᠡᠯᠡᠪᠡᠯ᠄ 2020 ᠤᠨ᠎ᠤ ᠵᠢᠯ᠎ᠤᠨ ᠡᠭᠢᠨ᠎ᠳᠤ ᠡᠭᠦᠰᠦᠭ᠌ᠰᠡᠨ ᠱᠢᠨ᠎ᠠ ᠲᠢᠳᠢᠮᠯᠢᠭ ᠠᠭᠤᠰᠭᠢᠨ ᠦᠷᠪᠢᠰᠤᠯ᠎ᠤᠨ ᠬᠢᠵᠢᠭ᠎ᠤᠨ ᠪᠠᠢ᠌ᠳᠠᠯ᠎ᠢ ᠰᠡᠷᠭᠡᠢ᠌ᠯᠡᠨ ᠡᠵᠡᠮᠳᠡᠭᠦ᠌ ᠬᠤᠭᠤᠴᠠᠭᠠᠨ᠎ᠳᠤ᠂ ᠤᠯᠠᠡᠭ᠌ᠭᠢ ᠵᠠᠭᠤᠴᠢᠯᠠᠭᠤᠷ᠎ᠤᠨ ᠬᠢᠨ ᠬᠢᠵᠢᠭ᠎ᠢ ᠰᠡᠷᠭᠡᠢ᠌ᠯᠡᠭᠦ᠌ ᠮᠡᠳᠡᠯᠭᠡ᠂ ᠬᠢᠵᠢᠭ᠎ᠤᠨ ᠲᠤᠬᠠᠢ ᠬᠦᠮᠦᠨ ᠬᠡᠷᠡᠭ ᠶᠠᠪᠤᠳᠠᠯ᠎ᠤᠨ ᠮᠡᠳᠡᠭᠡᠯᠡᠯ᠎ᠢ ᠭᠠᠷ ᠵᠢᠷᠤᠮᠠᠯ᠎ᠤᠨ ᠬᠡᠯᠪᠡᠷᠢ ᠪᠡᠷ ᠢᠯᠡᠳᠭᠡᠵᠦ᠍᠂ ᠰᠤᠨᠢᠨ ᠮᠡᠳᠡᠭᠡᠨ᠎ᠤ ᠢᠯᠡᠳᠭᠡᠭᠦ᠌ ᠬᠡᠯᠪᠡᠷᠢ ᠵᠢ ᠡᠯᠪᠡᠭ᠌ᠵᠢᠭᠦᠯᠪᠡ᠃
ᠡᠮᠬᠢᠯᠡᠭᠴᠢ᠄ ᠰᠢᠶᠠᠡᠭ ᠲᠤᠤ