ᠬᠠᠮ ᠤᠬᠠᠭᠤᠯᠭ᠎ᠠ
2021-11-17 11:31:19
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠠᠮ ᠤᠬᠠᠭᠤᠯᠭ᠎ᠠ (融宣传)

ᠬᠠᠮ ᠤᠬᠠᠭᠤᠯᠭ᠎ᠠ ᠪᠤᠯ ᠨᠢᠭᠡ ᠤᠳᠠᠭᠠᠨ᠎ᠤ ᠰᠤᠷᠪᠤᠯᠵᠢᠯᠠᠭ᠎ᠠ ᠪᠡᠷ ᠤᠯᠠᠨ ᠦᠢᠯᠡᠳᠭᠦᠨ ᠬᠢᠵᠦ᠍᠂ ᠤᠯᠠᠨ ᠬᠡᠯᠪᠡᠷᠢ᠎ᠪᠡᠷ ᠲᠠᠮᠵᠢᠭᠤᠯᠬᠤ ᠠᠭᠤᠰᠤᠯᠴᠠᠯ ᠦᠢᠯᠡᠳᠪᠤᠷᠢᠯᠡᠯ᠎ᠤᠨ ᠬᠡᠯᠪᠡᠷᠢ ᠪᠤᠯᠬᠤ ᠮᠦᠷᠳᠡᠭᠡᠨ ᠵᠤᠬᠢᠶᠠᠨ ᠪᠦᠲᠦᠭᠡᠭᠦ᠌ ᠬᠦᠮᠤᠨ᠎ᠤ ᠬᠦᠴᠤᠨ᠎ᠤ ᠡᠭᠢ ᠪᠠᠶᠠᠯᠢᠭ᠂ ᠲᠤᠭ᠎ᠠ ᠪᠠᠷᠢᠮᠳᠠ ᠵᠢᠨ ᠡᠭᠢ ᠪᠠᠶᠠᠯᠢᠭ᠂ ᠮᠡᠷᠭᠡᠵᠢᠯ᠎ᠤᠨ ᠡᠭᠢ ᠪᠠᠶᠠᠯᠢᠭ᠎ᠢ ᠨᠡᠢ᠌ᠳᠭᠡᠵᠦ᠍᠂ ᠬᠤᠪᠢ ᠬᠤᠪᠢᠨ᠎ᠤ ᠬᠢᠨᠢ ᠲᠠᠪᠠᠭᠤᠯᠢᠭ᠎ᠢ ᠪᠠᠳᠠᠷᠠᠭᠤᠯᠵᠦ᠍᠂ ᠵᠠᠭᠤᠴᠢᠯᠠᠭᠤᠷ ᠠᠯᠤᠰᠯᠠᠨ᠂ ᠬᠡᠯᠳᠡᠰ ᠠᠯᠤᠰᠯᠠᠨ᠂ ᠦᠭᠡ ᠬᠡᠯᠡ ᠠᠯᠤᠰᠯᠠᠨ ᠬᠦᠨᠵᠡᠭᠡᠢ ᠠᠭᠤᠰᠤᠯᠴᠠᠯ᠎ᠢ ᠪᠡᠶᠡᠯᠡᠭᠦᠯᠵᠦ᠍᠂ ᠰᠤᠨᠢᠨ ᠮᠡᠳᠡᠭᠡᠨ᠎ᠤ ᠦᠨ᠎ᠠ ᠦᠷᠳᠡᠭ᠎ᠢ ᠢᠯᠡᠷᠡᠭᠦᠯᠭᠦ᠌ ᠬᠡᠯᠪᠡᠷᠢ ᠪᠤᠯᠤᠨ᠎ᠠ᠃

ᠬᠠᠮ ᠤᠬᠠᠭᠤᠯᠭ᠎ᠠ ᠨᠢ ᠠᠭᠤᠰᠤᠯᠴᠠᠯ ᠰᠡᠳᠭᠢᠮᠵᠢ ᠬᠢᠭᠡᠳ ᠠᠭᠤᠰᠤᠯᠴᠠᠯ ᠭᠤᠤᠯ ᠰᠡᠳᠦᠪ᠎ᠢ ᠱᠢᠷᠭᠠᠭᠠᠨ ᠠᠪᠬᠤ ᠲᠠᠯ᠎ᠠ ᠪᠡᠷ ᠱᠢᠨᠡᠴᠢᠯᠡᠯᠳᠠ ᠰᠦᠪᠡᠭ᠌ᠴᠢᠯᠡᠯᠳᠠ ᠬᠢᠵᠦ᠍᠂ ᠪᠦᠬᠦ᠋ᠢᠯᠡ ᠵᠤᠬᠢᠶᠠᠨ ᠪᠦᠲᠦᠭᠡᠬᠦ᠌ ᠶᠠᠪᠤᠴᠠ᠎ᠳᠤ ᠤᠷᠠᠨ ᠰᠡᠳᠭᠢᠮᠵᠢ ᠬᠢᠭᠡᠳ ᠲᠦᠰᠦᠪᠯᠡᠯ ᠵᠢᠡᠷ ᠤᠳᠤᠷᠢᠳᠤᠮᠵᠢ ᠪᠤᠯᠭᠠᠵᠤ᠂ ᠦᠵᠡᠯ ᠰᠠᠨᠠᠭᠠᠨ᠎ᠤ ᠭᠦᠨᠴᠡ ᠪᠡᠷ ᠵᠤᠷᠢᠯᠲᠠ ᠪᠤᠯᠭᠠᠨ᠂ ᠮᠡᠳᠡᠭᠡ᠂ ᠴᠢᠮᠡᠭᠡᠯᠡᠯ᠂ ᠭᠡᠷᠡᠯ ᠵᠢᠷᠤᠭ᠂ ᠤᠬᠤᠷ ᠸᠢᠳᠢᠣ᠋ ᠵᠡᠷᠭᠡ ᠠᠭᠤᠰᠤᠯᠴᠠᠯ ᠮᠡᠳᠡᠭᠡᠯᠡᠯ᠎ᠤᠨ ᠬᠡᠯᠪᠡᠷᠢ᠎ᠪᠠᠷ ᠪᠦᠲᠦᠴᠡ ᠪᠤᠯᠭᠠᠨ ᠭᠤᠤᠯ ᠰᠡᠳᠦᠪᠲᠤ ᠬᠠᠮ ᠤᠬᠠᠭᠤᠯᠭ᠎ᠠ ᠬᠢᠳᠡᠭ ᠪᠠᠢ᠌ᠨ᠎ᠠ᠃ ᠬᠠᠮ ᠤᠬᠠᠭᠤᠯᠭ᠎ᠠ ᠵᠢᠨ ᠦᠨ᠎ᠠ ᠦᠷᠳᠡᠭ ᠨᠢ ᠡᠨᠡ ᠬᠦ᠌ ᠶᠠᠪᠤᠴᠠ ᠪᠡᠷ ᠪᠤᠢ ᠪᠤᠯᠤᠬ᠍ᠰᠠᠨ ᠬᠦᠨᠴᠠ ᠠᠭᠤᠰᠤᠯᠴᠠᠯ᠂ ᠠᠭᠤᠰᠤᠯᠴᠠᠯ ᠦᠢᠯᠡᠳᠭᠦᠨ᠂ ᠠᠭᠤᠰᠤᠯᠴᠠᠯ ᠲᠠᠪᠴᠠᠡᠭ ᠵᠢᠡᠷ ᠢᠯᠡᠷᠡᠳᠡᠭ᠃ ᠡᠭᠦᠨ᠎ᠳᠤ᠂ ᠭᠦᠨᠴᠠ ᠠᠭᠤᠰᠤᠯᠴᠠᠯ᠂ ᠠᠭᠤᠰᠤᠯᠴᠠᠯ ᠦᠢᠯᠡᠳᠭᠦᠨ᠂ ᠠᠭᠤᠰᠤᠯᠴᠠᠯ ᠲᠠᠪᠴᠠᠩ ᠪᠤᠯ ᠵᠠᠭᠤᠴᠢᠯᠠᠭᠤᠷ᠎ᠤᠨ ᠠᠭᠤᠰᠤᠯᠴᠠᠨ ᠬᠦᠭ᠌ᠵᠢᠭᠦ᠌ ᠬᠡᠯᠪᠡᠷᠢ᠎ᠪᠠᠨ ᠬᠦᠨᠵᠡᠭᠡᠢ ᠬᠤᠪᠢᠷᠠᠭᠤᠯᠬᠤ ᠴᠢᠬᠤᠯᠠ ᠪᠡᠯᠭᠡ ᠲᠡᠮᠲᠡᠭ ᠪᠦᠭᠡᠳ ᠮᠦᠨ ᠴᠤ᠌ ᠠᠭᠤᠯᠭ᠎ᠠ ᠬᠢᠭᠡᠳ ᠤᠷᠠᠨ ᠰᠡᠳᠭᠢᠮᠵᠢ᠎ᠶ᠋ᠢᠨ ᠵᠠᠩᠭᠢᠯᠠᠭ᠎ᠠ᠎ᠨᠢ ᠪᠤᠯᠵᠤ᠂ ᠬᠠᠮ ᠤᠬᠠᠭᠤᠯᠭ᠎ᠠ ᠵᠢᠨ ᠦᠨ᠎ᠡ ᠦᠷᠳᠡᠭ᠎ᠢ ᠢᠯᠡᠷᠡᠭᠦᠯᠤᠨ᠎ᠠ᠃ ᠭᠦᠨᠴᠡ ᠠᠭᠤᠰᠤᠯᠴᠠᠯ᠂ ᠪᠢᠴᠢᠯ ᠸᠢᠳᠢᠣ᠋᠂ ᠠᠭᠤᠯᠭ᠎ᠠ᠎ᠶ᠋ᠢᠨ ᠪᠦᠲᠦᠭᠡᠯᠲᠡ ᠵᠡᠷᠭᠡ᠎ᠨᠢ ᠬᠠᠮ ᠤᠬᠠᠭᠤᠯᠭ᠎ᠠ ᠵᠢᠨ ᠭᠤᠤᠯᠯᠠᠭ᠍ᠴᠢ ᠦᠷᠢᠰᠦᠯᠳᠦᠭᠡᠨ ᠬᠦᠴᠦᠨ ᠪᠤᠯᠤᠨ᠎ᠠ᠃

ᠭᠦᠨᠴᠡ ᠠᠭᠤᠰᠤᠯᠴᠠᠯ ᠮᠡᠳᠡᠭᠡᠯᠡᠯ᠎ᠨᠢ᠂ ᠤᠬᠠᠭᠠᠯᠠᠬᠤ᠂ ᠰᠤᠷᠪᠤᠯᠵᠢᠯᠠᠬᠤ᠂ ᠨᠠᠢᠷᠠᠭᠤᠯᠬᠤ᠂ ᠨᠡᠢᠳᠡᠯᠡᠬᠦ᠌ ᠶᠠᠪᠤᠴᠠ᠎ᠶ᠋ᠢᠨ ᠠᠭᠤᠰᠤᠯᠴᠠᠯ ᠪᠤᠯᠬᠤ᠎ᠪᠠᠷ ᠪᠠᠷᠠᠬᠤ ᠦᠭᠡᠢ ᠪᠠᠰᠠ ᠠᠴᠢᠶᠠᠯᠠᠪᠤᠷᠢ᠂ ᠰᠤᠪᠠᠭ᠂ ᠲᠠᠪᠴᠠᠩ᠂ ᠳᠠᠮᠵᠢᠭᠤᠯᠭ᠎ᠠ᠎ᠶ᠋ᠢᠨ ᠭᠦᠨᠵᠡᠭᠡᠢ ᠠᠭᠤᠰᠤᠯᠴᠠᠯ᠎ᠢ ᠴᠢᠬᠤᠯᠠᠴᠢᠯᠠᠵᠤ᠂ ᠠᠭᠤᠰᠤᠯᠴᠠᠯ ᠦᠢᠯᠡᠳᠭᠦᠨ᠎ᠤ ᠭᠦᠨᠴᠡ᠎ᠶ᠋ᠢᠨ ᠬᠡᠮᠵᠢᠶ᠎ᠡ᠂ ᠲᠠᠭᠠᠯᠠᠮᠵᠢ ᠵᠢᠨ ᠬᠡᠮᠵᠢᠶ᠎ᠡ᠂ ᠭᠤᠸ᠎ᠠ ᠲᠠᠭᠠᠱᠢᠶᠠᠯ᠎ᠤᠨ ᠬᠡᠮᠵᠢᠶ᠎ᠡ᠎ᠶ᠋ᠢ ᠢᠯᠡᠷᠡᠭᠦᠯᠵᠦ᠍ ᠴᠢᠳᠠᠨ᠎ᠠ᠃ ᠠᠭᠤᠰᠤᠯᠴᠠᠯ ᠰᠡᠳᠭᠢᠮᠵᠢ᠂ ᠠᠭᠤᠰᠤᠯᠴᠠᠯ ᠭᠤᠤᠯ ᠰᠡᠳᠦᠪ᠂ ᠠᠭᠤᠰᠤᠯᠴᠠᠯ ᠦᠵᠡᠯ ᠰᠠᠨᠠᠭ᠎ᠠ ᠪᠤᠯ ᠬᠠᠮ ᠤᠬᠠᠭᠤᠯᠭ᠎ᠠ ᠵᠢᠨ ᠵᠠᠩᠭᠢᠯᠠᠭ᠎ᠠ᠎ᠶ᠋ᠢᠨ ᠡᠯᠧᠮᠧᠨ᠋ᠲ ᠪᠤᠯᠬᠤ ᠪᠦᠭᠡᠳ ᠠᠭᠤᠰᠤᠯᠴᠠᠯ ᠰᠡᠳᠭᠢᠮᠵᠢ᠎ᠨᠢ ᠠᠭᠤᠰᠤᠯᠴᠠᠯ ᠦᠢᠯᠡᠳᠭᠦᠨ᠎ᠤ ᠭᠤᠤᠯ ᠰᠡᠳᠦᠪ᠂ ᠭᠤᠤᠯ ᠰᠠᠨᠠᠭ᠎ᠠ᠂ ᠰᠤᠷᠲᠠᠯ ᠤᠬᠠᠭᠤᠯᠭ᠎ᠠ᠎ᠶ᠋ᠢ ᠳᠡᠭᠡᠭ᠌ᠰᠢᠯᠡᠭᠦᠯᠬᠦ᠌᠎ᠶ᠋ᠢᠨ ᠵᠠᠩᠭᠢᠯᠠᠭ᠎ᠠ ᠪᠤᠯᠤᠨ᠎ᠠ᠃ ᠭᠦᠨᠴᠡ ᠠᠭᠤᠰᠤᠯᠴᠠᠯ ᠪᠤᠯ ᠤᠯᠠᠮᠵᠢᠯᠠᠯᠲᠤ ᠵᠠᠭᠤᠴᠢᠯᠠᠭᠤᠷ᠎ᠤᠨ ᠭᠦᠨᠴᠡ ᠮᠡᠳᠡᠭᠡᠯᠡᠯ᠎ᠳᠠᠬᠢ ᠠᠭᠤᠰᠤᠯᠴᠠᠯ ᠮᠡᠳᠡᠭᠡᠯᠡᠯ᠎ᠤᠨ ᠪᠤᠳᠠᠳᠠᠢᠵᠢᠯ ᠪᠠᠢᠵᠤ᠂ ᠳᠡᠭᠦᠨ᠎ᠤ ᠭᠤᠤᠯᠳᠠᠯᠭ᠎ᠠ᠎ᠨᠢ 《ᠭᠤᠤᠯ ᠰᠡᠳᠦᠪᠲᠦ ᠮᠡᠳᠡᠭᠡᠯᠡᠯ᠂ ᠭᠤᠤᠯᠳᠠᠯᠭᠠᠲᠤ ᠮᠡᠳᠡᠭᠡᠯᠡᠯ᠂ ᠵᠢᠱ᠌ᠢᠶᠡᠴᠢ ᠮᠡᠳᠡᠭᠡᠯᠡᠯ᠂ ᠤᠨᠤᠯ᠎ᠤᠨ ᠮᠡᠳᠡᠭᠡᠯᠡᠯ》 ᠳᠤᠮᠳᠠᠬᠢ ᠰᠤᠨᠢᠨ ᠮᠡᠳᠡᠭᠡ᠎ᠶ᠋ᠢᠨ ᠳᠡᠦᠭᠡᠳᠦ ᠤᠷᠴᠢᠨ᠂ ᠦᠵᠡᠯ ᠰᠠᠨᠠᠭ᠎ᠠ᠎ᠶ᠋ᠢᠨ ᠭᠦᠨᠴᠡ᠂ ᠦᠯᠢᠭᠡᠷ ᠦᠢᠯᠡ ᠶᠠᠪᠤᠳᠠᠯ᠂ ᠳᠠᠮᠵᠢᠭᠤᠯᠭ᠎ᠠ᠎ᠶ᠋ᠢᠨ ᠦᠷᠳᠡᠭ᠎ᠢ ᠠᠭᠤᠳᠠᠯᠯᠠᠨ ᠢᠯᠡᠷᠡᠭᠦᠯᠬᠦ᠌ ᠪᠤᠯᠤᠨ᠎ᠠ᠃

ᠬᠠᠮ ᠤᠬᠠᠭᠤᠯᠭ᠎ᠠ᠎ᠨᠢ ᠠᠳᠠᠯᠢ ᠪᠤᠰᠤ᠎ᠶ᠋ᠢᠨ ᠠᠴᠢᠶᠠᠯᠠᠪᠤᠷᠢ᠂ ᠠᠳᠠᠯᠢ ᠪᠤᠰᠤ᠎ᠶ᠋ᠢᠨ ᠢᠯᠡᠷᠡᠭᠦᠯᠬᠦ᠌ ᠠᠷᠭ᠎ᠠ ᠬᠡᠯᠪᠡᠷᠢ᠎ᠪᠠᠷ ᠪᠦᠷᠢᠨ ᠪᠦᠲᠦᠨ ᠦᠯᠢᠭᠡᠷ᠎ᠢ ᠲᠤᠭᠠᠴᠢᠵᠤ᠂ ᠠᠳᠠᠯᠢ ᠪᠤᠰᠤ᠎ᠶ᠋ᠢᠨ ᠦᠢᠯᠡᠳᠬᠦᠨ᠎ᠢ ᠵᠤᠬᠢᠶᠠᠨ ᠪᠦᠲᠦᠭᠡᠬᠦ᠌᠎ᠳᠤ ᠠᠳᠠᠯᠢ ᠪᠤᠰᠤ᠎ᠶ᠋ᠢᠨ ᠵᠠᠭᠤᠴᠢᠯᠠᠭᠤᠷ᠂ ᠠᠳᠠᠯᠢ ᠪᠤᠰᠤ᠎ᠶ᠋ᠢᠨ ᠲᠠᠪᠴᠠᠩ᠎ᠤᠨ ᠤᠨᠴᠠᠯᠢᠭ᠎ᠢ ᠢᠯᠡᠷᠡᠭᠦᠯᠳᠡᠭ᠃ ᠵᠢᠱ᠌ᠢᠶᠡᠯᠡᠪᠡᠯ᠂ ᠰᠤᠨᠢᠨ᠎ᠤ ᠮᠡᠳᠡᠭᠡᠯᠡᠯ ᠨᠢ ᠬᠦᠮᠦᠨ ᠬᠡᠷᠡᠭ ᠤᠴᠢᠷ᠂ ᠦᠯᠢᠭᠡᠷ ᠦᠢᠯᠡ ᠶᠠᠪᠤᠳᠠᠯ ᠪᠦᠷᠢᠨ ᠪᠦᠲᠦᠨ᠂ ᠡᠭᠢ ᠠᠳᠠᠭ᠂ ᠡᠭᠢᠯᠡᠯᠳᠡ ᠲᠡᠭᠦᠰᠭᠡᠯ ᠲᠠᠢ ᠢᠯᠡᠷᠡᠭᠦᠯᠭᠦ ᠎ᠳᠤ᠂ ᠱᠢᠨ᠎ᠡ ᠵᠠᠭᠤᠴᠢᠯᠠᠭᠤᠷ᠎ᠤᠨ ᠪᠦᠲᠦᠭᠡᠭ᠌ᠳᠡᠭᠦᠨ ᠨᠢ ᠬᠠᠷᠢᠨ ᠴᠡᠭ ᠪᠤᠯᠤᠨ ᠱᠤᠭᠤᠮ᠎ᠢ ᠬᠤᠯᠪᠤᠵᠦ᠍᠂ ᠮᠡᠳᠡᠭᠡ ᠵᠠᠡᠭ᠌ᠭᠢ ᠵᠢ ᠠᠭᠢᠨ ᠲᠠᠬᠢᠨ ᠱᠢᠷᠭᠠᠭᠠᠨ ᠪᠤᠯᠪᠠᠰᠤᠷᠠᠭᠤᠯᠵᠦ᠍᠂ ᠰᠤᠩᠭᠤᠳᠠᠭ ᠵᠦᠢᠯᠡᠰ᠎ᠢ ᠲᠤᠪᠤᠢ᠌ᠯᠭᠠᠨ ᠢᠯᠡᠷᠡᠭᠦᠯᠳᠡᠭ ᠪᠠᠢ᠌ᠨ᠎ᠠ᠃ ᠭᠦᠨᠴᠡ ᠠᠭᠤᠰᠤᠯᠴᠠᠯ᠎ᠨᠢ ᠠᠭᠤᠰᠤᠯᠴᠠᠯ ᠦᠯᠢᠭᠡᠷ ᠬᠢᠭᠡᠳ ᠠᠭᠤᠰᠤᠯᠴᠠᠯ ᠦᠵᠡᠯ ᠰᠠᠨᠠᠭ᠎ᠠ᠎ᠠᠴᠠ ᠢᠷᠡᠵᠦ᠍᠂ ᠤᠯᠠᠨ ᠡᠱᠢᠲᠦ ᠨᠡᠢᠳᠭᠡᠭ᠌ᠰᠡᠨ ᠭᠤᠤᠯ ᠰᠡᠳᠦᠪ᠎ᠠᠴᠠ ᠢᠷᠡᠳᠡᠭ᠂ ᠭᠠᠭ᠍ᠴᠠ ᠬᠦ᠌ ᠢᠩᠭᠢᠪᠡᠯ ᠰᠠᠶᠢ ᠭᠦᠨᠴᠡ ᠠᠭᠤᠰᠤᠯᠴᠠᠯ ᠮᠡᠳᠡᠭᠡᠯᠡᠯ᠎ᠤᠨ ᠴᠢᠨᠠᠷ ᠴᠢᠨᠰᠠᠭ᠎ᠠ᠎ᠶ᠋ᠢ ᠳᠡᠰ ᠳᠡᠪᠱᠢᠭᠦᠯᠵᠦ᠍ ᠴᠢᠳᠠᠨ᠎ᠠ᠃

ᠬᠠᠮ ᠤᠬᠠᠭᠤᠯᠭ᠎ᠠ ᠪᠤᠯ ᠮᠡᠳᠡᠭᠡ ᠵᠠᠡᠭ᠌ᠭᠢ ᠵᠢᠨ ᠠᠴᠢᠶᠠᠯᠠᠪᠤᠷᠢ ᠶ᠋ᠢᠨ ᠠᠭᠤᠰᠤᠯᠴᠠᠭ᠎ᠠ ᠮᠦᠷᠳᠡᠭᠡᠨ ᠨᠡᠩ ᠴᠦ᠍ ᠵᠤᠬᠢᠶᠠᠨ ᠪᠦᠲᠦᠭᠡᠭᠦ᠌ ᠪᠠᠬ ᠎ᠤᠨ ᠤᠢ᠍ᠢᠯᠠᠭᠠᠭ᠍ᠳᠠᠬᠤᠨ᠎ᠤ ᠠᠭᠤᠰᠤᠯᠴᠠᠭ᠎ᠠ ᠪᠤᠯᠤᠨ᠎ᠠ᠃ ᠬᠠᠮ ᠤᠬᠠᠭᠤᠯᠭ᠎ᠠ ᠵᠢᠨ ᠦᠷ᠎ᠡ ᠪᠦᠲᠦᠮᠵᠢ᠎ᠶ᠋ᠢ ᠬᠠᠮᠤᠭ ᠶᠡᠭᠡ ᠪᠤᠯᠭᠠᠬᠤ᠎ᠨᠢ ᠵᠤᠷᠢᠯᠲᠠ ᠪᠠᠢᠵᠤ᠂ ᠡᠨᠡ᠎ᠬᠦ᠌ ᠵᠤᠷᠢᠯᠲᠠ᠎ᠳᠠᠭᠠᠨ ᠬᠦᠷᠦᠶ᠎ᠡ ᠭᠡᠪᠡᠯ ᠳᠠᠷᠤᠢ ᠭᠦᠨᠴᠡ ᠠᠭᠤᠰᠤᠯᠴᠠᠯ᠎ᠤᠨ ᠬᠡᠯᠪᠡᠷᠢ ᠵᠢᠨ ᠰᠠᠭᠤᠷᠢᠨ ᠳᠡᠭᠡᠷ᠎ᠡ ᠠᠭᠤᠰᠤᠯᠴᠠᠯ ᠦᠢᠯᠡᠳᠭᠦᠨ᠎ᠤ ᠴᠢᠨᠠᠷ ᠴᠢᠨᠰᠠᠭ᠎ᠠ᠎ᠶ᠋ᠢ ᠴᠢᠷᠮᠠᠢᠨ ᠳᠡᠭᠡᠭ᠌ᠰᠢᠯᠡᠭᠦᠯᠦᠨ᠎ᠡ᠃ ᠡᠨᠡ ᠪᠤᠯ ᠰᠠᠶᠢ ᠵᠠᠭᠤᠴᠢᠯᠠᠭᠤᠷ᠎ᠤᠨ ᠭᠦᠨᠴᠡ ᠠᠭᠤᠰᠤᠯᠴᠠᠯ᠎ᠤᠨ ᠬᠠᠮᠤᠭ ᠡᠴᠦᠰ᠎ᠤᠨ ᠳᠠᠮᠵᠢᠭᠤᠯᠭ᠎ᠠ᠎ᠶ᠋ᠢᠨ ᠦᠷ᠎ᠡ ᠪᠦᠳᠦᠮᠵᠢ ᠪᠤᠯᠤᠨ᠎ᠠ᠃ ᠵᠢᠱ᠌ᠢᠶᠠᠯᠠᠪᠠᠯ᠄ 《ᠤᠯᠤᠰ᠎ᠤᠨ ᠰᠦᠯᠲᠡ ᠳᠤᠤᠷᠠᠬᠢ ᠱᠢᠨ᠎ᠡ ᠮᠠᠯᠴᠢᠨ》 ᠪᠤᠯ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ ᠵᠢᠨ ᠭᠦᠨᠴᠡ ᠠᠭᠤᠰᠤᠯᠴᠠᠯ ᠬᠢᠭᠡᠳ ᠬᠠᠮ ᠤᠬᠠᠭᠤᠯᠭ᠎ᠠ ᠳᠡᠭᠡᠷ᠎ᠡ ᠬᠦᠴᠦᠨ᠎ᠢᠶᠠᠨ ᠲᠦᠪᠯᠡᠷᠡᠭᠦᠯᠵᠦ᠍ ᠵᠤᠬᠢᠶᠠᠨ ᠪᠦᠲᠦᠭᠡᠭ᠌ᠰᠡᠨ ᠲᠦᠯᠦᠭᠡᠯᠡᠭ᠌ᠴᠢ ᠴᠢᠨᠠᠷᠳᠠᠢ ᠠᠭᠤᠰᠤᠯᠴᠠᠯ ᠦᠢᠯᠡᠳᠭᠦᠨ ᠶᠤᠮ᠃ ᠲᠤᠰ ᠪᠦᠲᠦᠭᠡᠯ᠎ᠨᠢ ᠬᠠᠮ ᠤᠬᠠᠭᠤᠯᠭ᠎ᠠ ᠵᠢᠨ ᠵᠠᠩᠭᠢᠯᠠᠭ᠎ᠠ᠎ᠶ᠋ᠢᠨ ᠡᠯᠧᠮᠧᠨ᠋ᠲ ᠪᠤᠯᠬᠤ ᠠᠭᠤᠰᠤᠯᠴᠠᠯ ᠰᠡᠳᠭᠢᠮᠵᠢ᠂ ᠠᠭᠤᠰᠤᠯᠴᠠᠯ ᠭᠤᠤᠯ ᠰᠡᠳᠦᠪ᠂ ᠠᠭᠤᠰᠤᠯᠴᠠᠯ ᠦᠵᠡᠯ ᠰᠠᠨᠠᠭ᠎ᠠ ᠵᠢᠨ ᠲᠠᠯ᠎ᠠ᠎ᠪᠠᠷ ᠪᠦᠲᠦᠮᠵᠢᠲᠡᠢ ᠡᠷᠢᠯᠭᠢᠯᠡᠯ ᠬᠢᠵᠦ᠍ ᠲᠤᠷᠱᠢᠯᠭ᠎ᠠ ᠬᠤᠷᠠᠮᠳᠤᠭᠤᠯᠵᠠᠢ᠃ ᠲᠡᠷᠡ ᠨᠢ᠂ ᠬᠠᠮ ᠤᠬᠠᠭᠤᠯᠭ᠎ᠠ ᠵᠢᠨ ᠤᠨᠴᠠᠯᠢᠭ᠎ᠢ ᠳᠤᠪᠤᠢᠯᠭᠠᠨ᠂ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠮᠤᠩᠭᠤᠯ ᠬᠢᠲᠠᠳ ᠰᠤᠨᠢᠨ᠂ ᠰᠦᠯᠵᠢᠶ᠎ᠡ᠂ ᠱᠢᠯᠵᠢᠶ᠎ᠡ᠂ ᠵᠢᠷᠭᠢᠶ᠎ᠡ᠂ ᠪᠢᠴᠢᠯ ᠪᠦᠷᠭᠡ ᠵᠡᠷᠭᠡ᠎ᠪᠠᠷ ᠨᠡᠢᠳᠡᠯᠡᠨ ᠳᠠᠮᠵᠢᠭᠤᠯᠤᠭ᠍ᠳᠠᠵᠤ᠂ ᠠᠷᠠᠳ᠎ᠤᠨ ᠰᠦᠯᠵᠢᠶ᠎ᠡ᠂ ᠪᠦᠮᠪᠦᠷᠴᠡᠭ᠎ᠤᠨ ᠰᠦᠯᠵᠢᠶ᠎ᠡ᠂ ᠬᠢᠯᠢ᠎ᠶ᠋ᠢᠨ ᠭᠠᠳᠠᠨᠠᠬᠢ ᠰᠦᠯᠵᠢᠶ᠎ᠡ ᠵᠡᠷᠭᠡ 60 ᠭᠠᠷᠤᠢ ᠨᠡᠷᠡᠲᠦ ᠰᠦᠯᠵᠢᠶ᠎ᠡ᠎ᠪᠠᠷ ᠳᠠᠮᠵᠢᠭᠤᠯᠤᠭ᠍ᠳᠠᠨ᠂ ᠳᠠᠷᠤᠮ᠎ᠤᠨ ᠲᠤᠭ᠎ᠠ᠎ᠨᠢ 620 ᠲᠦᠮᠡ ᠤᠳᠠᠭ᠎ᠠ᠎ᠳᠤ ᠬᠦᠷᠴᠦ᠍᠂ ᠠᠭᠤᠰᠤᠯᠴᠠᠯ ᠮᠡᠳᠡᠭᠡᠯᠡᠯ᠎ᠤᠨ ᠳᠠᠮᠵᠢᠭᠤᠯᠭ᠎ᠠ᠎ᠶ᠋ᠢᠨ ᠬᠦᠴᠦᠨ ᠬᠢᠭᠡᠳ ᠨᠦᠯᠦᠭᠡᠯᠡᠬᠦ᠌ ᠬᠦᠴᠦᠨ᠎ᠢ ᠳᠤᠪᠤᠢᠯᠭᠠᠨ ᠬᠠᠷᠠᠭᠤᠯᠤᠭ᠍ᠰᠠᠨ ᠪᠠᠢᠨ᠎ᠠ᠃  


ᠡᠮᠬᠢᠯᠡᠭᠴᠢ᠄ ᠰᠢᠶᠠᠡᠭ ᠲᠤᠤ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号