ᠦᠴᠦᠭᠡᠳᠦᠷ ᠦᠨᠦᠳᠦᠷ ᠵᠢᠴᠢ 《ᠤᠭ᠍ᠳᠤᠬᠤ ᠡᠳᠦᠷ᠎ᠤᠳ》
2021-11-28 08:34:32
ᠵᠣᠬᠢᠶᠠᠭ᠍ᠴᠢ᠄
ᠬᠦᠬᠡᠨᠠᠷᠠᠰᠦ
ᠣᠩᠱᠢᠭ᠍ᠰᠠᠨ ᠣᠳᠠᠭ᠎ᠠ᠄
★★★☆☆

— ᠠᠯᠲᠠᠨᠴᠡᠴᠡᠭ᠎ᠤᠨ ᠪᠤᠭᠤᠨᠢ ᠦᠬᠦᠯᠡᠯᠬᠡ 《ᠤᠭ᠍ᠳᠤᠬᠤ ᠡᠳᠦᠷ᠎ᠤᠳ》ᠢ᠋ ᠤᠩᠱᠢᠭᠠᠳ

ᠴᠠᠭ ᠦᠶ᠎ᠡ ᠪᠠᠭᠠᠲᠤᠷ᠎ᠢ ᠲᠦᠷᠦᠬᠦᠯᠳᠡᠭ᠎ᠤᠨ ᠠᠳᠠᠯᠢ ᠤᠷᠠᠨ ᠵᠤᠬᠢᠶᠠᠯ᠎ᠨᠢ ᠴᠦ᠍ ᠴᠠᠭ ᠦᠶ᠎ᠡ᠎ᠶ᠋ᠢᠨ ᠲᠦᠷᠦᠳᠡᠰᠦ ᠶᠤᠮ᠃ ᠤᠷᠠᠨ ᠵᠤᠬᠢᠶᠠᠯ᠎ᠨᠢ ᠲᠦᠷᠰᠦᠯᠢᠭ ᠰᠡᠳᠭᠢᠭᠦᠢ᠎ᠶ᠋ᠢᠨ ᠲᠦᠷᠦᠳᠡᠰᠦ ᠪᠤᠯᠤᠭ᠍ᠰᠠᠨ᠎ᠤ ᠬᠤᠪᠢ᠎ᠳᠤ ᠬᠦᠮᠦᠨ᠎ᠤ ᠠᠮᠢᠳᠤᠷᠠᠯ᠎ᠢ ᠦᠷᠭᠡᠨ᠎ᠢᠶᠠᠷ ᠬᠠᠷᠠᠭᠤᠯᠳᠠᠭ᠃ ᠰᠣᠨᠣᠰᠭᠤ᠂ ᠰᠠᠨᠠᠬᠤ᠂ ᠪᠢᠱᠢᠯᠭᠠᠬᠤ᠎ᠶ᠋ᠢᠨ ᠭᠤᠷᠪᠠᠨ ᠡᠷᠳᠡᠮ᠎ᠢᠶᠠᠷ ᠠᠮᠢᠳᠤᠷᠠᠯ᠎ᠤᠨ ᠳᠠᠪᠴᠢᠭᠤ ᠤᠷᠤᠨ ᠵᠠᠢ᠎ᠡᠴᠡ ᠦᠪᠡᠷ᠎ᠤᠨ ᠬᠡᠮᠡᠬᠦ᠌ ᠰᠡᠳᠭᠢᠯ᠎ᠤᠨ ᠱᠠᠭᠠᠷᠳᠠᠯᠭ᠎ᠠ᠎ᠪᠠᠷ ᠤᠷᠤᠱᠢᠬᠤᠢ᠎ᠶ᠋ᠢ ᠬᠠᠢᠨ ᠰᠦᠪᠡᠭ᠌ᠴᠢᠯᠡᠳᠡᠭ ᠤᠷᠠᠨ ᠵᠤᠬᠢᠶᠠᠯᠴᠢᠳ᠎ᠨᠢ ᠪᠢᠳᠡᠨ᠎ᠳᠤ ᠠᠭᠤᠳᠠᠯᠤᠭᠠᠳ ᠪᠠᠷᠠᠰᠢ ᠦᠭᠡᠢ ᠦᠨ᠎ᠡ ᠴᠡᠨ᠎ᠡ ᠪᠦᠬᠦᠢ ᠤᠷᠠᠨ ᠵᠤᠬᠢᠶᠠᠯ᠎ᠤᠨ ᠥᠪ᠎ᠢ ᠦᠯᠡᠳᠡᠭᠡᠳᠡᠭ᠃ ᠹᠷᠠᠨᠽ ᠺᠠᠹᠺ᠎ᠤᠨ 《ᠴᠠᠢᠵᠠ》᠂ ᠭᠠᠷᠱᠢᠶᠠ ᠮᠠᠷᠺᠰ᠎ᠤᠨ 《ᠵᠠᠭᠤᠨ ᠵᠢᠯ᠎ᠤᠨ ᠭᠠᠭ᠍ᠴᠠᠭᠠᠷᠳᠠᠯ 》 ᠵᠡᠷᠭᠡ ᠤᠷᠠᠨ ᠪᠥᠲᠦᠭᠡᠯ᠎ᠢ ᠪᠢᠳᠡ ᠰᠤᠳᠤᠯᠤᠭ᠍ᠰᠠᠭᠠᠷ ᠪᠠᠢᠭ᠎ᠠ᠎ᠨᠢ ᠡᠳᠡᠬᠡᠷ ᠵᠤᠬᠢᠶᠠᠯ᠎ᠨᠢ ᠬᠦᠮᠦᠨ᠎ᠤ ᠤᠷᠤᠱᠢᠬᠤᠢ᠎ᠶ᠋ᠢᠨ ᠭᠦᠨ᠎ᠢ ᠨᠡᠬᠡᠬᠡᠵᠦ᠍ ᠪᠠᠰᠠ ᠠᠭᠤᠳᠠᠯᠵᠤ ᠴᠢᠳᠠᠭ᠍ᠰᠠᠨ᠎ᠤ ᠤᠴᠢᠷ ᠪᠢᠯᠨ᠃

ᠡᠨᠳᠡ ᠮᠢᠨᠦ᠍ ᠪᠡᠷ᠂ ᠪᠦᠬᠦ᠌ ᠤᠷᠤᠨ᠎ᠤ ᠬᠤᠶᠠᠳᠤᠭᠠᠷ ᠤᠳᠠᠭᠠᠨ᠎ᠤ 《ᠵᠠᠯᠠᠭᠤᠴᠤᠳ ᠬᠤᠨᠳᠠᠭᠠᠲᠦ》 ᠪᠤᠭᠤᠨᠢ ᠦᠭᠦᠯᠡᠯᠭᠡ᠎ᠶ᠋ᠢᠨ ᠤᠷᠤᠯᠳᠤᠭᠠᠨ᠎ᠤ ᠲᠡᠷᠢᠭᠦᠨ ᠪᠠᠢᠷᠢ᠎ᠶ᠋ᠢᠨ ᠵᠤᠬᠢᠶᠠᠯ᠂ ᠵᠠᠯᠠᠭᠤ ᠢᠷᠠᠭᠤ ᠨᠠᠢᠷᠠᠭ᠍ᠴᠢ᠂ ᠵᠤᠬᠢᠶᠠᠯᠴᠢ ᠠᠯᠲᠠᠨᠴᠡᠴᠡᠭ᠎ᠤᠨ 《ᠤᠭ᠍ᠳᠤᠬᠤ ᠡᠳᠦᠷ᠎ᠤᠳ》 ᠭᠡᠬᠦ᠌ ᠦᠭᠦᠯᠡᠯᠭᠡ᠎ᠶ᠋ᠢᠨ ᠠᠭᠤᠯᠭ᠎ᠠ᠎ᠶ᠋ᠢᠨ ᠲᠠᠯ᠎ᠠ᠎ᠪᠠᠷ ᠦᠪᠡᠷ᠎ᠤᠨ ᠤᠢᠯᠠᠭᠠᠯᠲᠠ᠎ᠪᠠᠨ ᠲᠦᠭᠦᠮᠬᠡᠨ ᠦᠭᠦᠯᠡᠬᠦ᠌᠎ᠶ᠋ᠢ ᠵᠣᠷᠢᠯ᠎ᠠ᠃ ᠬᠡᠬᠦ᠌ ᠳ᠋ᠡᠭᠡᠨ᠂ 《ᠤᠭ᠍ᠳᠤᠬᠤ ᠡᠳᠦᠷ᠎ᠤᠳ》᠎ᠢ᠋ ᠡᠳᠡᠭᠡᠷ ᠳᠡᠯᠡᠬᠡᠢ᠎ᠶ᠋ᠢᠨ ᠰᠤᠩᠭᠤᠳᠠᠭ ᠵᠤᠬᠢᠶᠠᠯ᠎ᠲᠠᠢ ᠲᠡᠩᠴᠡᠬᠦᠦ ᠪᠠᠢᠷᠢᠨ᠎ᠳᠤ ᠲᠠᠯᠪᠢᠵᠦ᠍ ᠪᠠᠢᠭ᠎ᠠ ᠪᠢᠰᠢ ᠬᠡᠳᠡᠭ᠎ᠢ ᠲᠤᠳᠤᠷᠬᠠᠢ᠌ᠯᠠᠶ᠎ᠠ᠃

《ᠤᠭ᠍ᠳᠤᠬᠤ ᠡᠳᠦᠷ᠎ᠤᠳ》 ᠬᠡᠬᠦ᠌ ᠦᠬᠦᠯᠡᠯᠬᠡ᠎ᠨᠢ ᠰᠤᠷᠭᠠᠭᠤᠯᠢ᠎ᠳᠤ ᠰᠠᠭᠤᠳᠠᠭ ᠵᠢᠭᠠᠯ ᠎ᠢᠶᠠᠷ ᠭᠤᠤᠯ ᠲᠦᠷᠢ ᠪᠤᠯᠭᠠᠨ᠂ ᠲᠡᠭᠦᠨ᠎ᠤ ᠰᠡᠳᠭᠢᠯ᠎ᠤᠨ ᠬᠦᠳᠡᠯᠭᠡᠭᠡᠨ᠂ ᠪᠤᠳᠤᠯ᠎ᠤᠨ ᠵᠢᠮ᠎ᠡ᠎ᠪᠠᠷ ᠦᠢᠯᠨ ᠶᠠᠪᠤᠳᠠᠯ᠎ᠢᠶᠠᠨ ᠲᠡᠯᠬᠡᠷᠡᠬᠦᠯᠵᠡᠢ᠃ ᠵᠤᠬᠢᠶᠠᠯ ᠡᠬᠢᠯᠡᠭᠡᠳ ᠪᠢᠴᠢᠬᠠᠨ ᠵᠢᠭᠠᠯ ᠪᠠᠭ᠍ᠰᠢ ᠳ᠋ᠠᠭᠠᠨ ᠵᠠᠩᠨᠠᠭᠤᠯᠤᠭᠠᠳ ᠴᠦ᠍ ᠴᠤᠬᠤᠮ ᠶᠠᠭᠤᠨ᠎ᠳᠤ ᠵᠠᠩᠨᠠᠭᠤᠯᠤᠭ᠍ᠰᠠᠨ᠎ᠢᠶᠠᠨ 《ᠤᠢᠯᠠᠭᠠᠭ᠎ᠠ ᠦᠭᠡᠢ》᠃ ᠨᠢᠯᠬᠠᠰᠠᠭ ᠰᠡᠳᠭᠢᠯ᠎ᠢᠶᠠᠷ ᠡᠭᠦᠯᠡᠨ᠎ᠳᠤ ᠤᠢᠷᠠᠬᠠᠨ ᠬᠡᠵᠤ ᠴᠤᠩᠬᠤᠨ ᠎ᠤ᠎ᠬᠠᠵᠠᠭᠤ᠎ᠵᠢᠨ ᠤᠷᠤ ᠳ᠋ᠤ ᠱᠢᠯᠵᠢᠵᠤ ᠤᠴᠢᠭ᠍ᠰᠠᠨ ᠳ᠋ᠠᠭᠠᠨ ᠪᠡᠶᠠᠷᠯᠠᠳᠠᠭ᠃ ᠬᠦᠮᠦᠨ ᠪᠤᠯᠭᠠᠨ 《ᠬᠦᠮᠦᠨ᠎ᠤ ᠲᠡᠭᠡᠷᠡᠬᠢ ᠬᠦᠮᠦᠨ》 ᠪᠤᠯᠬᠤ᠎ᠶ᠋ᠢ ᠮᠦᠷᠦᠬᠡᠳᠴᠦ᠍ ᠪᠤᠢ ᠠᠬᠤᠢ᠎ᠳᠤ ᠡᠬᠦᠯᠡᠨ ᠡᠴᠡ ᠤᠢᠷᠠᠬᠠᠨ ᠰᠠᠭᠤᠬᠤ᠎ᠶ᠋ᠢ ᠬᠦᠰᠡᠵᠦ᠍ ᠪᠠᠢᠳᠠᠭ᠎ᠨᠢ 《ᠬᠡᠤᠬᠡᠳ》 ᠯᠡ ᠶᠤᠮ᠃ ᠡᠨᠡ 《ᠬᠡᠤᠬᠡᠳ》 ᠲᠦ᠍ ᠪᠠᠶᠠᠷ ᠴᠡᠩᠬᠡᠯ ᠪᠤᠯᠵᠤ ᠪᠤᠢ《ᠴᠤᠩᠬᠤ》 ᠎ᠨᠢ ᠲᠤᠮᠤᠴᠤᠤᠯ᠎ᠳᠤ ᠡᠰᠡᠬᠦᠯ᠎ᠡ ᠤᠨᠳᠤᠤ 《ᠬᠡᠤᠬᠡᠳ》 ᠲᠦ᠍ ᠨᠢᠬᠡ ᠵᠦᠢᠯ᠎ᠤᠨ ᠭᠠᠳᠠᠭᠤᠷᠴᠢᠯᠠᠯ᠂ ᠡᠰᠡᠬᠦᠯ᠎ᠡ ᠲᠤᠷᠤᠮᠵᠢᠯᠠᠯ ᠪᠤᠯᠵᠤ ᠴᠤ᠌ ᠮᠡᠳᠡᠨ᠎ᠡ᠃ ᠬᠡᠪᠡᠴᠦ᠍ ᠬᠦᠮᠦᠨ᠎ᠤ ᠠᠮᠢᠳᠤᠷᠠᠯ᠎ᠳᠤ ᠴᠤᠩᠬᠤ ᠬᠡᠷᠡᠭ᠌ᠲᠠᠢ᠃ ᠬᠠᠷᠠᠩᠭᠤᠢ ᠳᠠᠪᠴᠢᠭᠤ ᠤᠷᠤᠨ ᠵᠠᠢ᠎ᠳᠤ ᠭᠡᠷᠡᠯ ᠭᠡᠭᠡ ᠣᠷᠣᠭᠤᠯᠳᠠᠭ ᠡᠴᠡ ᠠᠯᠣᠰ᠎ᠢ ᠪᠠᠷᠠᠯᠠᠵᠦ᠍ ᠬᠤᠯᠠ᠎ᠶ᠋ᠢ ᠰᠡᠳᠭᠢᠬᠦ᠌᠎ᠳᠤ ᠡᠨᠡ 《ᠴᠤᠩᠬᠤ》 ᠰᠡᠳᠭᠢᠯ᠎ᠤᠨ ᠭᠡᠭᠡᠪᠴᠢ ᠨᠢ ᠪᠠᠢᠯᠲᠠᠢ᠃ ᠠᠯᠣᠰ᠎ᠤᠨ ᠠᠨᠢᠷ᠂ ᠭᠡᠷᠡᠯ ᠭᠡᠭᠡ᠎ᠳᠤ ᠤᠢᠷᠠᠬᠠᠨ ᠪᠠᠢᠬᠤ᠎ᠶ᠋ᠢᠨ ᠲᠤᠯᠠᠲᠠ 《ᠴᠣᠩᠬᠤᠨ》 ᠡᠴᠡ ᠤᠢᠷᠠᠬᠠᠨ ᠪᠠᠢᠬᠤ ᠴᠢᠬᠤᠯᠠᠲᠠᠢ᠃ ᠶᠠᠭ ᠯᠠ ᠬᠦᠮᠦᠨ ᠠᠮᠢᠳᠤ ᠶᠠᠪᠤᠭ᠎ᠠ ᠨᠠᠰᠤᠨ᠎ᠳ᠋ᠠᠭᠠᠨ ᠦᠢᠯᠡ ᠵᠤᠪᠠᠯᠠᠩ᠎ᠲᠠᠢ ᠠᠮᠢᠳᠤᠷᠠᠯ᠎ᠤᠨ ᠳᠤᠮᠳᠠ᠎ᠡᠴᠡ ᠬᠡᠰᠡᠭ᠌ᠬᠡᠨ ᠵᠢᠷᠭᠠᠯ᠎ᠢ ᠤᠯᠵᠤ ᠡᠳ᠋ᠯᠡᠬᠦ᠌᠎ᠶ᠋ᠢᠨ ᠠᠳᠠᠯᠢ᠎ᠪᠠᠷ ᠵᠢᠵᠢᠭ᠌ᠭᠡᠨ ᠴᠤᠩᠬᠤ᠎ᠪᠠᠷ ᠲᠤᠮᠤ ᠬᠡᠷᠡᠯ ᠤᠷᠤᠵᠤ ᠢᠷᠡᠳᠡᠭ ᠤᠴᠢᠷ ᠴᠦ᠍ ᠪᠤᠢ᠃

《ᠪᠢ》 ᠠᠯᠢ ᠬᠦᠭᠡᠷᠦᠬᠦᠨ ᠵᠦᠢᠯᠡᠰ᠎ᠢ ᠡᠭᠦᠯᠡᠨ᠎ᠳᠤ ᠪᠠᠢᠬᠤ᠎ᠪᠠᠷ ᠲᠦᠰᠦᠭᠡᠯᠡᠳᠡᠭ᠃ ᠦᠰᠪᠦᠷᠢ᠎ᠶ᠋ᠢᠨ ᠨᠠᠰᠤᠨ᠎ᠤ ᠪᠢᠴᠢᠬᠠᠨ ᠵᠢᠭᠠᠯ ᠦᠶ᠎ᠡ᠎ᠶ᠋ᠢᠨ᠎ᠬᠢᠨ᠎ᠡᠴᠡ ᠪᠠᠨ ᠣᠨᠴᠠᠯᠢᠭ᠍ᠳᠠᠵᠦ᠍ ᠭᠠᠭ᠍ᠴᠠᠭᠠᠷ ᠡᠭᠦᠯᠡ ᠱᠢᠷᠳᠡᠵᠦ᠍᠂ ᠲᠦᠰᠦᠭᠡᠯᠡᠯ᠎ᠤᠨ ᠶᠢᠷᠳᠢᠨᠴᠦ᠍᠎ᠳ᠋ᠡᠭᠡᠨ ᠮᠠᠩᠱᠢᠭᠤᠷᠠᠳᠠᠭ᠎ᠨᠢ ᠮᠠᠰᠢ ᠤᠨᠴᠠᠭᠠᠢ ᠰᠠᠨᠠᠭ᠍ᠳᠠᠨ᠎ᠠ᠃ ᠠᠯᠳᠠᠷᠲᠦ ᠰᠡᠳᠭᠢᠴᠡ ᠵᠦᠢᠴᠢ ᠹᠷᠦᠢᠳ᠋᠎ᠡᠴᠡ ᠬᠦᠮᠦᠨᠴᠢ ᠴᠢᠨᠠᠷ᠎ᠢ《ᠤᠤᠷ ᠪᠢ᠂ ᠦᠪᠡᠷ ᠪᠢ᠂ ᠬᠡᠳᠦ ᠪᠢ》 ᠬᠡᠮᠡᠨ ᠭᠤᠷᠪᠠᠨ ᠳᠡᠭ᠌ᠲᠡᠷ ᠲᠦ᠍ ᠬᠤᠪᠢᠶᠠᠭ᠍ᠰᠠᠨ ᠪᠠᠢᠳᠠᠭ᠃ 《ᠤᠤᠷ ᠪᠢ》 ᠪᠣᠯᠪᠠᠰᠦ ᠪᠠᠯᠠᠷᠯᠢᠭ ᠮᠦᠷᠲᠡᠭᠡᠨ ᠲᠦᠷᠦᠯᠬᠢ᠎ᠶ᠋ᠢᠨ ᠪᠠᠢᠳᠠᠭ᠃ ᠳᠠᠯᠳᠠ ᠤᠬᠠᠮᠰᠠᠷ᠎ᠤᠨ ᠪᠦᠲᠦᠴᠡ᠎ᠳᠤ ᠬᠠᠷᠢᠶᠠᠯᠠᠭ᠍ᠳᠠᠬᠤ ᠲᠦᠷᠦᠯᠬᠢ᠎ᠶ᠋ᠢᠨ ᠬᠦᠰᠡᠯ ᠲᠠᠴᠢᠶᠠᠯ᠎ᠢ ᠵᠢᠭᠠᠳᠠᠭ᠃ ᠡᠨᠡ᠎ᠨᠢ 《ᠪᠠᠶᠠᠷ ᠵᠢᠷᠭᠠᠯ᠎ᠲᠠᠢ》 ᠪᠠᠢᠬᠤ᠎ᠶ᠋ᠢᠨ ᠦᠨᠳᠦᠰᠦᠨ ᠵᠠᠷᠴᠢᠮ᠎ᠢ ᠪᠠᠷᠢᠮᠳᠠᠯᠠᠵᠦ᠍ ᠱᠢᠭᠤᠳ ᠮᠦᠷᠲᠡᠭᠡᠨ ᠬᠠᠷᠢᠴᠠᠯᠠᠱᠢᠬᠦᠢ ᠪᠠᠷ ᠬᠦᠰᠡᠯ ᠳ᠋ᠠᠬᠡᠨ ᠬᠦᠷᠬᠦ᠌᠎ᠶ᠋ᠢ ᠵᠤᠷᠢᠳᠠᠭ᠎ᠡᠴᠡ ᠪᠠᠴᠢᠮᠳᠠᠵᠦ᠍ ᠵᠣᠪᠠᠭ᠍ᠤ ᠪᠤᠶᠤ ᠭᠠᠩᠰᠠᠷᠠᠵᠦ᠍ ᠤᠢᠳᠭᠤ᠎ᠳᠤ ᠢᠯᠡᠷᠡᠳᠡᠭ᠃ 《ᠦᠪᠡᠷ ᠪᠢ》 ᠪᠣᠯ ᠬᠦᠮᠦᠨᠴᠢ ᠴᠢᠨᠠᠷ᠎ᠤᠨ ᠤᠬᠠᠮᠰᠠᠷ᠎ᠤᠨ ᠪᠦᠲᠦᠴᠡ᠎ᠶ᠋ᠢᠨ ᠪᠦᠷᠢᠯᠳᠦᠬᠦᠨ ᠬᠡᠰᠡᠭ᠂ ᠠᠬᠤᠢᠴᠢ ᠵᠠᠷᠴᠢᠮ᠎ᠢ ᠪᠠᠷᠢᠮᠳᠠᠯᠠᠵᠦ᠍ 《ᠤᠤᠷ ᠪᠢ》᠎ᠵᠢᠨ ᠪᠠᠯᠠᠷᠯᠢᠭ ᠬᠡᠷᠡᠭ᠌ᠴᠡᠭᠡ ᠱᠠᠭᠠᠷᠳᠠᠯᠭ᠎ᠠ᠎ᠶ᠋ᠢ ᠨᠡᠢᠭᠡᠮ᠎ᠤᠨ ᠬᠦᠯᠢᠶᠡᠨ ᠠᠪᠴᠦ᠍ ᠳᠡᠢᠯᠬᠦ᠌ ᠬᠦᠷᠢᠶ᠎ᠡ ᠬᠡᠪᠴᠢᠶᠡᠨ᠎ᠳᠤ ᠵᠤᠬᠢᠴᠠᠭᠤᠯᠵᠦ᠍ ᠦᠪᠡᠷ᠎ᠤᠨ ᠦᠢᠯᠡ ᠠᠵᠢᠯᠯᠠᠭ᠎ᠠ ᠪᠠᠨ ᠡᠵᠡᠮᠳᠡᠳᠡᠭ᠃《ᠬᠡᠲᠦ ᠪᠢ》 ᠨᠢ ᠨᠡᠢᠭᠡᠮ᠎ᠤᠨ᠎ᠬᠦᠭ᠌ᠵᠢᠯᠲᠡ᠎ᠶ᠋ᠢᠨ ᠶᠠᠪᠤᠴᠠ ᠳᠤᠮᠳᠠ ᠨᠡᠢᠭᠡᠮ᠎ᠤᠨ ᠵᠠᠷᠴᠢᠮ ᠱᠠᠭᠠᠷᠳᠠᠯᠭ᠎ᠠ ᠶᠤᠰᠤᠭᠠᠷ ᠪᠡᠶ᠎ᠡ ᠰᠡᠳᠭᠢᠯ᠂ ᠤᠶᠤᠨᠴᠢ ᠴᠢᠨᠠᠷ᠂ ᠬᠦᠰᠡᠯ ᠲᠠᠴᠢᠶᠠᠯ ᠵᠡᠷᠭᠡ᠎ᠪᠠᠨ ᠴᠢᠩᠭ᠎ᠠ ᠬᠠᠮᠢᠶᠠᠷᠴᠦ᠍ 《ᠦᠪᠡᠷ ᠪᠢ》 ᠵᠢ ᠤᠳᠤᠷᠢᠳᠤᠨ ᠨᠡᠢᠭᠡᠮ᠎ᠤᠨ ᠲᠢᠭ᠌ᠯᠢᠮ᠎ᠳᠤ ᠵᠤᠬᠢᠴᠠᠭ᠍ᠰᠠᠨ᠂ ᠬᠤᠪᠢ᠎ᠶ᠋ᠢᠨ ᠴᠢᠷᠮᠠᠢᠯᠭ᠎ᠠ᠎ᠪᠠᠷ ᠬᠦᠰᠡᠯᠡᠩᠴᠢᠯᠡᠭ᠌ᠰᠡᠨ᠂ ᠲᠡᠭᠦᠰ ᠲᠡᠭᠦᠯᠳᠡᠷ ᠬᠦᠮᠦᠨ ᠮᠦᠰᠦ᠂ ᠬᠦᠮᠦᠨ ᠴᠢᠨᠠᠷ᠎ᠲᠠᠢ ᠪᠣᠯᠬᠤ᠎ᠶ᠋ᠢ ᠵᠢᠭᠠᠨ᠎ᠠ᠃ ᠡᠢᠮᠦ᠍᠎ᠡᠴᠡ ᠬᠦᠮᠦᠨ ᠠᠮᠢᠲᠠᠨ᠎ᠡᠴᠡ ᠢᠯᠭᠠᠭ᠍ᠳᠠᠬᠤ ᠬᠠᠮᠤᠭ᠎ᠤᠨ ᠦᠨᠳᠦᠰᠦᠨ ᠵᠦᠢᠯ ᠪᠣᠯ ᠦᠪᠡᠷ᠎ᠤᠨ ᠭᠡᠰᠡᠨ ᠦᠵᠡᠯ ᠰᠠᠨᠠᠭ᠎ᠠ᠂ ᠤᠶᠤᠨᠴᠢ ᠰᠡᠳᠭᠢᠭᠦᠢ᠎ᠲᠠᠢ᠎ᠡᠴᠡ ᠪᠣᠯᠳᠠᠭ ᠶᠤᠮ ᠃

ᠵᠤᠬᠢᠶᠠᠯ᠎ᠤᠨ 《ᠪᠢ》᠂ 《ᠦᠪᠡᠷ ᠪᠢ》᠎ᠵᠢᠨ ᠭᠠᠭ᠍ᠴᠠᠭᠠᠷᠳᠠᠯ᠎ᠤᠨ ᠬᠦᠯᠢᠶᠡᠰᠦᠯᠡᠯ᠎ᠤᠨ ᠱᠢᠯᠲᠠᠭᠠᠨᠳᠦ ᠬᠤᠯᠪᠤᠭᠠᠨ᠎ᠤ ᠦᠢᠯᠡ᠎ᠪᠠᠷ 《ᠬᠥᠬᠡ ᠳᠡᠪᠡᠯ᠎ᠲᠠᠢ ᠵᠢᠭᠠᠯ》 ᠲᠠᠢ ᠡᠳᠦᠷ ᠪᠤᠯᠭᠠᠨ ᠠᠭᠤᠯᠵᠠᠳᠠᠭ᠃ ᠨᠠᠰᠦ ᠬᠤᠷᠠᠭ᠎ᠤᠨ ᠨᠠᠢᠵᠡ ᠨᠥᠬᠦᠳ᠎ᠤᠨ ᠲᠦᠯᠦᠭᠡᠯᠡᠭᠦᠯᠦᠯ ᠪᠤᠯᠤᠭ᠍ᠰᠠᠨ《ᠬᠥᠬᠡ ᠳᠡᠪᠡᠯ᠎ᠲᠠᠢ ᠵᠢᠭᠠᠯ 》 ᠲᠡᠭᠦᠨ᠎ᠳᠤ ᠬᠠᠨᠢ ᠪᠣᠯᠵᠦ᠍ ᠱᠢᠬᠢᠷ᠎ᠢ᠎ᠨᠢ ᠬᠤᠪᠢᠶᠠᠯᠴᠠᠨ ᠬᠠᠮᠲᠦ ᠲᠣᠭ᠍ᠯᠠᠳᠠᠭ᠃ ᠭᠠᠭ᠍ᠴᠠᠭᠠᠷᠳᠠᠯ᠎ᠤᠨ ᠡᠷᠬᠡᠨ᠎ᠡᠴᠡ ᠦᠭᠡᠢ ᠪᠠᠢ᠌ᠬᠤ᠎ᠡᠴᠡ ᠪᠠᠢᠬᠤ᠎ᠶ᠋ᠢ ᠭᠠᠷᠭᠠᠵᠦ᠍ ᠠᠪᠤᠭᠠᠳ ᠨᠠᠢᠵᠠ᠎ᠲᠠᠢ᠎ᠪᠠᠨ ᠦᠳᠡᠰᠢ᠎ᠪᠠᠷ ᠠᠭᠤᠯᠵᠠᠵᠦ᠍᠂ ᠬᠡᠢᠰᠪᠦᠷᠢᠯᠡᠭ᠌ᠰᠡᠨ ᠪᠦᠲᠦᠭᠡᠭ᠌ᠰᠡᠨ ᠠᠮᠢᠳᠤᠷᠠᠯ᠎ᠤᠨ ᠦᠵᠡᠭ᠌ᠳᠡᠯ᠎ᠢ ᠦᠯᠡᠳᠡᠭᠡᠳᠡᠭ᠃ ᠬᠦᠨᠳᠦ ᠮᠦᠷᠲᠡᠭᠡᠨ ᠨᠢᠭᠤᠭ᠍ᠳᠠᠮᠠᠯ ᠨᠠᠷᠢᠨ ᠴᠢᠪᠬᠠᠳᠠᠰᠦ᠎ᠪᠠᠷ ᠭᠠᠭ᠍ᠴᠠᠭᠠᠷᠳᠠᠯ᠎ᠤᠨ ᠰᠡᠳᠦᠪ᠎ᠢ ᠬᠦᠨᠳᠡᠵᠦ᠍ ᠦᠶ᠎ᠡ᠎ᠶ᠋ᠢᠨ ᠨᠡᠢᠵᠠ᠂ ᠠᠩᠬᠢ᠎ᠶ᠋ᠢᠨ ᠨᠦᠬᠦᠳ᠎ᠲᠠᠢ᠎ᠪᠠᠨ ᠦᠭᠡ ᠵᠤᠭᠤᠭ᠎ᠢᠶᠠᠨ ᠣᠯᠣᠯᠴᠠᠵᠦ᠍ ᠴᠢᠳᠠᠬᠤ ᠦᠭᠡᠢ᠎ᠶ᠋ᠢᠨ ᠤᠯᠠᠮ᠎ᠡᠴᠡ ᠡᠢᠮᠦᠷᠬᠦᠦ ᠲᠦᠰᠦᠭᠡᠯᠡᠯ᠎ᠤᠨ ᠶᠢᠷᠳᠢᠨᠴᠦ᠍᠎ᠶ᠋ᠢᠨ 《ᠨᠠᠢᠵᠠ》 ᠲᠠᠢ᠎ᠪᠠᠨ ᠡᠳᠦᠷ ᠪᠤᠯᠭᠠᠨ ᠠᠭᠤᠯᠵᠠᠳᠠᠭ᠃《ᠪᠢ》 ᠠᠮᠢᠳᠤᠷᠠᠯ᠎ᠤᠨ ᠭᠡᠷᠠᠯ ᠭᠡᠭᠡ᠎ᠶ᠋ᠢ ᠦᠪᠡᠷ᠎ᠤᠨ ᠳᠦᠰᠦᠭᠡᠯᠡᠨ ᠪᠤᠳᠤᠯᠲᠠ ᠪᠠᠷ ᠵᠦᠪᠬᠡᠨ ᠤᠶᠤᠨ᠎ᠤ ᠲᠤᠳᠤᠭᠠᠲᠦ ᠶᠢᠷᠳᠢᠨᠴᠦ᠍ ᠳ᠋ᠡᠭᠡᠨ ᠰᠡᠳᠭᠢᠮᠵᠢᠯᠡᠨ ᠴᠤᠭ᠍ᠯᠠᠭᠤᠯᠵᠤ ᠰᠡᠳᠭᠢᠯ᠎ᠤᠨ ᠴᠢᠨᠠᠲᠦ᠍᠎ᠡᠴᠡ ᠢᠷᠡᠭ᠌ᠰᠡᠨ《ᠬᠥᠬᠡ ᠳᠡᠪᠡᠯ ᠲᠠᠠᠢ ᠵᠢᠭᠠᠯ》 ᠨᠢ 《ᠤᠤᠷ ᠪᠢ》 ᠪᠠᠢᠵᠦ᠍ ᠪᠣᠯᠬᠤ ᠶᠤᠮ᠃ ᠬᠦᠮᠦᠨ ᠡᠩ᠎ᠤᠨ ᠦᠶᠡᠰ ᠲᠡᠬᠡᠨ ᠪᠤᠳᠤᠯ ᠳ᠋ᠠᠭᠠᠨ ᠬᠦᠳᠦᠯᠦᠭ᠌ᠳᠡᠨ ᠱᠢᠪᠡᠨᠡᠵᠦ᠍ ᠶᠠᠷᠢᠬᠤ ᠪᠤᠶᠤ ᠰᠡᠮ ᠦᠭᠦᠯᠡᠳᠡᠭ ᠱᠢᠭ᠎ᠢᠶᠠᠷ 《ᠬᠥᠬᠡ ᠳᠡᠪᠡᠯ᠎ᠲᠠᠢ ᠵᠢᠭᠠᠯ》 ᠲᠠᠢ ᠡᠳᠦᠷ ᠪᠣᠯᠭᠠᠨ ᠠᠭᠤᠯᠵᠠᠵᠦ᠍ ᠲᠣᠭ᠍ᠯᠠᠳᠠᠭ᠎ᠨᠢ ᠬᠡᠢ ᠰᠡᠳᠭᠢᠮᠵᠢᠯᠡᠯ᠎ᠤᠨ ᠡᠭᠦᠰᠪᠦᠷᠢ ᠪᠤᠶ ᠵ᠎ᠠ᠃ ᠡᠬᠦᠨ᠎ᠲᠠᠢ ᠠᠳᠠᠯᠢᠬᠠᠨ᠎ᠢᠶᠠᠷ 《ᠵᠠᠭᠤᠭᠠᠳ ᠠᠯᠬᠤᠮ᠎ᠤᠨ ᠴᠠᠭᠠᠨ᠎ᠠ ᠨᠦᠭᠦᠭᠡ ᠨᠠᠢᠵᠠ》 ᠨᠢ ᠲᠡᠭᠦᠨ᠎ᠢ ᠬᠦᠯᠢᠶᠡᠳᠡᠭ᠃ ᠡᠳᠡᠭᠡᠷ᠎ᠨᠢ ᠡᠳᠦᠷ ᠪᠣᠯᠭᠠᠨ ᠳᠠᠪᠲᠠᠭ᠍ᠳᠠᠭ᠍ᠰᠠᠭᠠᠷ ᠢᠷᠡᠭ᠌ᠰᠡᠨ ᠵᠤᠬᠢᠶᠠᠯ᠎ᠤᠨ ᠭᠤᠣᠯ ᠪᠠᠭᠠᠳᠤᠷ᠎ᠤᠨ ᠲᠤᠲᠤᠭᠠᠲᠦ ᠶᠢᠷᠳᠢᠨᠴᠦ᠍ ᠪᠤᠶᠤ ᠭᠡᠷ ᠲᠡᠬᠡᠨ ᠬᠠᠷᠢᠬᠤ ᠵᠠᠮ ᠵᠠᠭᠤᠷ᠎ᠠ᠎ᠶ᠋ᠢᠨ ᠳᠤᠬᠢᠶᠠᠯᠳᠤᠯ ᠮᠦᠨ᠃ 《ᠪᠢ ᠡᠵᠢ᠎ᠪᠠᠨ ᠬᠡᠵᠢᠶ᠎ᠡ ᠴᠦ᠍ ᠬᠠᠷᠠᠵᠦ᠍ ᠪᠠᠢᠭ᠎ᠠ ᠦᠭᠡᠢ᠂ ᠬᠠᠷᠢᠨ ᠶᠠᠮᠠᠷ ᠨᠢᠭᠡᠨ ᠵᠦᠩ ᠰᠤᠪᠢᠨ᠎ᠢᠶᠠᠷ ᠲᠡᠭᠦᠨ᠎ᠢ ᠡᠵᠢ᠎ᠪᠠᠨ ᠭᠡᠵᠦ᠍ ᠪᠤᠳᠤᠬᠤ》 ᠪᠤᠯᠤᠭ᠍ᠰᠠᠨ᠎ᠨᠢ ᠬᠠᠷᠠᠬᠠᠨ ᠪᠠᠭ᠎ᠠ᠎ᠡᠴᠡ ᠪᠠᠨ ᠡᠵᠢ᠎ᠪᠠᠨ ᠤᠯᠵᠦ᠍ ᠦᠵᠡᠭ᠌ᠰᠡᠨ ᠦᠭᠡᠢ ᠪᠤᠶᠤ ᠡᠵᠢ᠎ᠨᠢ ᠨᠠᠰᠦ ᠪᠠᠷᠠᠭ᠍ᠰᠠᠨ ᠭᠡᠳᠡᠭ᠎ᠢ ᠪᠢᠳᠡ ᠤᠢᠯᠠᠭᠠᠵᠦ᠍ ᠪᠣᠯᠣᠨ᠎ᠠ᠃

ᠦᠨᠦᠳᠦᠷ 《ᠪᠢ》 ᠬᠤᠶᠠᠷ ᠨᠠᠢᠵᠠ᠎ᠲᠠᠢ᠎ᠪᠠᠨ ᠠᠭᠤᠯᠵᠠᠬᠤ᠎ᠳᠤ ᠬᠡᠪ᠎ᠤᠨ ᠪᠤᠰᠤ ᠪᠤᠯᠤᠭ᠍ᠰᠠᠨ ᠪᠠᠢᠳᠠᠯ ᠢᠯᠡᠷᠡᠭ᠌ᠰᠡᠨ᠎ᠨᠢ 《ᠤᠭ᠍ᠳᠤᠬᠤ ᠡᠳᠦᠷ᠎ᠤᠳ》 ᠲᠦ᠍ ᠪᠣᠯᠵᠦ᠍ ᠮᠡᠳᠡᠬᠦ᠌ ᠶᠠᠮᠠᠷ ᠨᠢᠭᠡᠨ ᠦᠢᠯᠡ ᠵᠤᠪᠠᠯᠠᠩ᠎ᠤᠨ ᠱᠢᠨᠵᠢ ᠳᠡᠮᠳᠡᠭ ᠪᠤᠯᠤᠭ᠍ᠰᠠᠨ ᠶᠤᠮ᠃ 《ᠲᠡᠭᠦᠨ᠎ᠤ ᠴᠡᠪᠡᠷᠬᠡᠨ ᠴᠠᠭᠠᠨ ᠴᠢᠷᠠᠢ᠎ᠨᠢ ᠦᠯᠦ᠍ ᠬᠠᠷᠠᠬ᠍ᠳᠠᠬᠤ ᠪᠦᠭᠡᠳ ᠨᠠᠳᠠ᠎ᠡᠴᠡ ᠬᠡᠳᠦᠬᠡᠨ ᠠᠯᠬᠤᠮ᠎ᠤᠨ ᠴᠠᠭᠠᠨ᠎ᠠ ᠪᠠᠢᠭ᠎ᠠ᠎ᠨᠢ ᠲᠤᠳᠤᠷᠬᠠᠢ ᠴᠦ᠍ ᠪᠢ ᠬᠡᠴᠢᠨᠡᠨ ᠠᠯᠬᠤᠭᠠᠳ ᠴᠦ᠍ ᠬᠦᠷᠴᠦ᠍ ᠴᠢᠳᠠᠭ᠎ᠠ ᠦᠭᠡᠢ》᠃ ᠣᠣᠯ᠎ᠨᠢ ᠡᠨᠡ ᠨᠠᠢᠵᠠ᠎ᠶ᠋ᠢᠨ᠎ᠢᠶᠠᠨ ᠴᠢᠷᠠᠢ᠎ᠶ᠋ᠢ ᠲᠣᠳᠣ ᠬᠠᠷᠠᠳᠠᠭ ᠪᠠᠢᠭ᠍ᠰᠠᠨ ᠪᠤᠯᠪᠠᠴᠦ᠍ ᠦᠨᠦᠳᠦᠷ ᠨᠢᠭᠡ ᠯᠠ ᠪᠠᠯᠠᠷᠬᠠᠢ ᠳᠡᠷᠭᠡᠲᠡ᠎ᠨᠢ ᠴᠦ᠍ ᠬᠦᠷᠴᠦ᠍ ᠲᠡᠢᠯᠬᠦ᠌ ᠦᠭᠡᠢ ᠪᠤᠯᠵᠠᠢ᠃ ᠲᠦᠮᠡ ᠲᠦᠴᠢᠭᠢᠨᠡᠵᠦ᠍ ᠪᠣᠮ ᠪᠤᠵᠢᠬᠢᠨᠠᠭ᠍ᠰᠠᠨ ᠤᠷᠴᠢᠨ ᠳ᠋ᠤ ᠠᠮᠢᠳᠤᠷᠠᠬᠤ᠎ᠳᠤ ᠪᠢᠳᠡ ᠨᠢᠭᠡᠨ ᠨᠢᠭᠡ᠎ᠡᠴᠡ ᠪᠠᠨ ᠤᠢᠷᠠᠬᠠᠨ ᠪᠠᠢᠳᠠᠭ ᠴᠦ᠍ ᠬᠦᠮᠦᠨ᠎ᠤ ᠠᠭᠤᠷ ᠬᠢᠯᠢᠩ᠂ ᠤᠷᠢᠨ ᠮᠤᠩᠬᠠᠭ᠂ ᠬᠦᠰᠡᠯ ᠲᠠᠴᠢᠶᠠᠯ ᠵᠡᠷᠭᠡ᠎ᠡᠴᠡ ᠪᠣᠯᠵᠦ᠍ ᠬᠦᠮᠦᠨ᠎ᠤ ᠲᠣᠲᠤᠭᠠᠲᠦ ᠴᠢᠨᠠᠷ᠎ᠨᠢ ᠦᠢᠯᠡ ᠵᠤᠪᠠᠯᠠᠩ᠎ᠤᠨ ᠬᠠᠯᠢᠯ ᠱᠢᠭ ᠬᠠᠩᠬᠠᠢᠷᠠᠵᠦ᠍᠂ ᠢᠨᠠᠭ᠍ᠰᠢᠵᠦ᠍ ᠡᠨᠡᠭ᠌ᠰᠢᠬᠦ᠌᠎ᠳᠤ ᠶᠡᠬᠡᠳᠡ ᠰᠠᠭᠠᠳ ᠪᠣᠯᠵᠦ᠍ ᠬᠠᠵᠠᠭᠤ᠎ᠳᠤ ᠪᠠᠢᠬᠤ ᠨᠢᠭᠡᠨ᠎ᠢᠶᠠᠨ ᠵᠢᠩᠬᠢᠨᠢ ᠲᠠᠨᠢᠬᠤ᠎ᠳᠤ ᠬᠦᠴᠢᠷ᠎ᠲᠠᠢ ᠬᠡᠳᠡᠭ᠎ᠢ ᠬᠦᠳᠦᠯᠦᠨ ᠦᠭᠦᠯᠡᠵᠠᠢ᠃

ᠬᠤᠷᠢᠶᠠᠩᠭᠤᠢᠯᠠᠪᠠᠯ᠂ ᠲᠤᠮᠤ᠎ᠡᠴᠡ ᠤᠯᠤᠰ ᠦᠨᠳᠦᠰᠦᠲᠡᠨ᠂ ᠵᠢᠵᠢᠭ᠎ᠡᠴᠡ ᠪᠤᠳᠠᠭᠠᠯᠢ ᠬᠦᠮᠦᠨ᠎ᠢᠶᠠᠷ ᠵᠢᠱ᠌ᠢᠶᠡᠯᠡᠬᠦ᠌᠎ᠳᠤ ᠦᠩᠭᠡᠷᠡᠭ᠌ᠰᠡᠨ᠎ᠢᠶᠠᠨ ᠡᠷᠭᠢᠴᠡᠭᠦᠯᠵᠦ᠍᠂ ᠠᠬᠤᠢ᠎ᠪᠠᠨ ᠲᠤᠩᠭᠠᠵᠦ᠍᠂ ᠢᠷᠡᠭᠡᠳᠦᠢ᠎ᠪᠠᠨ ᠲᠦᠰᠦᠬᠡᠯᠡᠬᠦ᠌᠎ᠨᠢ ᠠᠭᠤᠵᠢᠮ ᠬᠠᠷᠠᠭ᠎ᠠ᠎ᠲᠠᠢ᠎ᠶ᠋ᠢᠨ ᠱᠢᠨᠵᠢ ᠮᠦᠨ᠃ ᠬᠦᠮᠦᠨ᠎ᠤ ᠠᠮᠢᠲᠤᠷᠠᠯ᠎ᠳᠤ ᠦᠴᠦᠬᠡᠳᠦᠷ᠎ᠨᠢ ᠵᠤᠯ ᠵᠢᠷᠭᠠᠯ᠂ ᠦᠨᠦᠳᠦᠷ᠎ᠨᠢ ᠦᠢᠯᠡ ᠵᠤᠪᠠᠯᠠᠩ᠂ ᠢᠷᠡᠬᠡᠳᠦᠢ᠎ᠨᠢ ᠰᠠᠢᠨ ᠰᠠᠢᠬᠠᠨ᠎ᠤ ᠬᠤᠪᠢ᠎ᠪᠠᠷ ᠲᠦᠰᠦᠬᠡᠯᠡᠭ᠌ᠳᠡᠳᠡᠭ ᠪᠠᠢᠵᠤ ᠪᠤᠯᠬᠤ ᠶᠤᠮ᠃ ᠪᠢᠳᠡ ᠠᠮᠢᠳᠤᠷᠠᠯ᠎ᠳᠤ ᠬᠠᠢᠷᠠᠳᠠᠢ ᠪᠠᠢᠳᠠᠭ᠎ᠨᠢ ᠬᠡᠴᠢᠨᠡᠨ ᠰᠠᠢᠨ ᠰᠠᠢᠬᠠᠨ᠎ᠳᠤᠨᠢ ᠪᠢᠰᠢ ᠬᠠᠷᠢᠨ ᠲᠡᠭᠦᠨ᠎ᠢ ᠨᠡᠩ ᠰᠠᠢᠨ ᠰᠠᠢᠬᠠᠨ ᠪᠣᠯᠬᠤ᠎ᠶ᠋ᠢ ᠬᠦᠰᠡᠮᠵᠢᠯᠡᠳᠡᠭ᠎ᠡᠴᠡ ᠪᠤᠯᠤᠭ᠍ᠰᠠᠨ ᠪᠠᠢᠵᠤ ᠮᠡᠳᠡᠨ᠎ᠡ᠃ ᠲᠤᠰ ᠦᠬᠦᠯᠡᠯᠬᠡ ᠨᠢ ᠬᠡᠳᠦᠢᠪᠡᠷ ᠤᠬᠤᠷᠬᠠᠨ ᠴᠦ᠍ ᠦᠩᠭᠡᠷᠡᠭ᠌ᠰᠡᠨ᠂ ᠣᠳᠣ᠂ ᠢᠷᠡᠭᠡᠳᠦᠢ ᠭᠡᠬᠦ᠌ ᠭᠤᠷᠪᠠᠨ ᠴᠠᠭ᠎ᠤᠨ ᠵᠠᠢ᠎ᠳᠤ ᠵᠤᠬᠢᠶᠠᠯ᠎ᠤᠨ ᠪᠠᠭᠠᠳᠤᠷ᠎ᠤᠨ ᠲᠤᠳᠤᠭᠠᠳᠦ ᠰᠡᠳᠭᠢᠯ᠎ᠤᠨ ᠬᠤᠪᠢᠷᠠᠯ ᠬᠦᠭ᠌ᠵᠢᠯ᠎ᠢ ᠲᠠᠯ᠎ᠠ ᠲᠠᠯ᠎ᠠ᠎ᠡᠴᠡ ᠨᠢ ᠪᠠᠭ᠍ᠲᠠᠭᠠᠵᠦ᠍᠂ ᠵᠢᠵᠢᠭ ᠵᠦᠢᠯᠡᠰ᠎ᠤᠨ ᠤᠳᠭ᠎ᠠ᠎ᠶ᠋ᠢ ᠠᠬᠢᠭᠤᠯᠵᠦ᠍ ᠬᠦᠮᠦᠨ᠎ᠤ ᠭᠠᠭ᠍ᠴᠠᠭᠠᠷᠳᠠᠯ᠂ ᠰᠠᠨᠠᠭ᠎ᠠ ᠰᠡᠳᠭᠢᠯ᠎ᠤᠨ ᠬᠤᠪᠢᠷᠠᠯᠳᠠ ᠬᠦᠳᠡᠯᠭᠡᠭᠡᠨ᠂ ᠬᠦᠮᠦᠨ ᠴᠢᠨᠠᠷ᠎ᠤᠨ ᠭᠠᠵᠢᠯᠲᠠ ᠳᠤᠷᠤᠢᠳᠠᠯ᠎ᠢ ᠲᠤᠩᠭᠠᠵᠦ᠍᠂ ᠡᠴᠦᠰ᠎ᠤᠨ ᠡᠴᠦᠰ᠎ᠲᠤ ᠲᠤᠯᠵᠦ᠍ ᠢᠷᠡᠬᠦ᠌ ᠦᠬᠦᠯ ᠬᠡᠳᠡᠭ ᠰᠡᠳᠦᠪ᠎ᠤᠨ ᠲᠤᠭᠤᠷᠢᠨ᠎ᠳᠤ ᠶᠡᠷᠦᠮᠳᠡᠭ ᠬᠦᠤᠷᠨᠢᠯ᠎ᠢᠶᠠᠷ ᠦᠨᠡᠨ᠎ᠢ ᠤᠷᠠᠨ᠎ᠢᠶᠠᠷ ᠲᠤᠭᠤᠷᠪᠢᠵᠠᠢ᠃ ᠭᠠᠳᠠᠭᠠᠲᠦ ᠪᠠᠢᠳᠠᠯ᠎ᠨᠢ ᠳᠤᠲᠤᠭᠠᠳᠦ ᠤᠶᠤᠨ ᠮᠡᠳᠡᠷᠡᠮᠵᠢ᠎ᠲᠠᠢ ᠡᠰᠡ ᠵᠤᠬᠢᠴᠠᠭ᠍ᠰᠠᠨ᠎ᠡᠴᠡ ᠬᠤᠭᠤᠰᠤᠨ ᠬᠠᠭᠤᠷᠮᠠᠭ ᠦᠵᠡᠭ᠌ᠳᠡᠯ᠎ᠳᠤ ᠪᠡᠷᠳᠡᠭ᠌ᠴᠢᠳ᠎ᠤᠨ ᠠᠬᠤᠢ ᠬᠢᠭᠡᠳ ᠰᠡᠷᠡᠭᠦᠨ ᠵᠡᠭᠦᠲᠦ᠍᠎ᠶ᠋ᠢ ᠢᠯᠭᠠᠨ ᠰᠠᠯᠭᠠᠵᠦ᠍ ᠤᠬᠠᠭᠠᠷᠠᠬᠤ ᠬᠡᠷᠡᠭ᠌ᠲᠠᠢ᠎ᠶ᠋ᠢ ᠤᠴᠢᠷᠯᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号