ᠤᠯᠠᠷᠢᠯ ᠪᠣᠯᠭᠠᠨ ᠥᠩᠭᠡ᠎ᠪᠠᠷ᠎ᠢᠶᠠᠨ ᠪᠠᠢᠬᠤ᠎ᠳᠤ ᠪᠢ ᠳᠤᠷᠠᠲᠠᠢ
2021-11-30 09:23:13
ᠵᠣᠬᠢᠶᠠᠭ᠍ᠴᠢ᠄
ᠡᠭᠦᠯᠡᠨᠵᠢᠷᠤᠭ
ᠣᠩᠱᠢᠭ᠍ᠰᠠᠨ ᠣᠳᠠᠭ᠎ᠠ᠄
★★★☆☆

ᠤᠯᠠᠷᠢᠯ ᠪᠤᠯᠭᠠᠨ ᠥᠩᠭᠡ᠎ᠪᠠᠷ᠎ᠢᠶᠠᠨ ᠪᠠᠢᠬᠤ᠎ᠳᠤ ᠪᠢ ᠳᠤᠷᠠᠲᠠᠢ

ᠡᠪᠥᠯ ᠬᠠᠶᠠ ᠳ᠋ᠠᠭᠠᠨ ᠴᠠᠰᠤ᠎ᠲᠠᠢ ᠪᠠᠢᠬᠤ᠎ᠳᠤᠨᠢ ᠬᠠᠴᠢᠨ ᠳᠤᠷᠠᠲᠠᠢ

ᠶᠡᠭᠡ ᠪᠠᠢᠭᠠᠯᠢ᠎ᠶ᠋ᠢᠨ ᠤᠰᠤᠨ᠎ᠤ ᠬᠡ ᠭᠡᠭᠡᠮᠰᠦᠭ ᠪᠦᠵᠢᠵᠦ᠍

ᠶᠢᠷᠳᠢᠨᠴᠦ᠍᠎ᠶ᠋ᠢᠨ᠎ᠲᠣᠭᠤᠰᠤ᠎ᠶ᠋ᠢ᠎ᠬᠤᠴᠢᠵᠤ᠎ᠨᠡᠮᠡᠢᠬᠦ᠌᠎ᠳᠤᠨᠢ ᠣᠨᠴᠠ᠎ᠶ᠋ᠢᠨ ᠳᠤᠷᠠᠲᠠᠢ᠃

 

ᠠᠷᠤ᠎ᠠᠴᠠ᠎ᠨᠢ ᠱᠢᠭᠤᠷᠭ᠎ᠠ ᠢᠳᠡ ᠭᠤᠶᠠᠳᠠᠯᠠᠬᠤ ᠴᠤ᠌ ᠰᠠᠢᠬᠠᠨ ᠶᠤᠮ

ᠦᠯᠴᠢᠷ ᠪᠠᠢᠬᠤ᠎ᠶ᠋ᠢᠨ ᠪᠤᠭᠤᠷᠤᠯ ᠤᠬᠠᠭᠠᠨ᠎ᠢ ᠬᠦᠦᠷᠨᠢᠳᠡᠭ ᠶᠤᠮ᠂

ᠡᠪᠦᠭᠡᠳ᠎ᠤᠨ ᠰᠠᠬᠠᠯ᠎ᠳᠤ ᠴᠡᠮᠴᠡᠭᠡᠨᠡᠭ᠌ᠰᠡᠨ ᠴᠠᠭᠠᠨ ᠠᠮᠢᠰᠭᠤᠭ᠎ᠠ

ᠢᠰᠡᠭᠡᠢ ᠭᠤᠲᠤᠯ᠂ ᠨᠡᠬᠡᠢ ᠳᠡᠪᠡᠯ᠎ᠲᠠᠢ᠎ᠪᠠᠨ᠎ᠪᠦᠷ ᠳᠤᠤᠯᠢ ᠶᠤᠮ᠃

 

ᠠᠵᠢᠷ ᠲᠥᠵᠢᠷ ᠮᠣᠳᠤᠨ ᠰᠠᠯᠠᠭᠠᠨ᠎ᠳᠤ ᠢᠯᠡ ᠰᠠᠭᠤᠭ᠍ᠰᠠᠨ ᠱᠢᠪᠠᠭᠤᠳ᠎ᠤᠨ ᠬᠡᠯᠡ

《ᠡᠳᠦᠷ ᠬᠦᠢᠲᠡᠷᠡᠬᠦ᠌᠎ᠨᠢ》 ᠭᠡᠵᠦ᠍ ᠡᠮᠡᠭᠡᠳ᠎ᠤᠨ ᠤᠬᠠᠭᠠᠨ᠎ᠢ ᠰᠡᠴᠡᠯᠡᠵᠦ᠍

ᠢᠯᠡᠭᠦᠤ ᠭᠡᠷ᠎ᠤᠨ ᠬᠦᠯᠳᠡᠭᠦᠤ ᠵᠠᠢᠳᠠᠰᠤ ᠲᠤᠯᠭᠠᠨ ᠲᠤᠱᠢᠶ᠎ᠠ ᠣᠢᠷᠠᠳᠴᠤ᠌

ᠠᠷᠭᠠᠯ᠎ᠤᠨ ᠭᠠᠯ᠎ᠤᠨ ᠤᠯᠠᠭᠠᠨ ᠰᠣᠷ᠎ᠠᠴᠠ

        ᠢᠯᠴᠢ ᠪᠠᠳᠠᠷᠠᠬᠤ᠎ᠨᠢ ᠨᠦᠮᠵᠦᠭ᠌ᠬᠡᠨ ᠡ᠃

 

ᠰᠤᠷᠭᠠᠭᠤᠯᠢ᠎ᠶ᠋ᠢᠨ ᠮᠥᠷ᠎ᠢᠶᠠᠷ ᠭᠦᠶᠦᠵᠦ᠍ ᠢᠷᠡᠭ᠌ᠰᠡᠨ ᠬᠡᠥᠬᠡᠳ᠎ᠤᠨ

ᠪᠡᠭᠡᠷᠡᠭ᠌ᠰᠡᠨ᠎ᠭᠠᠷ᠂᠎ᠤᠯᠠᠢᠭ᠍ᠰᠠᠨ᠎ᠬᠠᠴᠠᠷ᠎ᠡᠴᠢᠭᠡ᠎ᠶ᠋ᠢᠨ ᠡᠯᠢᠭᠡᠨ᠎ᠳᠤ ᠪᠦᠯᠢᠶᠡᠰᠴᠦ᠍

ᠰᠤᠷᠬᠤ ᠨᠣᠮ᠎ᠠᠴᠠ ᠬᠤᠯᠠ ᠡᠮᠥᠨᠡᠬᠢ 《ᠠᠮᠢᠳᠤ ᠦᠯᠢᠭᠡᠷ》 ᠬᠦᠯᠬᠦᠵᠦ᠍

ᠪᠢᠯᠵᠤᠤᠬᠠᠢ ᠬᠦᠮᠦᠷᠢᠬᠦ᠌ ᠡᠯᠬᠡᠭ᠎ᠤᠨ ᠱᠢᠵᠢᠮ᠎ᠢ

       ᠰᠠᠬᠢᠵᠤ ᠰᠠᠭᠤᠬᠤ᠎ᠨᠢ ᠬᠦᠭᠡᠷᠦᠬᠦᠨ ᠡ᠃

 

ᠤᠯᠠᠷᠢᠯ ᠥᠩᠭᠡ ᠪᠠᠷ ᠶ᠋ᠢᠡᠨ ᠪᠠᠢᠬᠤ᠎ᠳᠤ ᠪᠢ ᠳᠤᠷᠠᠲᠠᠢ

ᠡᠬᠡ ᠪᠠᠢᠭᠠᠯᠢ ᠤᠩᠭᠤᠨ᠎ᠢᠶᠠᠷ᠎ᠢᠶᠠᠨ ᠪᠠᠢᠬᠤ᠎ᠳᠤ ᠢᠯᠡᠭᠦᠤ ᠲᠤᠷᠠᠲᠠᠢ᠂

ᠤᠣᠭᠠᠯ ᠰᠤᠶᠤᠯ ᠶᠠᠩᠵᠤ᠎ᠪᠠᠷ᠎ᠢᠶᠠᠨ ᠪᠠᠢᠬᠤ᠎ᠳᠤ ᠨᠡᠩ ᠲᠤᠷᠠᠳᠠᠢ

ᠠᠯᠢᠪᠠ ᠪᠦᠬᠦᠨ ᠵᠢᠮ᠎ᠡ᠎ᠪᠠᠷ᠎ᠢᠶᠠᠨ ᠪᠠᠢᠬᠤ᠎ᠳᠤ

ᠣᠨᠴᠠ᠎ᠶ᠋ᠢᠨ ᠳᠤᠷᠠᠲᠠᠢ  ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号