ᠡᠷᠢᠶᠡᠨ ᠬᠣᠲᠠ᠎ᠶ᠋ᠢᠨ ᠲᠦᠷᠦᠭᠦᠦ ᠪᠦᠯᠦᠭ ᠪᠠᠭᠤᠳᠠᠯ᠎ᠳᠦ ᠬᠤᠴᠤᠷᠭᠠᠵᠤ ᠠᠪᠤᠭᠰᠠᠨ ᠲᠤᠤᠷ᠎ᠠ ᠲᠦᠭ᠌ᠰᠢᠭᠦᠷᠢᠲᠡᠢ ᠭᠠᠵᠠᠷ ᠣᠷᠣᠨ᠎ᠤ ᠠᠶᠠᠨᠴᠢᠳ ᠪᠤᠴᠠᠪᠠ
2021-11-08 09:41:31
ᠵᠣᠬᠢᠶᠠᠭ᠍ᠴᠢ᠄
ᠴᠧᠨ ᠴᠦᠨ ᠶᠠᠨ
ᠣᠩᠱᠢᠭ᠍ᠰᠠᠨ ᠣᠳᠠᠭ᠎ᠠ᠄
★★★☆☆

ᠡᠷᠢᠶᠡᠨ ᠬᠤᠳᠠ᠎ᠶ᠋ᠢᠨ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠵᠢᠯᠣᠭᠣᠳᠭᠤ ᠭᠠᠵᠠᠷ᠎ᠤᠨ ᠦᠨᠡᠯᠡᠨ ᠵᠢᠱ᠌ᠢᠵᠦ ᠬᠢᠨᠠᠨ ᠲᠤᠭᠲᠠᠭᠠᠬᠤ᠎ᠪᠡᠷ ᠲᠠᠮᠵᠢᠨ᠂ 11 ᠰᠠᠷ᠎ᠠ᠎ᠶ᠋ᠢᠨ 6 ᠤ᠋ ᠡᠳᠦᠷ᠂ ᠲᠤᠰ ᠬᠤᠳᠠ᠎ᠶ᠋ᠢᠨ ᠲᠦᠷᠦᠭᠦᠦ ᠪᠦᠯᠦᠭ ᠪᠠᠭᠤᠳᠠᠯ᠎ᠳᠦ ᠬᠤᠴᠤᠷᠭᠠᠵᠤ ᠠᠪᠤᠭᠰᠠᠨ ᠲᠤᠤᠷ᠎ᠠ ᠲᠦᠭ᠌ᠰᠢᠭᠦᠷᠢᠲᠡᠢ ᠭᠠᠵᠠᠷ ᠣᠷᠣᠨ᠎ᠤ 688 ᠠᠶᠠᠨᠴᠢᠨ ᠪᠤᠴᠠᠪᠠ᠃ ᠥᠪᠡᠷᠲᠡᠭᠡᠨ ᠵᠠᠰᠠᠬᠤ ᠣᠷᠣᠨ᠎ᠤ ᠳᠡᠳ᠋ ᠲᠡᠷᠢᠭᠦᠯᠡᠭ᠌ᠴᠢ ᠬᠤᠸᠠᠩ ᡁᠢ ᠴᠢᠶᠠᠩ ᠪᠤᠴᠠᠬᠤ ᠠᠶᠠᠨᠴᠢᠳ᠎ᠢ ᠦᠳᠡᠨ ᠮᠣᠷᠳᠠᠭᠤᠯᠪᠠ᠃

ᠥᠷᠯᠥᠭᠡ᠎ᠶ᠋ᠢᠨ 7 ᠴᠠᠭ ᠬᠠᠭᠠᠰ᠎ᠲᠤ᠂ ᠡᠷᠢᠶᠡᠨ ᠬᠤᠳᠠ᠎ᠶ᠋ᠢᠨ ᠧᠦ ᠯᠢᠶᠠᠨ ᠤᠯᠠᠨ ᠤᠯᠤᠰ᠎ᠤᠨ ᠪᠠᠭᠤᠳᠠᠯ᠎ᠳᠤ 44 ᠮᠠᠱᠢᠨ ᠲᠡᠷᠭᠡ᠎ᠪᠡᠷ ᠪᠦᠷᠢᠯᠳᠦᠭ᠌ᠰᠡᠨ ᠪᠤᠴᠠᠬᠤ ᠠᠶᠠᠨᠴᠢᠳ᠎ᠢ ᠬᠦᠷᠬᠡᠬᠦ ᠲᠡᠷᠭᠡᠨ ᠠᠩᠬᠢ ᠮᠦᠷᠯᠡᠨ ᠵᠢᠭᠰᠠᠵᠤ᠂ ᠮᠣᠷᠳᠠᠬᠤ᠎ᠪᠠᠷ ᠪᠡᠯᠡᠬᠡᠨ ᠪᠠᠢᠯ᠎ᠠ᠃《ᠵᠠᠮ᠎ᠳᠠᠭᠠᠨ ᠠᠮᠤᠷ ᠲᠦᠪᠱᠢᠨ᠎ᠶᠠᠪᠤᠭᠠᠷᠠᠢ》 ᠬᠡᠵᠤ ᠬᠤᠸᠠᠩ ᡁᠢ ᠴᠢᠶᠠᠩ ᠠᠶᠠᠨᠴᠢᠳ᠎ᠲᠤ ᠳᠣᠲᠣᠨᠣ᠎ᠪᠠᠷ ᠵᠠᠬᠢᠪᠠ᠃

ᠳᠠᠷᠠᠭ᠎ᠠ ᠨᠢ᠂ ᠲᠡᠷᠭᠡᠨ ᠠᠩᠭᠢ ᠨᠢ ᠴᠠᠭ᠍ᠳᠠᠭᠠᠨ᠎ᠤ ᠲᠡᠷᠭᠡᠨ᠎ᠦ ᠬᠠᠮᠠᠭᠠᠯᠠᠯᠲᠠ ᠳᠤᠤᠷ᠎ᠠ ᠠᠭᠠᠵᠢᠮ᠎ᠢᠶᠠᠷ ᠬᠥᠳᠡᠯᠪᠡ᠃ ᠠᠶᠠᠨᠴᠢᠳ ᠎ᠤᠨ ᠵᠠᠷᠢᠮ ᠨᠢ ᠲᠡᠷᠭᠡᠨ ᠴᠣᠩᠬᠣ᠎ᠪᠡᠷ ᠭᠠᠷ ᠳᠠᠯᠠᠯᠤᠨ ᠰᠠᠯᠬᠤ ᠶᠤᠰᠤ ᠬᠢᠵᠤ᠂ ᠵᠠᠷᠢᠮ ᠨᠢ ᠲᠠᠯᠠᠷᠬᠠᠵᠤ ᠪᠠᠢᠭ᠎ᠠ ᠪᠡᠨ ᠢᠯᠡᠳᠭᠡᠨ᠂ ᠵᠠᠷᠢᠮ ᠨᠢ ᠡᠷᠡᠬᠡᠶ ᠭᠠᠷᠭᠠᠨ᠂ ᠲᠠᠯᠠᠷᠬᠠᠯ ᠪᠠ ᠵᠥᠩᠨᠡᠯ᠎ᠢᠶᠡᠨ ᠢᠯᠡᠳᠭᠡᠵᠦ᠍ ᠪᠠᠢᠯ᠎ᠠ᠂ ᠡᠨᠡᠬᠦ᠌ ᠦᠵᠡᠭ᠌ᠳᠡᠯ ᠨᠢ ᠠᠩᠬᠠᠨ᠎ᠤ ᠴᠠᠰᠤᠨ ᠳᠤᠮᠳᠠᠬᠢ ᠬᠠᠮᠤᠭ᠎ᠤᠨ ᠭᠣᠶᠣ ᠵᠢᠷᠤᠭ ᠲᠦᠷᠰᠦ ᠪᠤᠯᠵᠤ ᠦᠯᠡᠳᠡᠵᠡᠢ᠃

ᠪᠤᠴᠠᠬᠤ᠎ᠠᠴᠠ᠎ᠪᠠᠨ᠎ᠡᠮᠦᠨ᠎ᠡ᠂ ᠠᠶᠠᠨᠴᠢᠳ ᠰᠠᠨᠠᠭᠠᠴᠢᠯᠠᠭ᠎ᠠ ᠡᠴᠡ ᠪᠡᠨ ᠡᠷᠢᠶᠡᠨ ᠬᠤᠳᠠ᠎ᠶ᠋ᠢᠨ ᠨᠠᠮ᠎ᠤᠨ ᠬᠣᠷᠢᠢ᠎ᠠ᠂ ᠵᠠᠰᠠᠭ᠎ᠤᠨ ᠣᠷᠳᠣᠨ᠎ᠳᠤ ᠬᠡᠮᠡᠷᠯᠢᠭ ᠲᠤᠭ ᠬᠦᠷᠭᠡᠵᠦ᠍ ᠲᠠᠯᠠᠷᠬᠠᠯ᠎ᠤᠨ ᠰᠡᠳᠭᠢᠯ᠎ᠢᠶᠡᠨ ᠢᠯᠡᠳᠭᠡᠭ᠌ᠰᠡᠨ ᠪᠥᠭᠡᠳ《ᠴᠠᠭ᠎ᠤᠨ ᠪᠡᠷᠬᠡ᠎ᠶ᠋ᠢ ᠬᠠᠮᠲᠤ᠎ᠪᠠᠷ ᠲᠤᠭᠤᠯᠵᠤ ᠰᠡᠳᠭᠢᠯ ᠨᠢᠭᠡᠳᠦᠨ ᠬᠢᠵᠢᠭ᠎ᠲᠡᠶ ᠲᠡᠮᠡᠴᠡᠶ᠎ᠡ》 ᠭᠡᠬᠦ᠌ ᠬᠥᠨᠳᠡᠯᠡᠨ ᠪᠢᠴᠢᠭᠡᠰᠦ ᠡᠯᠭᠦᠨ᠂ ᠭᠠᠷ᠎ᠤᠨ ᠦᠰᠦᠭ ᠵᠢᠷᠤᠵᠠᠭᠠᠵᠤ᠂ ᠡᠷᠢᠶᠡᠨ ᠬᠤᠳᠠ᠎ᠳᠤ ᠮᠠᠬᠳᠠᠭᠠᠯ ᠬᠠᠢᠷᠠᠯᠠᠵᠤ ᠬᠦᠴᠦᠨ ᠨᠡᠮᠡᠷᠢᠯᠡᠪᠡ᠃ ᠡᠷᠢᠶᠠᠨ ᠬᠤᠳᠠ᠎ᠳᠦ 20 ᠭᠠᠷᠤᠶ ᠡᠳᠦᠷ ᠬᠤᠴᠤᠷᠴᠤ ᠦᠯᠡᠳᠡᠭᠰᠡᠨ ᠡᠮᠦᠨᠡᠲᠦ ᠣᠷᠣᠨ᠎ᠤ ᠵᠢᠭᠤᠯᠴᠢᠯᠠᠭᠴᠢ ᠯᠢᠦ ᠸᠧᠶ᠂ ᠲᠤᠬᠠᠶ᠎ᠶ᠋ᠢᠨ ᠭᠠᠵᠠᠷ᠎ᠤᠨ ᠵᠠᠰᠠᠭ᠎ᠤᠨ ᠣᠷᠳᠣᠨ᠎ᠡᠴᠡ ᠵᠢᠭᠤᠯᠴᠢᠯᠠᠭᠰᠡᠳ ᠲᠤ᠌ ᠢᠳᠡᠭᠡᠨ ᠤᠮᠳᠠᠭᠠᠨ ᠬᠠᠩᠭᠠᠵᠤ᠂ ᠠᠵᠤ ᠠᠮᠢᠳᠤᠷᠠᠯ᠎ᠤᠨ ᠲᠠᠯ᠎ᠠ᠎ᠪᠠᠷ ᠨᠠᠷᠢᠨ ᠨᠢᠮᠪᠠᠶ ᠬᠠᠷᠠᠭᠠᠯᠵᠠᠯ ᠦᠵᠡᠬᠦᠯᠦᠭᠰᠡᠨ᠎ᠳᠤ ᠲᠠᠯᠠᠷᠬᠠᠵᠤ ᠪᠠᠢᠬᠤ ᠪᠡᠨ ᠢᠯᠡᠳᠭᠡᠵᠡᠢ᠃ ᠲᠡᠷᠡ᠂ 《ᠪᠢᠳᠡ᠎ᠤ ᠵᠤᠵᠠᠭᠠᠨ ᠬᠤᠪᠴᠠᠰᠦ ᠦᠭᠡᠢ ᠪᠠᠢᠬᠤ ᠵᠢ ᠮᠡᠳᠡᠭᠡᠳ ᠵᠠᠰᠠᠭ᠎ᠤᠨ ᠣᠷᠳᠣᠨ ᠡᠴᠡ ᠪᠠᠰᠠ ᠲᠤᠰᠭᠠᠢᠯᠠᠨ ᠬᠥᠪᠥᠩ ᠬᠤᠪᠴᠠᠰᠤ᠎ᠬᠦᠷᠭᠡᠨ ᠢᠷᠡᠵᠦ᠂ ᠭᠡᠷ ᠪᠦᠯᠢ᠎ᠶ᠋ᠢᠨ ᠬᠠᠯᠠᠭᠤᠨ ᠳᠤᠯᠠᠭᠠᠨ᠎ᠢ᠎ᠮᠡᠳᠡᠷᠡᠭᠦᠯᠪᠡ》 ᠭᠡᠵᠦ ᠬᠡᠯᠡᠪᠡ᠃

ᠣᠢᠯᠠᠭᠠᠭ᠍ᠰᠠᠨ᠎ᠢᠶᠠᠷ᠂ ᠡᠷᠢᠶᠡᠨ ᠬᠣᠲᠠ᠎ᠶ᠋ᠢᠨ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠵᠢᠯᠣᠭᠣᠳᠭᠤ ᠭᠠᠵᠠᠷ᠎ᠤᠨ ᠨᠢᠭᠡᠳᠦᠯᠲᠡᠶ ᠲᠣᠬᠢᠷᠠᠭᠤᠯᠤᠯᠲᠠ᠎ᠶ᠋ᠢ᠎ᠦᠨᠳᠦᠰᠦᠯᠡᠨ᠂ ᠬᠤᠴᠤᠷᠭᠠᠵᠤ ᠠᠪᠤᠭᠰᠠᠨ ᠪᠤᠰᠤᠳ ᠠᠶᠠᠨᠴᠢᠳ ᠵᠠᠯᠭᠠᠭ᠎ᠠ᠎ᠪᠠᠷ ᠪᠦᠯᠦᠭ ᠬᠤᠪᠢᠶᠠᠨ ᠪᠤᠴᠠᠬᠤ ᠪᠣᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号