ᠰᠡᠳᠦᠪ ᠲᠤᠰᠢᠶᠠᠯᠳᠠ᠄
ᠵᠣᠬᠢᠶᠠᠨ ᠪᠦᠲᠦᠭᠡᠯᠭᠡ ᠪᠣᠯᠣᠨ ᠣᠨᠣᠯ ᠰᠢᠬᠦᠮᠵᠢ ᠪᠣᠯ ᠲᠡᠷᠭᠡᠨ ᠤ᠋ ᠬᠣᠶᠠᠷ ᠬᠦᠷᠲᠦ᠂ ᠰᠢᠪᠠᠭᠣᠨ ᠤ᠋ ᠬᠣᠣᠰ ᠵᠢᠬᠦᠷ ᠮᠡᠲᠦ ᠬᠡᠯᠴᠡᠲᠡᠭ᠃ ᠦᠪᠦᠷ ᠮᠣᠩᠭᠣᠯ ᠤ᠋ᠨ ᠣᠳᠬ᠎ᠠ ᠣᠷᠠᠯᠢᠬ ᠤ᠋ᠨ ᠬᠦᠭᠵᠢᠯᠲᠡᠶᠢ ᠦᠬᠦᠯᠡᠵᠦ ᠲᠡᠯᠭᠡᠬᠦ ᠳ᠋ᠦ 《ᠠᠯᠲᠠᠨ ᠲᠦᠯᠬᠢᠬᠦᠷ》 ᠰᠡᠳᠬᠦᠯ ᠢ᠋ ᠲᠣᠭᠣᠷᠢᠨ ᠭᠠᠷᠴᠦ ᠦᠯᠦ ᠪᠣᠯᠣᠨ᠎ᠠ᠃ ᠦᠪᠦᠷ ᠮᠣᠩᠭᠣᠯ ᠤ᠋ᠨ ᠣᠳᠬ᠎ᠠ ᠣᠷᠠᠯᠢᠬ ᠤ᠋ᠨ ᠬᠢᠨ ᠤ᠋ ᠬᠣᠯᠪᠣᠭ᠎ᠠ ᠡᠴᠡ ᠭᠣᠣᠯᠯᠠᠨ ᠡᠷᠬᠢᠯᠡᠵᠦ ᠪᠠᠢᠭ᠎ᠠ 《ᠠᠯᠲᠠᠨ ᠲᠦᠯᠬᠢᠬᠦᠷ》 ᠰᠡᠳᠬᠦᠯ ᠪᠣᠯ ᠣᠯᠣᠰ ᠤ᠋ᠨ ᠲᠣᠲᠣᠭᠠᠲᠣ ᠳ᠋ᠡᠬᠢ ᠴᠦᠭᠡᠨ ᠲᠣᠭᠠᠲᠣ ᠦᠨᠳᠦᠰᠦᠲᠡᠨ ᠤ᠋ ᠦᠭᠡ ᠬᠡᠯᠡ ᠦᠰᠦᠭ ᠪᠢᠴᠢᠭ ᠢ᠋ᠢᠡᠷ ᠨᠠᠢᠷᠠᠭᠣᠯᠣᠨ ᠬᠡᠪᠯᠡᠬᠦᠯᠵᠦ ᠪᠠᠢᠭ᠎ᠠ ᠴᠣᠷ ᠤ᠋ᠨ ᠭᠠᠬᠴᠠ ᠣᠳᠬ᠎ᠠ ᠣᠷᠠᠯᠢᠬ ᠤ᠋ᠨ ᠣᠨᠣᠯ ᠰᠢᠬᠦᠮᠵᠢ ᠢ᠋ᠢᠨ ᠰᠡᠳᠬᠦᠯ ᠪᠣᠯᠬᠣ ᠶᠣᠮ᠃ ᠣᠳᠬ᠎ᠠ ᠣᠷᠠᠯᠢᠬ ᠤ᠋ᠨ ᠣᠨᠣᠯ ᠰᠢᠬᠦᠮᠵᠢ ᠢ᠋ᠢᠨ ᠴᠢᠬᠣᠯᠠ ᠲᠠᠪᠴᠠᠩ ᠪᠣᠯᠣᠬᠰᠠᠨ ᠤ᠋ ᠬᠣᠪᠢ ᠳ᠋ᠦ᠂ 《ᠠᠯᠲᠠᠨ ᠲᠦᠯᠬᠢᠬᠦᠷ》 ᠰᠡᠳᠬᠦᠯ ᠬᠡᠪᠯᠡᠯ ᠡᠬᠢᠯᠡᠭᠰᠡᠨ ᠲᠡᠷᠡ ᠴᠠᠬ ᠡᠴᠡ ᠪᠠᠨ ᠣᠷᠠᠯᠢᠬ ᠤ᠋ᠨ ᠰᠠᠩ ᠤ᠋ᠨ ᠰᠢᠵᠢᠷ 《ᠠᠯᠲᠠ》᠂ ᠣᠳᠬ᠎ᠠ ᠢ᠋ᠢᠨ ᠨᠢᠭᠣᠴᠠᠶᠢ ᠲᠠᠢᠯᠬᠣ ᠰᠢᠲᠢᠲᠦ 《ᠲᠦᠯᠬᠢᠬᠦᠷ》 ᠰᠢᠭ ᠶ᠋ᠢᠡᠷ ᠵᠣᠬᠢᠶᠠᠬᠴᠢ᠂ ᠣᠩᠰᠢᠬᠴᠢ ᠪᠣᠯᠣᠨ ᠰᠢᠬᠦᠮᠵᠢᠯᠡᠭᠴᠢ ᠶ᠋ᠢ ᠬᠣᠯᠪᠣᠵᠦ ᠨᠢᠬᠲᠠᠷᠠᠭᠣᠯᠣᠨ᠂ ᠮᠠᠨ ᠤ᠋ ᠣᠷᠣᠨ ᠤ᠋ ᠣᠳᠬ᠎ᠠ ᠣᠷᠠᠯᠢᠬ ᠤ᠋ᠨ ᠦᠢᠯᠡᠰ ᠤ᠋ᠨ ᠬᠦᠭᠵᠢᠯᠲᠡ ᠳ᠋ᠦ ᠦᠯᠡᠮᠵᠢ ᠵᠢᠳᠬᠦᠯ ᠦᠵᠡᠬᠦᠯᠦᠭᠰᠨᠨ ᠶᠣᠮ ᠃
11 ᠰᠠᠷ᠎ᠠ ᠢ᠋ᠢᠨ 27 ᠤ᠋ ᠡᠳᠦᠷ᠂ 《ᠠᠯᠲᠠᠨ ᠲᠦᠯᠬᠢᠬᠦᠷ》 ᠰᠡᠳᠬᠦᠯ ᠤ᠋ᠨ ᠬᠡᠪᠯᠡᠯ ᠡᠬᠢᠯᠡᠭᠰᠡᠨ 40 ᠵᠢᠯ ᠤ᠋ᠨ ᠣᠢ ᠶ᠋ᠢ ᠲᠣᠷᠠᠰᠬᠠᠬᠣ ᠶᠠᠷᠢᠯᠴᠠᠬᠣ ᠬᠣᠷᠠᠯ ᠬᠦᠬᠡᠬᠣᠲᠠ ᠳ᠋ᠦ ᠬᠣᠷᠠᠯᠲᠣᠪᠠ᠃ ᠦᠭᠡᠷᠡᠴᠢᠯᠡᠯᠲᠡ ᠨᠡᠭᠡᠭᠡᠯᠲᠡ ᠢ᠋ᠢᠨ ᠣᠷᠢᠬᠠᠨ ᠰᠠᠯᠬᠢᠨ ᠳ᠋ᠦ ᠢᠪᠡᠭᠡᠭᠳᠡᠵᠦ᠂ ᠢᠲᠡᠭᠡᠯ ᠪᠠᠲᠣ ᠢᠷᠡᠭᠡᠲᠦᠢ ᠢ᠋ᠢᠨ ᠶᠡᠬᠡ ᠬᠠᠭᠠᠯᠭ᠎ᠠ ᠢ᠋ᠢ ᠨᠡᠭᠡᠭᠡᠬᠦ ᠪᠡᠷ ᠬᠦᠰᠡᠨ ᠵᠦᠩᠨᠡᠵᠦ ᠬᠡᠪᠯᠡᠯ ᠡᠬᠢᠯᠡᠭᠰᠡᠨ 《ᠠᠯᠲᠠᠨ ᠲᠦᠯᠬᠢᠬᠦᠷ》 ᠰᠡᠳᠬᠦᠯ ᠨᠢᠭᠡ ᠮᠡᠳᠡᠬᠦ ᠳ᠋ᠦ 200 ᠳ᠋ᠣᠭᠠᠷ ᠬᠣᠭᠣᠴᠠᠭ᠎ᠠ ᠪᠠᠨ ᠣᠬᠲᠣᠬᠰᠠᠨ ᠪᠠᠢᠨ᠎ᠠ᠃ ᠲᠦᠴᠢᠨ ᠵᠢᠯ ᠤᠨ ᠲᠤᠷᠰᠢ᠂ ᠲᠤᠰ ᠰᠡᠳᠭᠦᠯ ᠶᠠᠮᠠᠷᠬᠠᠨ ᠤᠭ ᠰᠠᠨᠠᠭ᠎ᠠ ᠪᠠᠷ ᠦᠪᠦᠷ ᠮᠤᠩᠭᠤᠯᠤᠨ ᠤᠷᠠᠨ ᠵᠤᠬᠢᠶᠠᠯ ᠤᠨ ᠬᠦᠭᠵᠢᠯᠳᠡ ᠵᠢᠨ ᠦᠢᠯᠡᠰ ᠲᠦ᠍ ᠬᠦᠴᠦᠨ ᠵᠢᠳᠭᠦᠯ ᠵᠢᠡᠨ ᠦᠵᠡᠭᠦᠯᠦᠭᠰᠡᠨ ᠪᠤᠯ? ᠲᠤᠰ ᠳᠤᠭᠠᠷ ᠤ᠋ᠨ ᠭᠦᠨᠴᠡ ᠮᠡᠳᠡᠭᠡᠯᠡᠯᠳᠤ ᠠᠩᠬᠠᠷᠤᠯ ᠵᠢᠡᠨ ᠬᠠᠨᠳᠤᠭᠤᠯᠤᠭᠠᠷᠠᠢ!

《ᠠᠯᠳᠠᠨ ᠲᠦᠯᠬᠢᠭᠦᠷ》ᠰᠡᠳᠭᠦᠯ ᠢ᠋ ᠡᠭᠦᠰᠭᠡᠨ ᠪᠠᠢᠭᠤᠯᠤᠭᠴᠢ ᠢᠳᠰᠢᠨ (ᠵᠡᠭᠦᠨᠳᠡᠬᠢ) ᠪᠤᠯᠤᠨ ᠰᠡᠳᠭᠦᠯ ᠤ᠋ᠨ ᠠᠩᠬᠠᠨ ᠤ᠋ ᠶᠡᠷᠤᠩᠬᠡᠢ ᠨᠠᠢᠷᠠᠭᠤᠯᠤᠭᠴᠢ ᠳᠠᠸᠠᠡᠤᠰᠤᠷ

《ᠠᠯᠳᠠᠨ ᠲᠦᠯᠬᠢᠭᠦᠷ》 ᠰᠡᠳᠭᠦᠯ ᠤ᠋ᠨ ᠨᠢᠭᠡᠳᠦᠭᠡᠷ ᠬᠤᠭᠤᠴᠠᠭ᠎ᠠ
( ᠭᠡᠷᠡᠯ ᠵᠢᠷᠤᠭ ᠢ᠋ 《 ᠠᠯᠳᠠᠨ ᠲᠦᠯᠬᠢᠭᠦᠷ》 ᠰᠡᠳᠭᠦᠯ ᠡᠴᠡ ᠬᠠᠩᠭᠠᠪᠠ )
ᠡᠷᠳᠡᠮᠳᠡᠳ ᠤ᠋ᠨ ᠦᠨᠡᠯᠡᠯᠳᠡ

●ᠴ·ᠵᠢᠷᠭᠠᠯ (ᠦᠪᠦᠷ ᠮᠣᠩᠭᠣᠯ ᠤ᠋ᠨ ᠶᠡᠬᠡ ᠰᠣᠷᠭᠠᠭᠣᠯᠢ ᠢ᠋ᠢᠨ ᠫᠷᠣᠹᠸᠰᠰᠣᠷ)
ᠪᠢ 《ᠠᠯᠲᠠᠨ ᠲᠦᠯᠬᠢᠬᠦᠷ》 ᠰᠡᠳᠬᠦᠯ ᠤ᠋ᠨ ᠬᠡᠪᠯᠡᠯ ᠡᠬᠢᠯᠡᠬᠦ ᠳ᠋ᠣᠭᠠᠷ ᠲᠦ᠍ 《ᠣᠲᠣᠬᠠᠨ ᠤ᠋ ᠣᠳᠬ᠎ᠠ ᠣᠷᠠᠯᠢᠬ ᠤ᠋ᠨ ᠲᠣᠬᠠᠢ ᠰᠣᠯᠠ ᠲᠦᠷᠦᠭᠲᠡᠯ》 ᠭᠡᠬᠦ ᠣᠢᠯᠠᠭᠠᠯᠲᠠ ᠲᠦᠷᠦᠭᠲᠡᠯᠶ᠋ᠢᠡᠨ ᠨᠡᠢᠲᠡᠯᠡᠭᠰᠨᠨ ᠡᠴᠡ ᠠᠪᠣᠭᠠᠳ ᠲᠦᠴᠢᠨ ᠵᠢᠯ ᠤ᠋ᠨ ᠲᠣᠷᠰᠢ ᠪᠠᠷᠣᠬ 《ᠠᠯᠲᠠᠨ ᠲᠦᠯᠬᠢᠬᠦᠷ》ᠲᠦ᠍ ᠵᠠᠭᠣᠭᠠᠳ ᠦᠬᠦᠯᠡᠯ ᠰᠢᠬᠦᠮᠵᠢ ᠨᠡᠢᠲᠡᠯᠡᠬᠦᠯᠵᠦ ᠪᠢᠯᠡ᠃ 《ᠠᠯᠲᠠᠨ ᠲᠦᠯᠬᠢᠬᠦᠷ》 ᠤ᠋ᠨ ᠲᠦᠴᠢᠨ ᠵᠢᠯ ᠤ᠋ᠨ ᠲᠡᠦᠭᠡᠨ ᠠᠶᠠᠯᠠᠯ ᠢ᠋ᠡᠷᠬᠡᠴᠡᠬᠦᠯᠬᠦ ᠳ᠋ᠦ ᠲᠣᠰ ᠰᠡᠳᠬᠦᠯ ᠬᠡᠪᠯᠡᠯ ᠡᠬᠢᠯᠡᠬᠦ ᠦᠭᠡᠰ ᠲᠡᠭᠡᠨ ᠲᠣᠷᠠᠲᠣᠬᠰᠠᠨ ᠵᠢᠯᠣᠭᠣᠳᠬᠣ ᠦᠵᠡᠯ ᠰᠠᠨᠠᠭ᠎ᠠ ᠪᠠᠨ ᠡᠷᠡᠰ ᠪᠠᠷᠢᠮᠲᠠᠯᠠᠵᠦ ᠪᠦᠬᠦ ᠲᠠᠯ᠎ᠠ ᠪᠡᠷ ᠨᠠᠷᠢᠨ ᠨᠢᠮᠪᠠᠢ ᠬᠡᠷᠡᠭᠵᠢᠬᠦᠯᠦᠭᠰᠡᠭᠡᠷ ᠢᠷᠡᠭᠰᠡᠨ ᠢ᠋ ᠤᠢᠯᠠᠭᠠᠯᠠ᠃
ᠶᠠᠭᠣᠨ ᠤ᠋ ᠡᠮᠦᠨ᠎ᠡ ᠮᠠᠷᠺᠰ ᠯᠸᠨᠢᠨ ᠤ᠋ ᠦᠵᠡᠯ᠂ ᠮᠠᠣ ᠽᠸ ᠳ᠋ᠦᠩ ᠤ᠋ᠨ ᠣᠳᠬ᠎ᠠ ᠣᠷᠠᠯᠢᠬ ᠤ᠋ᠨ ᠦᠵᠡᠯ ᠰᠠᠨᠠᠭᠠᠨ ᠤ᠋ ᠭᠡᠭᠡᠨ ᠲᠣᠬ ᠢ᠋ ᠦᠨᠳᠦᠷ ᠮᠠᠨᠲᠣᠭᠣᠯᠣᠨ ᠨᠠᠮ ᠤ᠋ᠨ 《ᠬᠣᠶᠠᠷ ᠲᠦ᠍ ᠦᠢᠯᠡᠴᠢᠯᠡᠬᠦ》ᠪᠣᠯᠣᠨ《ᠬᠣᠣᠰ ᠪᠦᠬᠦᠨ》 ᠤ᠋ ᠴᠢᠭᠯᠡᠯᠲᠡ ᠢ᠋ᠢ ᠭᠣᠢᠪᠢᠰᠢ ᠦᠭᠡᠢ ᠪᠠᠷᠢᠮᠲᠠᠯᠠᠵᠦ᠂ ᠦᠨᠳᠦᠰᠦᠲᠡᠨ ᠤ᠋ ᠪᠠᠨ ᠰᠣᠶᠣᠯ ᠤ᠋ᠨ ᠦᠪ ᠢ᠋ ᠵᠠᠯᠭᠠᠮᠵᠢᠯᠠᠨ ᠪᠠᠲᠠᠷᠠᠭᠣᠯᠣᠨ᠂ ᠰᠢᠯᠢᠲᠡᠭ ᠰᠣᠶᠣᠯ ᠡᠴᠡ ᠰᠢᠮᠲᠠᠨ ᠰᠣᠷᠣᠯᠴᠠᠬᠣ ᠵᠢᠨ ᠲᠠᠭᠠᠤ ᠦᠷᠦᠨᠡᠲᠡᠬᠢᠨ ᠤ᠋ ᠣᠲᠣᠬᠢᠴᠢ ᠪᠦᠯᠦᠭ ᠤ᠋ᠨ ᠣᠨᠣᠯᠳ᠋ᠦ ᠰᠢᠬᠦᠮᠵᠢᠯᠡᠯ ᠲᠠᠢ ᠬᠠᠨᠲᠣᠬᠣ ᠵᠦᠪ ᠣᠪᠣᠷ ᠢ᠋ ᠪᠠᠷᠢᠮᠲᠠᠯᠠᠬᠰᠠᠨ ᠨᠢ ᠦᠨᠡᠯᠡᠬᠦᠰᠢᠲᠡᠢ; ᠲᠠᠷᠠᠭ᠎ᠠ ᠳ᠋ᠣᠨᠢ᠂ ᠦᠯᠡᠮᠵᠢᠣᠯᠠᠨ ᠣᠨᠣᠯ ᠰᠢᠬᠦᠮᠵᠢ ᠰᠣᠲᠣᠯᠣᠯ ᠰᠢᠨᠵᠢᠯᠡᠭᠡᠨ ᠤ᠋ ᠪᠦᠲᠦᠭᠡᠯ ᠢ᠋ ᠨᠡᠢᠲᠡᠯᠡᠵᠦ᠂ ᠮᠣᠩᠭᠣᠯ ᠣᠷᠠᠨ ᠵᠣᠬᠢᠶᠠᠯ ᠤ᠋ᠨ ᠣᠨᠣᠯ ᠰᠢᠬᠦᠮᠵᠢ ᠢ᠋ᠢᠨ ᠬᠠᠮᠣᠬ ᠶᠡᠬᠡ ᠬᠦᠭᠵᠢᠯ ᠪᠠᠲᠠᠷᠠᠯ ᠤ᠋ᠨ ᠰᠢᠵᠢᠷ ᠠᠯᠲᠠᠨ ᠦᠶ᠎ᠡ ᠢ᠋ᠢ ᠠᠪᠴᠢᠷᠠᠬᠰᠠᠨ ᠪᠠᠢᠨ᠎ᠠ; ᠭᠣᠲᠠᠭᠠᠷ ᠲᠣᠨᠢ᠂ ᠨᠡᠯᠢᠶᠡᠳ ᠬᠦᠴᠦᠷᠭᠡᠭ ᠮᠣᠩᠭᠣᠯ ᠣᠷᠠᠨ ᠵᠣᠬᠢᠶᠠᠯ ᠤ᠋ᠨ ᠣᠨᠣᠯᠴᠢ ᠰᠢᠬᠦᠮᠵᠢᠯᠡᠭᠴᠢᠳ ᠤ᠋ᠨ ᠡᠩᠨᠡᠭᠡ ᠢ᠋ᠢ ᠪᠤᠢᠵᠢᠭᠤᠯᠤᠭᠰᠠᠨ ᠭᠠᠷᠮᠠᠭᠠᠢ ᠶᠡᠬᠡ ᠭᠠᠪᠢᠶ᠎ᠠ ᠵᠢᠳᠬᠦᠯ ᠲᠠᠢ; ᠲᠦᠳᠦᠭᠡᠷ ᠲᠦ᠍᠂ ᠰᠢᠨ᠎ᠡ ᠴᠠᠬ ᠦᠶ᠎ᠡ ᠳ᠋ᠦ ᠣᠷᠣᠬᠰᠠᠨ ᠡᠴᠡ ᠨᠠᠭᠠᠰᠢ᠂ ᠶᠡᠷᠦᠩᠬᠡᠢ ᠱᠦᠵᠢ ᠰᠢ ᠵᠢᠨ ᠫᠢᠩ ᠤ᠋ᠨ ᠣᠳᠬ᠎ᠠ ᠣᠷᠠᠯᠢᠬ ᠤ᠋ᠨ ᠴᠢᠬᠣᠯᠠ ᠦᠬᠦᠯᠡᠯᠲᠡ ᠢ᠋ᠢ ᠰᠣᠷᠣᠯᠴᠠᠬᠰᠠᠨ ᠣᠢᠯᠠᠭᠠᠯᠲᠠ ᠲᠦᠷᠦᠭᠲᠡᠯ ᠤ᠋ᠨ ᠵᠣᠬᠢᠶᠠᠯ ᠢ᠋ ᠲᠣᠰᠬᠠᠢ ᠪᠣᠯᠣᠩ ᠭᠠᠷᠭᠠᠨ ᠨᠡᠢᠲᠡᠯᠡᠵᠦ᠂ ᠦᠷᠭᠡᠨ ᠣᠯᠠᠨ ᠣᠩᠰᠢᠬᠴᠢ ᠪᠣᠯᠣᠨ ᠵᠣᠬᠢᠶᠠᠬᠴᠢᠳ ᠲᠦ᠍ ᠰᠢ ᠵᠢᠨ ᠫᠢᠩ ᠤ᠋ᠨ ᠣᠳᠬ᠎ᠠ ᠣᠷᠠᠯᠢᠬ ᠤ᠋ᠨ ᠴᠢᠬᠣᠯᠠ ᠦᠬᠦᠯᠡᠯᠲᠡ ᠢ᠋ᠢ ᠰᠣᠷᠲᠠᠯᠴᠢᠯᠠᠨ ᠣᠬᠠᠭᠣᠯᠣᠬᠰᠠᠨ ᠲᠠᠯ᠎ᠠ ᠪᠡᠷ ᠮᠣᠩᠭᠣᠯ ᠣᠷᠠᠨ ᠵᠣᠬᠢᠶᠠᠯ ᠤ᠋ᠨ ᠬᠢᠨ ᠪᠣᠯᠣᠨ ᠪᠦᠬᠦ ᠣᠯᠣᠰ ᠤ᠋ᠨ ᠮᠣᠩᠭᠣᠯ ᠣᠷᠠᠨ ᠵᠣᠬᠢᠶᠠᠯ ᠤ᠋ᠨ ᠰᠣᠨᠢᠨ ᠰᠡᠳᠬᠦᠯ ᠤ᠋ᠨ ᠲᠣᠲᠣᠷ᠎ᠠ ᠬᠣᠰᠢᠭᠣᠴᠢ ᠦᠢᠯᠡᠲᠦᠯ ᠭᠠᠷᠭᠠᠬᠰᠠᠨ ᠭᠡᠲᠡᠭ ᠢ᠋ ᠦᠨᠡᠯᠡᠬᠦᠰᠢᠲᠡᠢ᠃

●ᠰᠦᠶᠦᠭᠡ (ᠦᠪᠦᠷ ᠮᠣᠩᠭᠣᠯ ᠤ᠋ᠨ ᠶᠡᠬᠡ ᠰᠣᠷᠭᠠᠭᠣᠯᠢ ᠢ᠋ᠢᠨ ᠫᠷᠣᠹᠸᠰᠰᠣᠷ)
《ᠠᠯᠲᠠᠨ ᠲᠦᠯᠬᠢᠬᠦᠷ》 ᠤ᠋ᠨ ᠲᠦᠴᠢᠨ ᠵᠢᠯ ᠤ᠋ᠨ ᠵᠠᠮᠨᠠᠵᠦ ᠢᠷᠡᠭᠰᠡᠨ ᠣᠯᠠ ᠮᠦᠷ ᠢ᠋ ᠡᠷᠬᠢᠨ ᠬᠠᠷᠠᠵᠦ ᠦᠵᠡᠬᠦ ᠳ᠋ᠦ ᠨᠡᠬᠦᠲᠡᠯᠴᠢᠨ ᠦᠨᠳᠦᠰᠦᠲᠡᠨ ᠤ᠋ ᠣᠷᠲᠣ ᠢ᠋ᠢᠨ ᠣᠷᠲᠣ ᠠᠶᠠᠨ ᠵᠢᠩ ᠳ᠋ᠦ ᠵᠦᠪᠬᠡᠨ ᠣᠷᠭᠠᠴᠢᠨ᠂ ᠡᠮᠨᠢᠭᠴᠢᠨ᠂ ᠲᠠᠭᠣᠴᠢᠨ᠂ ᠪᠦᠭᠡᠴᠢᠨ ᠁ ᠭᠠᠷᠣᠬᠰᠠᠨ ᠲᠡᠲᠦᠢ ᠯᠡ ᠪᠢᠰᠢ ᠬᠠᠷᠢᠨ ᠰᠢᠯᠦᠭᠴᠢ᠂ ᠵᠣᠬᠢᠶᠠᠯᠴᠢ᠂ ᠣᠨᠣᠯᠴᠢ ᠰᠢᠬᠦᠮᠵᠢᠯᠡᠭᠴᠢ ᠴᠦ᠍ ᠦᠰᠦᠭᠡᠢ ᠵᠠᠯᠭᠠᠨ ᠮᠡᠨᠲᠦᠯᠡᠭᠰᠡᠭᠡᠷ ᠢᠷᠡᠭᠰᠡᠨ ᠲᠡᠦᠭᠡᠯᠢᠭ ᠣᠯᠠ ᠮᠦᠷ ᠪᠣᠯᠣᠨ ᠣᠯᠪᠠᠭ᠎ᠠ ᠵᠠᠮ ᠢ᠋ ᠲᠣᠲᠣᠬᠠᠨ ᠣᠯᠵᠦ ᠬᠠᠷᠠᠲᠠᠬ᠃ ᠲᠡᠭᠡᠭᠡᠳ ᠪᠢᠳᠡ ᠨᠡᠬᠦᠲᠡᠯᠴᠢᠳ ᠤ᠋ᠨ ᠶ᠋ᠢᠡᠨ ᠪᠠᠭᠠᠲᠣᠷᠯᠢᠬ ᠰᠡᠳᠬᠢᠬᠦᠢ᠂ ᠣᠷᠠᠯᠢᠬ ᠰᠡᠳᠬᠢᠬᠦᠢ᠂ ᠲᠦᠷᠰᠦᠯᠢᠭ ᠰᠡᠳᠬᠢᠬᠦᠢ᠂ ᠣᠨᠣᠯ ᠤ᠋ᠨ ᠰᠡᠳᠬᠢᠬᠦᠢ (ᠯᠣᠬᠢᠬ ᠰᠡᠳᠬᠢᠬᠦᠢ᠂ ᠬᠡᠢᠰᠪᠦᠷᠢᠯᠡᠨ ᠰᠡᠳᠬᠢᠬᠦᠢ᠂ ᠬᠦᠨ ᠣᠬᠠᠭᠠᠨ ᠤ᠋ ᠰᠡᠳᠬᠢᠬᠦᠢ ᠶ᠋ᠢᠨ ᠠᠢ ᠰᠠᠪᠠ)ᠶ᠋ᠢᠨ ᠭᠡᠭᠡᠨ ᠲᠣᠶᠠᠭ᠎ᠠ᠂ ᠣᠷᠢᠳ ᠭᠠᠷᠣᠭ᠎ᠠ ᠦᠭᠡᠢ ᠲᠣᠸᠠᠯᠠᠨ ᠰᠠᠴᠣᠷᠠᠵᠦ ᠪᠠᠢᠭ᠎ᠠ ᠭᠡᠷᠡᠯ ᠤ᠋ᠨ ᠪᠠᠭᠠᠨ᠎ᠠ ᠶ᠋ᠢ ᠣᠯᠵᠦ ᠬᠠᠷᠠᠭᠠᠳ ᠪᠠᠶᠠᠰᠲᠠᠬ᠃
ᠣᠳᠬ᠎ᠠ ᠵᠣᠬᠢᠶᠠᠯ ᠤ᠋ᠨ ᠰᠢᠬᠦᠮᠵᠢᠯᠡᠯ ᠪᠣᠯ ᠵᠣᠬᠢᠶᠠᠯᠴᠢ ᠪᠣᠯᠣᠨ ᠰᠢᠬᠦᠮᠵᠢᠯᠡᠭᠴᠢ᠂ ᠵᠣᠬᠢᠶᠠᠯ ᠪᠦᠲᠦᠭᠡᠯ ᠪᠣᠯᠣᠨ ᠰᠢᠬᠦᠮᠵᠢᠯᠡᠭᠴᠢ ᠢ᠋ᠢᠨ ᠭᠣᠷᠮᠣᠰᠣᠨ ᠬᠠᠷᠢᠴᠠᠭᠠᠨ ᠡᠴᠡ ᠡᠬᠦᠰᠦᠭᠰᠡᠨ ᠬᠠᠮ ᠬᠦᠲᠦᠯᠦᠯᠴᠡᠭᠡ ᠪᠠᠢᠭ᠎ᠠ ᠶᠣᠮ᠃ ᠲᠡᠬᠦᠨ ᠤ᠋ ᠵᠣᠷᠢᠯᠭ᠎ᠠ ᠨᠢ ᠵᠣᠬᠢᠶᠠᠯ ᠪᠦᠲᠦᠭᠡᠯ ᠤ᠋ᠨ ᠣᠯᠣᠯ ᠠᠯᠲᠠᠯ ᠢ᠋ ᠣᠨᠣᠪᠴᠢᠲᠠᠢ ᠳ᠋ᠦᠩᠨᠡᠵᠦ᠂ ᠵᠣᠬᠢᠶᠠᠯᠴᠢ ᠪᠣᠯᠣᠨ ᠰᠢᠬᠦᠮᠵᠢᠯᠡᠭᠴᠢ ᠢ᠋ᠢᠨ ᠬᠣᠭᠣᠷᠣᠨᠲᠣᠬᠢ ᠣᠢᠯᠠᠭᠠᠯᠴᠠᠭ᠎ᠠ ᠶ᠋ᠢ ᠬᠦᠨᠵᠡᠭᠡᠢᠷᠡᠬᠦᠯᠵᠦ᠂ ᠣᠨᠣᠯ ᠪᠠ ᠦᠢᠯᠡᠲᠦᠯᠭᠡ ᠢ᠋ᠢᠨ ᠣᠶᠠᠯᠲᠣᠯ ᠢ᠋ ᠵᠣᠬᠢᠴᠠᠭᠣᠯᠵᠦ ᠨᠡᠩ ᠲᠦᠷᠭᠡᠨ ᠶ᠋ᠢᠡᠷ ᠨᠡᠩ ᠣᠯᠠᠨ ᠰᠢᠯᠢᠲᠡᠭ ᠪᠦᠲᠦᠭᠡᠯ ᠡᠬᠦᠳᠬᠦ ᠳ᠋ᠦ ᠣᠷᠣᠰᠢᠨᠡ᠃ ᠡᠩ ᠤ᠋ᠨ ᠪᠠᠢᠲᠠᠯ ᠳ᠋ᠦ ᠣᠨᠣᠯ ᠰᠢᠬᠦᠮᠵᠢᠯᠡᠯ ᠪᠣᠯᠣᠨ ᠵᠠᠭᠣᠴᠢᠯᠠᠭᠣᠷ ᠪᠣᠯ ᠵᠣᠬᠢᠶᠠᠯ ᠪᠦᠲᠦᠭᠡᠯ ᠤ᠋ᠨ ᠬᠣᠶᠠᠷ ᠵᠢᠬᠦᠷ ᠨᠢ ᠭᠡᠲᠡᠭ᠃ ᠡᠨᠡ ᠬᠣᠶᠠᠷ ᠵᠢᠬᠦᠷ ᠲᠣᠲᠠᠬᠲᠠᠪᠠᠯ ᠶᠠᠮᠠᠷ ᠰᠢᠯᠢᠲᠡᠭ ᠵᠣᠬᠢᠶᠠᠯ ᠴᠦ᠍ ᠭᠡᠳ ᠨᠡᠢᠭᠡᠮ ᠤ᠋ᠨ ᠦᠷᠲᠡᠭ ᠶ᠋ᠢᠡᠨ ᠲᠡᠬᠦᠰ ᠢᠯᠡᠷᠡᠬᠦᠯᠵᠦ ᠴᠢᠲᠠᠰᠢ ᠦᠭᠡᠢ ᠶᠣᠮ᠃ ᠡᠨᠡ ᠬᠦ᠌ ᠬᠠᠷᠢᠴᠠᠭᠠᠨ ᠲᠣᠮᠲᠠ 《ᠠᠯᠲᠠᠨ ᠲᠦᠯᠬᠢᠬᠦᠷ》 ᠬᠠᠷᠢᠨ ᠬᠣᠶᠠᠷ ᠵᠢᠬᠦᠷ ᠤ᠋ᠨ ᠦᠢᠯᠡᠲᠦᠯ ᠢ᠋ ᠪᠦᠷᠢᠨ ᠪᠠᠲᠠᠷᠠᠭᠣᠯᠵᠦ ᠴᠢᠲᠠᠬᠰᠠᠨ ᠪᠠᠢᠨ᠎ᠠ ᠃

●ᠯᠢᠭᠲᠡᠨ(《ᠠᠯᠲᠠᠨ ᠲᠦᠯᠬᠢᠬᠦᠷ》 ᠰᠡᠳᠬᠦᠯ ᠤ᠋ᠨ ᠠᠬᠠᠮᠠᠳ ᠣᠲᠣᠷᠢᠲᠣᠯᠭ᠎ᠠ᠂ ᠠᠯᠲᠠᠷᠲᠣ ᠵᠣᠬᠢᠶᠠᠯᠴᠢ)
ᠮᠣᠩᠭᠣᠯᠴᠣᠳ ᠣᠷᠠᠨ ᠵᠣᠬᠢᠶᠠᠯ ᠤ᠋ᠨ ᠮᠣᠨᠲᠠᠬ ᠲᠣᠮᠣ ᠠᠭᠣᠯᠠ ᠢ᠋ᠢ ᠰᠦᠨᠳᠡᠷᠯᠡᠬᠦᠯᠬᠦ ᠳ᠋ᠡᠭᠡᠨ ᠠᠯᠲᠠᠨ ᠲᠦᠯᠬᠢᠬᠦᠷᠶ᠋ᠢᠡᠷ ᠶ᠋ᠢᠡᠨ ᠠᠮᠢᠲᠣᠷᠠᠯ ᠭᠡᠲᠡᠭ ᠡᠷᠲᠡᠨᠢ ᠢ᠋ᠢᠨ ᠠᠭᠣᠷᠬᠠᠢ ᠢ᠋ᠢ ᠨᠡᠭᠡᠭᠡᠵᠦ᠂ ᠣᠶᠣᠨ ᠣᠬᠠᠭᠠᠨ ᠤ᠋ ᠬᠦᠮᠦᠷᠭᠡ ᠡᠴᠡ ᠠᠪᠴᠦ ᠪᠣᠯᠲᠠᠬ ᠪᠦᠬᠦᠨ ᠢ᠋ ᠭᠠᠷᠭᠠᠵᠦ ᠠᠪᠬᠣ ᠶ᠋ᠢ ᠴᠦ᠍ ᠰᠣᠷᠣᠬᠰᠠᠨ᠃
《ᠠᠢᠯ ᠡᠴᠡ ᠡᠷᠢᠬᠦ ᠪᠡᠷ ᠠᠪᠲᠠᠷ᠎ᠠ ᠡᠴᠡ ᠪᠠᠨ ᠡᠷᠢ》 ᠭᠡᠵᠦ ᠰᠣᠷᠭᠠᠬᠰᠠᠨ ᠡᠪᠦᠭᠡᠳ ᠤ᠋ᠨ ᠮᠠᠷᠭᠡᠨ ᠤᠬᠠᠭᠠᠨ ᠤ᠋ ᠣᠭᠣᠲᠠ ᠪᠠᠨ ᠨᠡᠭᠡᠭᠡᠭᠡᠳ ᠦᠪ ᠰᠣᠶᠣᠯ ᠤ᠋ᠨ ᠰᠠᠩ ᠡᠴᠡ ᠪᠠᠨ ᠠᠷᠠᠳ ᠤ᠋ᠨ ᠠᠮᠠᠨ ᠵᠣᠬᠢᠶᠠᠯ᠂ ᠦᠯᠢᠭᠡᠷ ᠬᠣᠯᠪᠣᠭ᠎ᠠ᠂ ᠠᠷᠠᠳ ᠤ᠋ᠨ ᠲᠠᠭᠣᠣ ᠵᠡᠷᠭᠡ ᠪᠠᠨ ᠪᠢᠯᠢᠭ ᠤ᠋ᠨ ᠨᠢᠲᠦ ᠪᠡᠷ ᠲᠠᠬᠢᠨ ᠲᠠᠨᠢᠵᠦ ᠰᠠᠭᠣᠷᠢ ᠮᠠᠲ᠋ᠸᠷᠢᠶᠠᠯ ᠪᠣᠯᠭᠠᠨ ᠦᠨᠳᠦᠰᠦᠲᠡᠨ ᠤ᠋ ᠪᠠ ᠣᠷᠣᠨ ᠨᠣᠲᠣᠬ ᠤ᠋ᠨ ᠣᠨᠴᠠᠯᠢᠬ ᠲᠠᠢ ᠰᠣᠨᠢᠨ ᠰᠣᠷᠭᠣᠬ ᠠᠭᠣᠯᠭ᠎ᠠ ᠬᠡᠯᠪᠡᠷᠢ ᠲᠠᠢ ᠴᠣ ᠰᠢᠨ᠎ᠡ ᠣᠶᠣᠨ ᠤ᠋ ᠶᠢᠷᠲᠢᠨᠴᠦ ᠢ᠋ᠢ ᠴᠣᠬᠴᠠᠯᠠᠨ ᠪᠠᠢᠭᠣᠯᠣᠯᠠ᠃ ᠰᠢᠨ᠎ᠡ ᠣᠷᠠᠨ ᠵᠣᠬᠢᠶᠠᠯ — ᠦᠭᠡᠢ ᠡᠴᠡ ᠪᠠᠨ ᠪᠣᠢ ᠪᠣᠯᠵᠦ᠂ ᠪᠠᠭ᠎ᠠ ᠡᠴᠡ ᠪᠠᠨ ᠶᠡᠬᠡ ᠪᠣᠯᠵᠦ᠂ ᠡᠳᠦᠷ ᠡᠴᠡ ᠡᠳᠦᠷ ᠦᠭᠡᠲᠡᠯᠡᠵᠦ᠂ ᠰᠠᠷ᠎ᠠ ᠡᠴᠡ ᠰᠠᠷ᠎ᠠ ᠰᠠᠢᠵᠢᠷᠠᠵᠦ᠂ ᠵᠢᠯ ᠡᠴᠡ ᠵᠢᠯ ᠵᠢᠷᠢᠯᠵᠡᠲᠡᠯᠡ ᠬᠦᠶᠦᠵᠦ ᠦᠨᠳᠦᠷ ᠣᠷᠬᠢᠯ ᠳ᠋ᠦ ᠦᠭᠰᠦᠨ ᠠᠪᠠᠷᠢᠬᠰᠠᠭᠠᠷ ᠪᠠᠢᠨ᠎ᠠ᠃
ᠣᠨᠣᠯ ᠭᠡᠲᠡᠭ ᠶᠠᠭᠣᠮ᠎ᠠ ᠢ᠋ᠢ ᠦᠵᠡᠬᠦ ᠳ᠋ᠦ ᠬᠡᠢᠰᠪᠦᠷᠢ᠂ ᠲᠡᠲᠦᠢ ᠯᠡ ᠴᠢᠬᠣᠯᠠ ᠪᠢᠰᠢ ᠂ ᠠᠪᠢᠶᠠᠰ ᠪᠢᠯᠢᠭ ᠪᠣᠶᠣ ᠵᠣᠬᠢᠶᠠᠨ ᠪᠢᠴᠢᠯᠭᠡ ᠢ᠋ᠢᠨ ᠣᠷᠣᠯᠲᠣᠯᠭᠠ ᠪᠡᠷ ᠶ᠋ᠢᠡᠨ ᠠᠶᠠᠨᠳᠠᠭᠠᠨ ᠡᠵᠡᠮᠰᠢᠴᠢᠬᠡᠲᠡᠭ ᠵᠦᠢᠯ ᠭᠡᠮᠡᠨ ᠬᠦᠩᠭᠡᠪᠴᠢᠯᠡᠳᠡᠭ ᠬᠠᠭᠣᠴᠢᠨ ᠬᠠᠭᠣᠮᠠᠭᠠᠢ ᠨᠢᠯᠬᠠᠰᠠᠭ ᠪᠣᠳᠣᠯ ᠳ᠋ᠦ ᠦᠨᠳᠦᠰᠦᠨ ᠬᠣᠪᠢᠷᠠᠯᠲᠠ ᠭᠠᠷᠭᠠᠵᠠᠢ᠃ ᠰᠢᠨ᠎ᠡ ᠣᠷᠠᠨ ᠵᠣᠬᠢᠶᠠᠯ ᠤ᠋ᠨ ᠡᠬᠢᠨ ᠤ᠋ ᠦᠶ᠎ᠡ ᠢ᠋ᠢᠨ ᠵᠣᠬᠢᠶᠠᠯ ᠪᠦᠲᠦᠭᠡᠯ ᠢ᠋ ᠲᠡᠬᠦᠨ ᠡᠴᠡ ᠬᠣᠢᠰᠢᠬᠢ ᠢ᠋ᠢᠨ ᠣᠷᠠᠨ ᠪᠦᠲᠦᠭᠡᠯ ᠲᠠᠢ ᠬᠠᠷᠢᠴᠠᠭᠣᠯᠪᠠᠯ 《ᠠᠯᠲᠠᠨ ᠲᠦᠯᠬᠢᠬᠦᠷ》 ᠰᠡᠳᠬᠦᠯ ᠤ᠋ᠨ ᠦᠵᠡᠬᠦᠯᠦᠭᠰᠡᠨ ᠦᠢᠯᠡᠲᠦᠯ ᠨᠢᠲᠦᠨ ᠳ᠋ᠦ ᠦᠵᠡᠭᠲᠡᠵᠦ ᠭᠠᠷ ᠲᠦ᠍ ᠪᠠᠷᠢᠭᠳᠠᠵᠤ ᠪᠠᠢᠨ᠎ᠠ᠃ 《ᠠᠯᠲᠠᠨ ᠲᠦᠯᠬᠢᠬᠦᠷ》 ᠮᠠᠨ ᠤ᠋ ᠣᠷᠠᠨ ᠵᠣᠬᠢᠶᠠᠯ ᠢ᠋ ᠲᠣᠲᠣᠭᠠᠲᠣ ᠵᠢᠮ᠎ᠡ ᠬᠠᠣᠯᠢ ᠪᠡᠷ ᠨᠢ ᠵᠢᠯᠣᠭᠣᠲᠣᠭᠠᠳ ᠲᠦᠪ ᠵᠠᠮᠶ᠋ᠢᠡᠷ ᠯᠠᠪᠲᠠᠭᠣᠨ ᠠᠯᠬᠣᠭᠣᠯᠣᠬᠰᠠᠨ᠃ ᠣᠨᠣᠯᠶ᠋ᠢᠡᠷ ᠪᠠᠷᠢᠮᠵᠢᠶᠠᠯᠠᠬᠣ ᠭᠡᠲᠡᠭ ᠡᠷᠬᠢᠮ ᠬᠡᠮᠵᠢᠬᠦᠷ ᠶᠣᠮ᠃ 《ᠠᠯᠲᠠᠨ ᠲᠦᠯᠬᠢᠬᠦᠷ》 ᠰᠡᠳᠬᠦᠯ ᠮᠣᠩᠭᠣᠯ ᠣᠷᠠᠨ ᠵᠣᠬᠢᠶᠠᠯ ᠤ᠋ᠨ ᠣᠨᠣᠯ ᠤ᠋ᠨ ᠵᠢᠯᠣᠭᠣ ᠪᠣᠯᠵᠦ ᠴᠢᠬᠣᠯᠠ ᠨᠦᠯᠦᠭᠡ ᠦᠵᠡᠬᠦᠯᠦᠭᠰᠨᠨ ᠶ᠋ᠢᠡᠷ ᠪᠠᠷᠠᠬᠣ ᠦᠭᠡᠢ ᠰᠢᠬᠦᠮᠵᠢ ᠲᠡᠭᠡᠷ᠎ᠡ ᠴᠦ᠍ ᠲᠡᠷᠢᠬᠦᠨ ᠭᠠᠪᠢᠶ᠎ᠠ ᠪᠠᠢᠭᠣᠯᠣᠬᠰᠠᠨ ᠶᠣᠮ ᠃
《ᠠᠯᠲᠠᠨ ᠲᠦᠯᠬᠢᠬᠦᠷ》 ᠤ᠋ᠨ ᠴᠢᠭᠯᠡᠯ
ᠴᠢᠭᠯᠡᠯ ᠪᠣᠯ ᠲᠣᠬ ᠲᠡᠮᠲᠡᠭ᠃ ᠴᠢᠭᠯᠡᠯ ᠪᠣᠯ ᠣᠳᠬ᠎ᠠ ᠣᠷᠠᠯᠢᠬ ᠤ᠋ᠨ ᠣᠨᠣᠯ ᠰᠢᠬᠦᠮᠵᠢ ᠢ᠋ᠢᠨ ᠠᠮᠢᠨ ᠰᠦᠨᠡᠰᠦ᠃ 《ᠠᠯᠲᠠᠨ ᠲᠦᠯᠬᠢᠬᠦᠷ》 ᠤ᠋ᠨ ᠢᠮᠠᠬᠲᠠ ᠪᠠᠷᠢᠮᠲᠠᠯᠠᠬᠣ ᠴᠢᠭᠯᠡᠯ ᠪᠣᠯ ᠨᠠᠮ ᠤ᠋ᠨ ᠣᠳᠬ᠎ᠠ ᠣᠷᠠᠯᠢᠬ ᠤ᠋ᠨ ᠲᠦᠷᠦ ᠢ᠋ᠢᠨ ᠪᠣᠲᠣᠯᠭ᠎ᠠ ᠢ᠋ᠢᠨ ᠢᠲᠡᠪᠬᠢᠲᠡᠢ ᠣᠬᠠᠭᠣᠯᠣᠨ ᠰᠣᠷᠲᠠᠯᠴᠢᠯᠠᠬᠴᠢ ᠪᠠᠢᠵᠦ ᠲᠠᠭᠠᠷᠠᠬᠣ ᠶᠣᠮ ᠃
ᠲᠦᠴᠢᠨ ᠵᠢᠯ ᠤ᠋ᠨ ᠲᠡᠷᠲᠡᠭᠡ 《ᠠᠯᠲᠠᠨ ᠲᠦᠯᠬᠢᠬᠦᠷ》 ᠰᠡᠳᠬᠦᠯ ᠤ᠋ᠨ ᠬᠡᠪᠯᠡᠯ ᠡᠬᠢᠯᠡᠬᠦ ᠳ᠋ᠣᠭᠠᠷ ᠲᠦ᠍ 《ᠮᠠᠷᠺᠰ ᠯᠸᠨᠢᠨ ᠤ᠋ ᠦᠵᠡᠯ᠂ ᠮᠠᠦ ᠽᠸ ᠳ᠋ᠦᠩ ᠤ᠋ᠨ ᠦᠵᠡᠯ ᠰᠠᠨᠠᠭᠠᠨ ᠤ᠋ ᠭᠡᠭᠡᠨ ᠲᠣᠬ ᠢ᠋ ᠦᠨᠳᠦᠷ ᠮᠠᠨᠲᠣᠭᠣᠯᠵᠦ᠂ ᠲᠦᠷᠪᠡᠨ ᠦᠨᠳᠦᠰᠦᠨ ᠵᠠᠷᠴᠢᠮ ᠢ᠋ ᠡᠷᠡᠰ ᠪᠠᠷᠢᠮᠲᠠᠯᠠᠨ᠂ ᠦᠵᠡᠯ ᠰᠠᠨᠠᠭ᠎ᠠ ᠪᠠᠨ ᠦᠷᠬᠦᠯᠵᠢᠲᠡ ᠴᠢᠯᠦᠭᠡᠯᠡᠵᠦ᠂〈ᠬᠣᠣᠰ ᠪᠦᠬᠦᠨ〉 ᠤ᠋ ᠴᠢᠭᠯᠡᠯᠲᠡᠶᠢ ᠡᠷᠡᠰ ᠬᠡᠷᠡᠭᠵᠢᠬᠦᠯᠵᠦ᠂ ᠣᠳᠬ᠎ᠠ ᠵᠣᠬᠢᠶᠠᠯ ᠣᠷᠠᠯᠢᠬ ᠢ᠋ ᠠᠷᠠᠳ ᠲᠦᠮᠡᠨ ᠳ᠋ᠦ᠂ ᠨᠡᠢᠭᠡᠮ ᠵᠢᠷᠣᠮ ᠳ᠋ᠦ ᠦᠢᠯᠡᠴᠢᠯᠡᠬᠦᠯᠬᠦ ᠪᠡᠷ ᠣᠷᠠᠨ ᠪᠦᠲᠦᠭᠡᠯ ᠤ᠋ᠨ ᠵᠢᠮ᠎ᠠ ᠶᠣᠰᠣᠶᠢ ᠵᠢᠷᠣᠮᠯᠠᠨ ᠰᠣᠲᠣᠯᠵᠦ᠂ ᠰᠢᠨᠵᠢᠯᠡᠬᠦ ᠣᠬᠠᠭᠠᠨᠴᠢ ᠪᠡᠷ ᠦᠨᠡᠨ ᠶᠣᠰᠣᠨ ᠤ᠋ ᠣᠨᠢᠰᠣᠶᠢ ᠨᠡᠭᠡᠭᠡᠬᠦ᠂ ᠴᠢᠯᠦᠭᠡᠲᠡᠢ ᠮᠠᠷᠭᠣᠯᠲᠣᠭᠠᠨ ᠶ᠋ᠢᠡᠷ ᠣᠷᠠᠯᠢᠬ ᠤ᠋ᠨ ᠠᠷᠠᠳᠴᠢᠯᠠᠯ ᠢ᠋ ᠲᠦᠭᠡᠮᠡᠯ ᠪᠠᠲᠠᠷᠠᠭᠣᠯᠵᠦ᠂ ᠦᠪᠦᠷ ᠮᠣᠩᠭᠣᠯ ᠤ᠋ᠨ ᠣᠳᠬ᠎ᠠ ᠵᠣᠬᠢᠶᠠᠯ ᠣᠷᠠᠯᠢᠬ ᠤ᠋ᠨ ᠶ᠋ᠢᠡᠨ ᠦᠨᠡᠨ ᠪᠣᠲᠠᠲᠣ ᠦᠢᠯᠡᠲᠦᠯᠭᠡᠶᠢ ᠬᠢᠨᠠᠮᠠᠭᠠᠢ ᠯᠠᠪᠲᠠᠭᠣᠨ ᠰᠦᠪᠡᠭᠴᠢᠯᠡᠨ ᠰᠢᠨᠵᠢᠯᠡᠵᠦ᠂ ᠦᠨᠳᠦᠰᠦᠲᠡᠨ ᠤ᠋ ᠣᠳᠬ᠎ᠠ ᠵᠣᠬᠢᠶᠠᠯ ᠣᠷᠠᠯᠢᠬ ᠤ᠋ᠨ ᠣᠨᠣᠯᠴᠢᠳ ᠰᠢᠬᠦᠮᠵᠢᠯᠡᠭᠴᠢᠳ ᠢ᠋ ᠬᠦᠮᠦᠵᠢᠬᠦᠯᠦᠨ ᠭᠠᠷᠭᠠᠬᠣ ᠨᠠᠨᠲᠢᠨ ᠡᠬᠦᠷᠭᠡ ᠪᠠᠨ ᠰᠢᠨ᠎ᠠ ᠡᠭᠦᠳᠦᠯᠳᠡ ᠲᠠᠢ᠂ ᠴᠢᠨᠠᠷᠵᠢᠭᠣᠨ ᠪᠡᠶᠡᠯᠡᠬᠦᠯᠦᠨ᠎ᠡ》 ᠭᠡᠵᠦ ᠲᠣᠬ ᠴᠢᠭᠯᠡᠯᠶ᠋ᠢᠡᠨ ᠲᠣᠲᠣᠷᠬᠠᠢ ᠲᠣᠬᠲᠠᠭᠠᠬᠰᠠᠨ ᠪᠦᠭᠡᠳ ᠡᠨᠡ ᠬᠦ᠌ ᠴᠢᠭᠯᠡᠯ ᠶ᠋ᠢᠡᠨ ᠵᠢᠷᠣᠮᠯᠠᠨ ᠪᠠᠷᠢᠮᠲᠠᠯᠠᠵᠦ ᠣᠯᠣᠰ ᠲᠦᠷᠦ ᠢ᠋ᠢᠨ ᠵᠣᠬᠰᠣᠴᠠ ᠦᠨᠳᠦᠷ᠂ ᠰᠡᠳᠬᠦᠯ ᠡᠷᠬᠢᠯᠡᠬᠦ ᠪᠠᠷᠢᠮᠵᠢᠶ᠎ᠠ ᠦᠨᠳᠦᠷ᠂ ᠰᠢᠬᠦᠮᠵᠢᠯᠡᠭᠴᠢᠳ ᠤ᠋ᠨ ᠬᠢᠷᠢ ᠲᠦᠪᠰᠢᠨ ᠦᠨᠳᠦᠷ ᠭᠡᠬᠦ ᠴᠢᠩᠭ᠎ᠠ ᠪᠠᠷᠢᠮᠵᠢᠶ᠎ᠠ ᠪᠡᠷ ᠦᠪᠡᠷ ᠢ᠋ ᠪᠠᠨ ᠱᠠᠭᠠᠷᠲᠠᠬᠰᠠᠭᠠᠷ ᠢᠷᠡᠵᠡᠢ ᠃
40 ᠵᠢᠯ ᠤ᠋ᠨ ᠲᠣᠷᠰᠢ᠂ 《ᠠᠯᠲᠠᠨ ᠲᠦᠯᠬᠢᠬᠦᠷ》 ᠰᠡᠳᠬᠦᠯ ᠨᠠᠮ ᠤ᠋ᠨ ᠣᠳᠬ᠎ᠠ ᠣᠷᠠᠯᠢᠬ ᠤ᠋ᠨ ᠱᠣᠭᠣᠮ᠂ ᠴᠢᠭᠯᠡᠯᠲᠡ᠂ ᠲᠦᠷᠦ ᠢ᠋ᠢᠨ ᠪᠣᠲᠣᠯᠭ᠎ᠠ ᠪᠡᠷ ᠵᠢᠯᠣᠭᠣᠲᠣᠯᠭᠠ ᠪᠣᠯᠭᠠᠵᠦ᠂ ᠪᠦᠬᠦ ᠣᠷᠣᠨ ᠤ᠋ ᠣᠳᠬ᠎ᠠ ᠣᠷᠠᠯᠢᠬ ᠤ᠋ᠨ ᠠᠵᠢᠯᠲᠠᠳ ᠢ᠋ ᠪᠦᠯᠬᠦᠮᠲᠡᠬᠦᠯᠦᠨ᠂ ᠠᠷᠠᠳ ᠲᠦᠮᠡᠨ ᠶ᠋ᠢᠡᠷ ᠭᠣᠣᠯ ᠪᠣᠯᠭᠠᠬᠰᠠᠨ ᠵᠣᠬᠢᠶᠠᠨ ᠪᠦᠲᠦᠭᠡᠯᠭᠡ ᠢ᠋ᠢᠨ ᠣᠲᠣᠷᠢᠲᠣᠮᠵᠢᠶᠢ ᠪᠠᠲᠣ ᠴᠣᠬᠴᠠᠯᠠᠵᠦ ᠂《ᠠᠮᠢᠲᠣᠷᠠᠯ ᠳ᠋ᠦ ᠬᠦᠨᠵᠡᠭᠡᠢᠷᠡᠨ᠂ ᠠᠷᠠᠳ ᠲᠦᠮᠡᠨ ᠤ᠋ ᠲᠣᠮᠲᠠ ᠬᠦᠨᠵᠡᠭᠡᠢᠷᠡᠬᠦ》 ᠵᠣᠬᠢᠶᠠᠨ ᠪᠦᠲᠦᠭᠡᠬᠦ ᠤᠢᠯᠠᠭᠠᠭᠳᠠᠬᠤᠨ ᠢ᠋ ᠦᠢᠯᠡᠲᠦᠯᠭᠡᠵᠢᠬᠦᠯᠵᠦ᠂ ᠣᠳᠬ᠎ᠠ ᠣᠷᠠᠯᠢᠬ ᠤ᠋ᠨ ᠰᠢᠬᠦᠮᠵᠢ ᠢ᠋ᠢᠨ 《ᠵᠣᠬᠢᠶᠠᠨ ᠪᠦᠲᠦᠭᠡᠯᠭᠡᠶᠢ ᠬᠦᠲᠦᠯᠦᠨ ᠵᠢᠯᠣᠭᠣᠳᠬᠣ᠂ ᠰᠢᠯᠢᠲᠡᠭ ᠪᠦᠲᠦᠭᠡᠯ ᠵᠣᠬᠢᠶᠠᠨ ᠪᠦᠲᠦᠭᠡᠬᠦ᠂ ᠭᠣᠸ᠎ᠠ ᠲᠠᠭᠠᠰᠢᠶᠠᠯ ᠢ᠋ ᠲᠡᠭᠡᠭᠰᠢᠯᠡᠬᠦᠯᠦᠨ᠂ ᠮᠣᠳ᠋ ᠣᠷᠣᠰᠬᠠᠯ ᠢ᠋ ᠲᠠᠭᠠᠭᠣᠯᠬᠣ》 ᠢᠲᠡᠪᠬᠢ ᠦᠢᠯᠡᠲᠦᠯ ᠢ᠋ ᠪᠠᠲᠠᠷᠠᠭᠣᠯᠣᠬᠰᠠᠭᠠᠷ ᠢᠷᠡᠵᠡᠢ᠃ ᠰᠡᠳᠬᠦᠯ ᠨᠢ ᠦᠪᠡᠷᠲᠡᠭᠡᠨ ᠵᠠᠰᠠᠬᠣ ᠣᠷᠣᠨ ᠤ᠋ ᠨᠠᠮ ᠤ᠋ᠨ ᠬᠣᠷᠢᠶ᠎ᠠ ᠵᠠᠰᠠᠬ ᠤ᠋ᠨ ᠣᠷᠲᠣᠨ ᠤ᠋ ᠭᠣᠣᠯ ᠪᠣᠯᠬᠣ ᠠᠵᠢᠯ ᠤ᠋ᠨ ᠲᠣᠭᠣᠷᠢᠨ ᠳ᠋ᠦ ᠪᠦᠬᠦ ᠲᠠᠯ᠎ᠠ ᠳ᠋ᠦ ᠦᠢᠯᠡᠴᠢᠯᠡᠨ᠂ ᠦᠯᠡᠮᠵᠢ ᠲᠣᠭᠠᠨ ᠤ᠋ ᠭᠣᠣᠯ ᠰᠡᠳᠦᠪᠲᠦ ᠣᠳᠬ᠎ᠠ ᠣᠷᠠᠯᠢᠬ ᠤ᠋ᠨ ᠰᠢᠬᠦᠮᠵᠢᠶᠢ ᠲᠤᠭᠤᠷᠪᠢᠨ ᠨᠡᠢᠳᠡᠯᠡᠵᠦ᠂ ᠮᠠᠨ ᠤ᠋ ᠣᠷᠣᠨ ᠤ᠋ ᠣᠳᠬ᠎ᠠ ᠣᠷᠠᠯᠢᠬ ᠤ᠋ᠨ ᠦᠢᠯᠡᠰ ᠤ᠋ᠨ ᠬᠦᠭᠵᠢᠯᠲᠡᠶᠢ ᠠᠬᠢᠭᠣᠯᠣᠨ᠂ ᠠᠷᠠᠳ ᠲᠦᠮᠡᠨ ᠤ᠋ ᠬᠠᠮᠲᠣ ᠢ᠋ᠢᠨ ᠣᠶᠣᠨ ᠰᠠᠨᠠᠭᠠᠨ ᠤ᠋ ᠭᠡᠷ ᠣᠷᠣᠨ ᠶ᠋ᠢᠡᠨ ᠴᠤᠭᠴᠠᠯᠠᠨ ᠪᠠᠢᠭᠣᠯᠵᠦ᠂ ᠲᠣᠮᠲᠠᠲᠣ ᠢ᠋ᠢᠨ ᠦᠨᠳᠦᠰᠦᠲᠡᠨ ᠤ᠋ ᠬᠠᠮᠲᠣ ᠢ᠋ᠢᠨ ᠴᠣᠬᠴᠠ ᠢ᠋ᠢᠨ ᠣᠬᠠᠮᠰᠠᠷ ᠢ᠋ ᠪᠠᠲᠣ ᠴᠣᠬᠴᠠᠯᠠᠬᠣ ᠳ᠋ᠦ ᠢᠲᠡᠪᠬᠢᠲᠡᠢ ᠦᠢᠯᠡᠲᠦᠯ ᠦᠵᠡᠬᠦᠯᠦᠭᠰᠡᠨ ᠶᠣᠮ ᠃
ᠴᠠᠬ ᠬᠣᠭᠣᠴᠠᠭ᠎ᠠ ᠣᠯᠠᠷᠢᠨ ᠰᠢᠨᠡᠲᠦᠭᠰᠡᠨ ᠴᠦ᠍ ᠴᠢᠭᠯᠡᠯ ᠵᠦᠭᠯᠡᠬᠦᠷᠶ᠋ᠢᠡᠨ ᠢᠮᠠᠬᠲᠠ ᠪᠠᠷᠢᠮᠲᠠᠯᠠᠬᠣ ᠬᠡᠷᠡᠭᠲᠡᠢ ᠃ ᠰᠢᠨ᠎ᠡ ᠴᠠᠬ ᠦᠶ᠎ᠡ ᠳ᠋ᠦ ᠦᠪᠦᠷ ᠮᠣᠩᠭᠣᠯ ᠤ᠋ᠨ ᠣᠳᠬ᠎ᠠ ᠣᠷᠠᠯᠢᠬ ᠤ᠋ᠨ ᠣᠨᠣᠯ ᠰᠢᠬᠦᠮᠵᠢ ᠢ᠋ᠢᠨ ᠴᠢᠬᠣᠯᠠ ᠲᠠᠪᠴᠠᠩ ᠪᠣᠯᠣᠬᠰᠠᠨ 《ᠠᠯᠲᠠᠨ ᠲᠦᠯᠬᠢᠬᠦᠷ》 ᠰᠡᠳᠬᠦᠯ 40 ᠵᠢᠯᠤᠨ ᠤᠢ ᠵᠢᠨ ᠭᠠᠷᠤᠭᠠᠨ ᠡᠴᠡ ᠪᠠᠨ ᠦᠪᠦᠷ ᠮᠣᠩᠭᠣᠯ ᠤ᠋ᠨ 《ᠠᠷᠪᠠᠨ ᠲᠦᠷᠪᠡᠲᠦᠭᠡᠷ ᠲᠠᠪᠣᠨ ᠵᠢᠯ》 ᠤ᠋ᠨ ᠲᠦᠯᠦᠪᠵᠢᠬᠦᠯᠭᠡ ᠢ᠋ᠢᠨ ᠡᠬᠢᠯᠡᠯᠲᠡ ᠢ᠋ᠢᠨ ᠬᠣᠭᠣᠴᠠᠭᠠᠨ ᠤ᠋ ᠣᠳᠬ᠎ᠠ ᠣᠷᠠᠯᠢᠬ ᠤ᠋ᠨ ᠵᠣᠬᠢᠶᠠᠨ ᠪᠦᠲᠦᠭᠡᠯᠭᠡ ᠪᠠ ᠣᠳᠬ᠎ᠠ ᠣᠷᠠᠯᠢᠬ ᠤ᠋ᠨ ᠰᠢᠬᠦᠮᠵᠢ ᠬᠠᠷᠢᠯᠴᠠᠨ ᠨᠦᠯᠦᠭᠡᠯᠡᠯᠴᠡᠨ ᠬᠠᠷᠢᠯᠴᠠᠨ ᠠᠬᠢᠭᠣᠯᠬᠣ ᠴᠢᠲᠠᠪᠬᠢᠶᠢ ᠬᠦᠢᠴᠡᠳ ᠠᠰᠢᠬᠯᠠᠨ᠂ ᠭᠣᠸ᠎ᠠ ᠵᠦᠢ ᠢ᠋ᠢᠨ ᠬᠠᠷᠠᠭ᠎ᠠ ᠪᠠᠨ ᠲᠡᠯᠡᠵᠦ᠂ ᠣᠳᠬ᠎ᠠ ᠣᠷᠠᠯᠢᠬ ᠤ᠋ᠨ ᠰᠢᠬᠦᠮᠵᠢ ᠢ᠋ᠢᠨ ᠴᠢᠭᠯᠡᠯ ᠢ᠋ ᠰᠠᠢᠲᠣᠷ ᠡᠵᠡᠮᠲᠡᠨ᠂ ᠨᠠᠮ ᠤ᠋ᠨ ᠣᠳᠬ᠎ᠠ ᠣᠷᠠᠯᠢᠬ ᠤ᠋ᠨ ᠲᠣᠬᠠᠢ ᠴᠢᠭᠯᠡᠯᠲᠡ᠂ ᠲᠦᠷᠦ ᠢ᠋ᠢᠨ ᠪᠣᠲᠣᠯᠭᠠᠶᠢ ᠴᠠᠬ ᠲᠣᠬᠠᠢ ᠳ᠋ᠣᠨᠢ ᠣᠬᠠᠭᠣᠯᠣᠨ ᠰᠣᠷᠲᠠᠯᠴᠢᠯᠠᠵᠦ᠂ ᠵᠣᠬᠢᠶᠠᠨ ᠪᠦᠲᠦᠭᠡᠯᠭᠡ ᠢ᠋ᠢᠨ ᠦᠢᠯᠡᠲᠦᠯᠭᠡᠶᠢ ᠣᠲᠣᠷᠢᠲᠣᠨ ᠲᠠᠭᠠᠭᠣᠯᠵᠦ᠂ ᠲᠣᠮᠲᠠᠲᠣ ᠢ᠋ᠢᠨ ᠦᠨᠳᠦᠰᠦᠲᠡᠨ ᠤ᠋ ᠬᠠᠮᠲᠣ ᠢ᠋ᠢᠨ ᠴᠣᠬᠴᠠ ᠢ᠋ᠢᠨ ᠣᠬᠠᠮᠰᠠᠷ ᠢ᠋ ᠪᠡᠬᠢᠵᠢᠬᠦᠯᠵᠦ᠂ ᠶᠡᠷᠦᠩᠬᠡᠢ ᠱᠦᠵᠢ ᠰᠢ ᠵᠢᠨ ᠫᠢᠩ ᠤ᠋ᠨ ᠣᠳᠬ᠎ᠠ ᠣᠷᠠᠯᠢᠬ ᠤ᠋ᠨ ᠠᠵᠢᠯ ᠪᠠ ᠦᠨᠳᠦᠰᠦᠲᠡᠨ ᠤ᠋ ᠠᠵᠢᠯ ᠤ᠋ᠨ ᠲᠣᠬᠠᠢ ᠴᠢᠬᠣᠯᠠ ᠵᠢᠭᠠᠪᠤᠷᠢ ᠢ᠋ᠢᠨ ᠵᠣᠷᠢᠬ ᠰᠠᠨᠠᠭ᠎ᠠᠶᠢ ᠪᠦᠬᠦ ᠲᠠᠯ᠎ᠠ ᠪᠡᠷ ᠲᠣᠭᠣᠰᠢᠯᠠᠭᠣᠯᠣᠨ᠂ ᠮᠣᠩᠭᠣᠯ ᠣᠷᠠᠨ ᠵᠣᠬᠢᠶᠠᠯ ᠤ᠋ᠨ ᠰᠢᠬᠦᠮᠵᠢ ᠢ᠋ᠢᠨ ᠴᠢᠨᠠᠷ ᠴᠢᠨᠰᠠᠭᠠᠶᠢ ᠦᠨᠡᠨᠬᠦ ᠳᠡᠭᠡᠭᠰᠢᠯᠡᠬᠦᠯᠦᠨ᠎ᠡ ᠭᠡᠵᠦ 《ᠠᠯᠲᠠᠨ ᠲᠦᠯᠬᠢᠬᠦᠷ 》 ᠰᠡᠳᠬᠦᠯ ᠤ᠋ᠨ ᠶᠡᠷᠦᠩᠬᠡᠢ ᠨᠠᠢᠷᠠᠭᠣᠯᠣᠬᠴᠢ ᠰᠣ·ᠡᠷᠳᠡᠨᠢ ᠰᠡᠳᠬᠦᠯ ᠤ᠋ᠨ ᠶ᠋ᠢᠡᠨ ᠬᠦᠭᠵᠢᠯᠲᠡᠶᠢ ᠪᠠᠷᠠᠯᠠᠵᠦ ᠢᠲᠡᠭᠡᠯ ᠵᠣᠷᠢᠬ ᠶ᠋ᠢᠡᠨ ᠬᠦᠪᠴᠢᠯᠡᠨ ᠶᠠᠷᠢᠵᠠᠢ ᠃
《 ᠠᠯᠲᠠᠨ ᠲᠦᠯᠬᠢᠬᠦᠷ 》 ᠤ᠋ᠨ ᠪᠠᠷᠢᠮᠲᠠᠯᠠᠯ
《ᠦᠨᠳᠦᠰᠦᠲᠡᠨ ᠤ᠋ ᠪᠠᠨ ᠰᠣᠶᠣᠯ ᠤ᠋ᠨ ᠦᠪ ᠬᠦᠷᠦᠩᠭᠡ ᠵᠢᠴᠢ ᠲᠡᠬᠦᠨ ᠢ᠋ ᠪᠦᠲᠦᠭᠡᠭᠴᠢᠳ ᠤ᠋ᠨ ᠲᠡᠦᠭᠡᠨ ᠭᠠᠪᠢᠶ᠎ᠠ᠂ ᠠᠪᠢᠶᠠᠰ ᠪᠢᠯᠢᠭ᠂ ᠣᠨᠴᠠᠯᠢᠬ ᠬᠡᠯᠪᠡᠷᠢᠶᠢ ᠨᠢ ᠰᠣᠲᠣᠯᠣᠨ ᠳ᠋ᠦᠩᠨᠡᠵᠦ ᠵᠠᠯᠭᠠᠮᠵᠢᠯᠠᠨ ᠪᠠᠲᠠᠷᠠᠭᠣᠯᠬᠣ ᠳ᠋ᠦ ᠬᠣᠪᠢ ᠨᠡᠮᠡᠷᠢ ᠪᠠᠨ ᠡᠷᠬᠦᠵᠦ᠂ ᠦᠨᠳᠦᠰᠦᠲᠡᠨ ᠪᠠ ᠠᠷᠠᠳ ᠲᠦᠮᠡᠨ ᠳ᠋ᠦ ᠬᠠᠩᠭᠠᠮᠵᠢᠲᠠᠢ᠂ ᠬᠦᠷᠢᠶᠡᠯᠡᠯᠲᠡᠢ᠂ ᠠᠬ᠎ᠠ ᠲᠡᠬᠦᠦ ᠦᠨᠳᠦᠰᠦᠲᠡᠨ ᠨᠣᠬᠦᠳ ᠲᠡᠭᠡᠨ ᠮᠠᠭᠳᠠᠭᠳᠠᠭᠰᠠᠨ᠂ ᠬᠦᠨᠳᠦᠳᠭᠡᠭᠳᠡᠭᠰᠡᠨ᠂ ᠲᠡᠦᠬᠡ ᠢ᠋ᠢᠨ ᠠᠯᠲᠠᠨ ᠱᠠᠰᠲᠢᠷ ᠲᠦ᠍ ᠲᠡᠮᠳᠡᠭᠯᠡᠭᠳᠡᠭᠰᠡᠨ᠂ ᠲᠤᠷᠠᠰᠬᠠᠭᠳᠠᠭᠰᠠᠨ ᠣᠷᠠᠨ ᠪᠦᠲᠦᠭᠡᠯ ᠤ᠋ᠤᠨ ᠤ᠋ᠨ ᠮᠠᠬᠲᠠᠭᠠᠯ ᠲᠠᠭᠣᠣ ᠪᠣᠯᠵᠦ᠂ ᠲᠡᠬᠦᠨ ᠤ᠋ ᠣᠷᠠᠨ ᠲᠠᠷᠬᠠᠳ — ᠣᠲᠣ ᠦᠶ᠎ᠡ ᠢ᠋ᠢᠨ ᠠᠯᠲᠠᠷᠲᠣ ᠵᠣᠬᠢᠶᠠᠯᠴᠢᠳ ᠤ᠋ᠨ ᠶ᠋ᠢᠡᠨ ᠲᠣᠲᠣᠨᠣ ᠬᠠᠨᠢ ᠪᠣᠯᠵᠦ ᠰᠣᠶᠣᠭᠠᠯᠠᠨ᠂ ᠵᠠᠯᠭᠠᠮᠵᠢᠯᠠᠬᠴᠢ ᠦᠶ᠎ᠡ ᠢ᠋ᠢᠨ ᠵᠠᠯᠠᠭᠣ ᠵᠣᠬᠢᠶᠠᠯᠴᠢᠳ ᠤ᠋ᠨᠶ᠋ᠢᠡᠨ ᠬᠢᠯᠠᠯᠵᠠᠮ᠎ᠠ ᠪᠦᠲᠦᠭᠡᠯ ᠭᠠᠷᠭᠠᠬᠣ ᠠᠶᠠᠨ ᠵᠠᠮ ᠤ᠋ᠨ ᠬᠢᠨᠢ ᠡᠷᠲᠡᠨᠢ ᠢ᠋ᠢᠨ ᠬᠦᠯᠦᠭ ᠲᠦ᠍ ᠮᠣᠷᠲᠠᠭᠣᠯᠣᠨᠠ》᠃ ᠡᠨᠡ ᠪᠣᠯ 《ᠠᠯᠲᠠᠨ ᠲᠦᠯᠬᠢᠬᠦᠷ》 ᠤ᠋ᠨ ᠪᠠᠷᠢᠮᠳᠠᠯᠠᠭᠰᠠᠭᠠᠷ ᠢᠷᠡᠭᠰᠡᠨ ᠬᠠᠲᠠᠭᠣ ᠪᠠᠷᠢᠮᠲᠠᠯᠠᠯ᠃
ᠦᠩᠭᠡᠷᠡᠭᠰᠡᠨ ᠲᠡᠦᠭᠡᠶᠢ ᠣᠷᠪᠠᠭᠣᠯᠵᠦ ᠰᠡᠬᠦᠪᠡᠯ᠂ ᠬᠣᠷᠢᠲᠣᠭᠠᠷ ᠵᠠᠭᠣᠨ ᠤ᠋ ᠲᠠᠪᠢ ᠵᠢᠷᠠᠭᠠᠳ ᠤᠨ ᠳ᠋ᠦ 《ᠦᠨᠢᠷ ᠴᠡᠴᠡᠭ》᠂ 《ᠦᠪᠦᠷ ᠮᠣᠩᠭᠣᠯ ᠤ᠋ᠨ ᠡᠳᠦᠷ ᠤ᠋ᠨ ᠰᠣᠨᠢᠨ》ᠵᠡᠷᠭᠡ ᠰᠣᠨᠢᠨ ᠰᠡᠳᠬᠦᠯ ᠶ᠋ᠢᠡᠷ ᠭᠣᠣᠯ ᠲᠠᠪᠴᠠᠩ ᠪᠣᠯᠭᠠᠨ ᠨᠡᠢᠲᠡᠯᠡᠭᠲᠡᠵᠦ ᠪᠠᠢᠬᠰᠠᠨ ᠣᠨᠣᠯ ᠰᠢᠬᠦᠮᠵᠢ ᠢ᠋ᠢᠨ ᠪᠦᠲᠦᠭᠡᠯ ᠨᠢ ᠲᠣᠬᠠᠢ ᠢ᠋ᠢᠨ ᠦᠶ᠎ᠡ ᠢ᠋ᠢᠨ ᠬᠡᠷᠡᠭᠵᠢᠬᠦᠯᠵᠦ ᠪᠠᠢᠬᠰᠠᠨ ᠨᠠᠮ ᠤ᠋ᠨ ᠣᠳᠬ᠎ᠠ ᠣᠷᠠᠯᠢᠬ ᠤ᠋ᠨ ᠴᠢᠭᠯᠡᠯᠲᠡ ᠲᠦᠷᠦ ᠢ᠋ᠢᠨ ᠪᠣᠲᠣᠯᠭ᠎ᠠ ᠶ᠋ᠢ ᠡᠷᠡᠰ ᠲᠣᠭᠣᠰᠢᠯᠠᠭᠣᠯᠣᠨ᠂ ᠵᠣᠬᠢᠶᠠᠨ ᠪᠦᠲᠦᠭᠡᠯᠭᠡ ᠢ᠋ᠢᠨ ᠬᠠᠨᠲᠣᠯᠭᠠ ᠴᠢᠭᠯᠡᠯ ᠢ᠋ ᠴᠠᠬ ᠲᠣᠬᠠᠢ ᠳ᠋ᠣᠨᠢ ᠵᠠᠯᠠᠨ ᠰᠢᠯᠣᠭᠣᠳᠬᠠᠵᠦ᠂ ᠰᠢᠯᠢᠲᠡᠭ ᠪᠦᠲᠦᠭᠡᠯ ᠢ᠋ ᠰᠢᠭᠣᠷᠬᠠᠢ ᠦᠨᠡᠯᠡᠨ ᠰᠢᠬᠦᠮᠵᠢᠯᠡᠵᠦ᠂ ᠠᠯᠲᠠᠭ᠎ᠠ ᠣᠨᠣᠭ᠎ᠠ ᠶ᠋ᠢ ᠨᠢ ᠬᠠᠯᠠᠭᠣᠨ ᠰᠡᠳᠬᠢᠯ ᠶ᠋ᠢᠡᠷ ᠵᠢᠭᠠᠨ ᠭᠠᠷᠭᠠᠵᠦ 《ᠬᠤᠶᠠᠷ ᠬᠦᠷᠲᠦ》 ᠂ 《ᠬᠣᠣᠰ ᠵᠢᠬᠦᠷ》 ᠤ᠋ᠨ ᠦᠢᠯᠡᠲᠦᠯ ᠢ᠋ ᠴᠢᠷᠮᠠᠢᠨ ᠪᠡᠶᠡᠯᠡᠬᠦᠯᠵᠦ ᠪᠠᠢᠵᠠᠢ ᠃ ᠦᠭᠡᠷᠡᠴᠢᠯᠡᠯᠲᠡ ᠨᠡᠭᠡᠭᠡᠯᠲᠡ ᠢ᠋ᠢᠨ ᠴᠠᠬ ᠦᠶ᠎ᠡ ᠪᠣᠶᠣ ᠰᠢᠨ᠎ᠠ ᠡᠷᠢᠨ ᠪᠣᠯᠬᠣ ᠳ᠋ᠦ 《ᠠᠯᠲᠠᠨ ᠲᠦᠯᠬᠢᠬᠦᠷ》 ᠰᠡᠳᠬᠦᠯ᠂ 《ᠮᠣᠩᠭᠣᠯ ᠬᠡᠯᠡ ᠣᠳᠬ᠎ᠠ ᠵᠣᠬᠢᠶᠠᠯ》ᠰᠡᠳᠬᠦᠯ ᠮᠡᠨᠳᠦᠯᠡᠵᠦ᠂ ᠡᠯ᠎ᠡ ᠶᠡᠬᠡ ᠲᠡᠭᠡᠳᠦ ᠰᠣᠷᠭᠠᠭᠣᠯᠢ ᠢ᠋ᠢᠨ ᠡᠷᠲᠡᠮ ᠰᠢᠨᠵᠢᠯᠡᠭᠡᠨ ᠤ᠋ ᠰᠡᠳᠬᠦᠯ ᠤ᠋ᠤᠨ ᠮᠣᠩᠭᠣᠯ ᠬᠡᠪᠯᠡᠯ ᠲᠠᠢ ᠪᠣᠯᠣᠬᠰᠠᠨ ᠡᠴᠡ ᠮᠣᠩᠭᠣᠯ ᠣᠳᠬ᠎ᠠ ᠵᠣᠬᠢᠶᠠᠯ ᠤ᠋ᠨ ᠣᠨᠣᠯ ᠰᠢᠬᠦᠮᠵᠢ ᠶ᠋ᠢᠨ ᠬᠦᠷᠢᠶ᠎ᠡ ᠴᠠᠷᠠᠭ᠎ᠠ ᠶᠡᠬᠡ ᠪᠡᠷ ᠦᠷᠭᠡᠲᠦᠨ ᠲᠡᠯᠡᠵᠦ᠂ ᠶᠡᠬᠡ ᠲᠡᠭᠡᠲᠦ ᠰᠣᠷᠭᠠᠭᠣᠯᠢ ᠢ᠋ᠢᠨ ᠪᠠᠬᠰᠢ᠂ ᠰᠣᠲᠣᠯᠬᠣ ᠰᠣᠷᠣᠬᠴᠢ ᠪᠣᠯᠣᠨ ᠣᠳᠬ᠎ᠠ ᠣᠷᠠᠯᠢᠬ ᠤ᠋ᠨ ᠡᠲᠡᠭᠡᠳ ᠤ᠋ᠨ ᠬᠢᠨ ᠤ᠋ ᠵᠠᠷᠢᠮ ᠣᠨᠣᠯ ᠰᠢᠬᠦᠮᠵᠢᠯᠡᠭᠴᠢᠳ ᠶ᠋ᠢᠡᠷ ᠦᠨᠳᠦᠰᠦᠨ ᠪᠦᠷᠢᠯᠳᠦᠬᠦᠨ ᠶ᠋ᠢᠡᠨ ᠪᠣᠯᠭᠠᠬᠰᠠᠨ ᠣᠨᠣᠯ ᠰᠢᠬᠦᠮᠵᠢ ᠶ᠋ᠢᠨ ᠡᠩᠨᠡᠭᠡ ᠦᠳᠲᠡᠷ ᠲᠦᠷᠭᠡᠨ ᠪᠦᠷᠢᠯᠲᠦᠵᠦ᠂ ᠣᠳᠬ᠎ᠠ ᠵᠣᠬᠢᠶᠠᠯ ᠤ᠋ᠨ ᠣᠨᠣᠯ ᠤ᠋ᠨ ᠰᠣᠲᠣᠯᠭᠠᠨ᠂ ᠣᠳᠬ᠎ᠠ ᠵᠣᠬᠢᠶᠠᠯ ᠤ᠋ᠨ ᠲᠡᠦᠭᠡ ᠢ᠋ᠢᠨ ᠲᠣᠭᠣᠷᠪᠢᠯ ᠪᠠ ᠣᠳᠬ᠎ᠠ ᠵᠣᠬᠢᠶᠠᠯ ᠤ᠋ᠨ ᠰᠢᠬᠦᠮᠵᠢ ᠭᠡᠬᠦ ᠭᠣᠷᠪᠠᠨ ᠶᠡᠬᠡ ᠲᠦᠷᠦᠯ ᠤ᠋ᠨ ᠰᠣᠲᠣᠯᠭᠠᠨ ᠴᠦᠮ ᠣᠷᠢᠲᠣ ᠡᠮᠦᠨ᠎ᠡ ᠭᠠᠷᠣᠭ᠎ᠠ ᠦᠭᠡᠢ ᠬᠦᠭᠵᠢᠯ ᠤ᠋ᠨ ᠱᠠᠲᠣᠨ ᠳ᠋ᠠᠭᠠᠨ ᠤᠷᠤᠵᠠᠢ ᠃
《 ᠠᠯᠲᠠᠨ ᠲᠦᠯᠬᠢᠬᠦᠷ》 ᠤ᠋ᠨ ᠭᠢᠯᠪᠠᠭ᠎ᠠ
40 ᠵᠢᠯ ᠤ᠋ᠨ ᠲᠣᠷᠰᠢ 《ᠠᠯᠲᠠᠨ ᠲᠦᠯᠬᠢᠬᠦᠷ》 ᠰᠡᠳᠬᠦᠯ 《ᠵᠣᠬᠢᠶᠠᠯ ᠪᠦᠲᠦᠭᠡᠯ ᠲᠣᠭᠣᠷᠪᠢᠨ ᠴᠢᠲᠠᠪᠣᠷᠢᠲᠠᠨ ᠬᠦᠮᠦᠵᠢᠬᠦᠯᠬᠦ 》 ᠠᠵᠢᠯ ᠤ᠋ᠨ ᠲᠣᠭᠣᠷᠢᠨ ᠳ᠋ᠦ᠂ ᠣᠳᠬ᠎ᠠ ᠣᠷᠠᠯᠢᠬ ᠤ᠋ᠨ ᠣᠨᠣᠯ ᠰᠢᠬᠦᠮᠵᠢ ᠢ᠋ᠢᠨ ᠪᠠᠢᠭᠣᠯᠣᠯᠲᠠ ᠶ᠋ᠢ ᠲᠦᠯᠬᠢᠨ ᠠᠬᠢᠭᠣᠯᠵᠦ᠂ ᠮᠠᠨ ᠤ᠋ ᠣᠷᠣᠨ ᠤ᠋ ᠣᠳᠬ᠎ᠠ ᠵᠣᠬᠢᠶᠠᠯ ᠣᠷᠠᠯᠢᠬ ᠤ᠋ᠨ ᠰᠢᠬᠦᠮᠵᠢᠯᠡᠭᠴᠢᠳ ᠤ᠋ᠨ ᠡᠩᠨᠡᠭᠡᠶᠢ ᠬᠦᠮᠦᠵᠢᠬᠦᠯᠦᠨ ᠪᠣᠵᠠᠭᠠᠢᠷᠠᠭᠣᠯᠬᠣ ᠂ ᠰᠢᠬᠦᠮᠵᠢ ᠰᠣᠲᠣᠯᠣᠯ ᠤ᠋ᠨ ᠬᠢᠷᠢ ᠲᠦᠪᠰᠢᠨ ᠢ᠋ ᠲᠡᠭᠡᠭᠰᠢᠯᠡᠬᠦᠯᠬᠦ ᠲᠠᠯ᠎ᠠ ᠪᠡᠷ ᠦᠯᠡᠮᠵᠢᠭᠡᠨ ᠵᠢᠳᠬᠦᠯ ᠦᠵᠡᠬᠦᠯᠦᠭᠰᠡᠨ ᠶᠣᠮ ᠃ ᠪᠦᠷᠢᠨ ᠪᠣᠰᠣ ᠪᠦᠷᠢᠳᠭᠡᠯ ᠢ᠋ ᠦᠨᠳᠦᠰᠦᠯᠡᠪᠡᠯ ᠂ ᠲᠣᠰ ᠰᠡᠳᠬᠦᠯ ᠳ᠋ᠦ ᠣᠷᠢᠳ ᠬᠣᠵᠢᠳ 1000 ᠭᠠᠷᠣᠢ ᠵᠣᠬᠢᠶᠠᠯᠴᠢ᠂ ᠰᠢᠬᠦᠮᠵᠢᠯᠡᠭᠴᠢ ᠮᠣᠩᠭᠣᠯ ᠬᠡᠯᠡᠨ ᠤ᠋ ᠣᠳᠬ᠎ᠠ ᠵᠣᠬᠢᠶᠠᠯ ᠤ᠋ᠨ ᠰᠢᠬᠦᠮᠵᠢ ᠦᠬᠦᠯᠡᠯ ᠨᠡᠢᠲᠡᠯᠡᠬᠦᠯᠵᠦ ᠂ ᠠᠬᠠᠮᠠᠳ ᠢᠲᠡᠷ ᠵᠠᠯᠠᠭᠣ ᠦᠶ᠎ᠡ ᠪᠡᠷ ᠪᠦᠷᠢᠯᠲᠦᠭᠰᠡᠨ ᠰᠢᠬᠦᠮᠵᠢᠯᠡᠭᠴᠢᠳ ᠤ᠋ᠨ ᠬᠦᠴᠦᠷᠭᠡᠭ ᠡᠩᠨᠡᠭᠡᠶᠢ ᠪᠦᠷᠢᠯᠳᠦᠭᠦᠯᠵᠡᠢ᠃ ᠡᠬᠦᠨ ᠳ᠋ᠦ ᠪᠦᠬᠦ ᠣᠯᠣᠰ ᠤ᠋ᠨ ᠴᠦᠭᠡᠨ ᠲᠣᠭᠠᠲᠣ ᠦᠨᠳᠦᠰᠦᠲᠡᠨ ᠤ᠋ ᠵᠣᠬᠢᠶᠠᠨ ᠪᠦᠲᠦᠭᠡᠯᠭᠡ ᠢ᠋ᠢᠨ 《ᠠᠵᠢᠨᠠᠢ》 ᠱᠠᠩᠨᠠᠯ ᠂ ᠪᠦᠬᠦ ᠣᠷᠣᠨ ᠤ᠋ ᠬᠦᠨ ᠣᠬᠠᠭᠠᠨ ᠨᠡᠢᠭᠡᠮ ᠤ᠋ᠨ ᠰᠢᠨᠵᠢᠯᠡᠬᠦ ᠣᠬᠠᠭᠠᠨ ᠤ᠋ ᠰᠢᠯᠢᠲᠡᠭ ᠪᠦᠲᠦᠭᠡᠯ ᠤ᠋ᠨ ᠱᠠᠩᠨᠠᠯ᠂ ᠪᠦᠬᠦ ᠣᠷᠣᠨ ᠤ᠋ 《ᠲᠠᠪᠣᠨ ᠨᠢᠭᠡ ᠢᠨᠵᠧᠨᠧᠷᠢᠩ》 ᠤ᠋ᠨ ᠱᠠᠩᠨᠠᠯ᠂ ᠦᠪᠦᠷ ᠮᠣᠩᠭᠣᠯ ᠤ᠋ᠨ ᠣᠳᠬ᠎ᠠ ᠵᠣᠬᠢᠶᠠᠯ ᠵᠤᠬᠢᠶᠠᠨ ᠪᠦᠲᠦᠭᠡᠯᠭᠡ ᠢ᠋ᠢᠨ 《ᠰᠣᠯᠣᠩᠭ᠎ᠠ》 ᠱᠠᠩᠨᠠᠯ᠂ ᠣᠷᠠᠯᠢᠬ ᠤ᠋ᠨ ᠪᠦᠲᠦᠭᠡᠯ ᠤ᠋ᠨ 《ᠰᠠᠷᠠᠨ᠎ᠠ》 ᠱᠠᠩᠨᠠᠯ ᠢ᠋ ᠬᠦᠷᠲᠡᠭᠰᠡᠨ ᠵᠣᠬᠢᠶᠠᠬᠴᠢ ᠰᠢᠬᠦᠮᠵᠢᠯᠡᠭᠴᠢ ᠵᠠᠭᠣ ᠭᠠᠷᠣᠢ ᠬᠦᠮᠦᠨ ᠪᠠᠢᠵᠦ ᠂ ᠣᠳᠬ᠎ᠠ ᠣᠷᠠᠯᠢᠬ ᠤ᠋ᠨ ᠰᠢᠬᠦᠮᠵᠢᠯᠡᠭᠴᠢᠳ ᠢ᠋ ᠬᠦᠮᠦᠵᠢᠬᠦᠯᠬᠦ ᠲᠣᠯᠠᠭᠠᠨ ᠦᠯᠦᠭᠡᠢ ᠪᠣᠯᠣᠬᠰᠠᠨ ᠠᠵᠢ᠃

《ᠠᠯᠲᠠᠨ ᠲᠦᠯᠬᠢᠬᠦᠷ》 ᠰᠡᠳᠬᠦᠯ ᠤ᠋ᠨ ᠬᠡᠪᠯᠡᠯ ᠡᠬᠢᠯᠡᠭᠰᠡᠨ 40 ᠵᠢᠯ ᠤ᠋ᠨ ᠣᠢ ᠶ᠋ᠢ ᠲᠣᠷᠠᠰᠬᠠᠬᠣ ᠶᠠᠷᠢᠯᠴᠠᠬᠣ ᠬᠣᠷᠠᠯ ᠳᠤ ᠤᠷᠤᠯᠴᠠᠭ᠍ᠰᠠᠳᠤᠨ ᠬᠠᠮᠲᠤ ᠶ᠋ᠢᠨ ᠰᠡᠭᠦᠳᠡᠷ
40 ᠵᠢᠯ ᠤ᠋ᠨ ᠲᠣᠷᠰᠢ 《ᠠᠯᠲᠠᠨ ᠲᠦᠯᠬᠢᠬᠦᠷ》 ᠰᠡᠳᠬᠦᠯ ᠭᠣᠣᠯᠲᠠᠭᠣ ᠦᠪᠦᠷ ᠮᠣᠩᠭᠣᠯ ᠤ᠋ᠨ ᠣᠳᠬ᠎ᠠ ᠵᠣᠬᠢᠶᠠᠯ ᠣᠷᠠᠯᠢᠬ ᠤ᠋ᠨ ᠵᠣᠬᠢᠶᠠᠨ ᠪᠦᠲᠦᠭᠡᠯᠭᠡᠶᠢ ᠦᠨᠡᠯᠡᠨ ᠰᠢᠬᠦᠮᠵᠢᠯᠡᠭᠰᠡᠨ ᠰᠢᠬᠦᠮᠵᠢ ᠪᠦᠲᠦᠭᠡᠯ᠂ ᠡᠷᠲᠡᠮ ᠰᠢᠨᠵᠢᠯᠡᠭᠡᠨ ᠤ᠋ ᠦᠬᠦᠯᠡᠯ ᠨᠡᠢᠲᠡ 4000 ᠭᠠᠷᠣᠢ ᠲᠦᠮᠡᠨ ᠦᠰᠦᠭ ᠤ᠋ᠨ ᠵᠣᠬᠢᠶᠠᠯ ᠨᠡᠢᠲᠡᠯᠡᠬᠦᠯᠪᠡ᠃ ᠡᠬᠦᠨ ᠳ᠋ᠦ ᠣᠷᠠᠨ ᠵᠣᠬᠢᠶᠠᠯ᠂ ᠰᠢ ᠵᠦᠴᠦᠭᠡ᠂ ᠺᠢᠨᠣ᠋ ᠲᠸᠯᠸᠢᠰ᠂ ᠠᠷᠠᠳ ᠤ᠋ᠨ ᠠᠮᠠᠨ ᠵᠣᠬᠢᠶᠠᠯ᠂ ᠣᠳᠬ᠎ᠠ ᠵᠣᠬᠢᠶᠠᠯ ᠤ᠋ᠨ ᠣᠨᠣᠯ᠂ ᠲᠠᠭᠣᠣ ᠬᠦᠭᠵᠢᠮ᠂ ᠣᠷᠠᠨ ᠵᠢᠷᠣᠬ᠂ ᠪᠦᠵᠢᠭ ᠵᠡᠷᠭᠡ ᠣᠯᠠᠨ ᠬᠦᠷᠢᠶ᠎ᠠ ᠴᠠᠷᠠᠭᠠᠶᠢ ᠬᠠᠮᠣᠷᠣᠬᠰᠠᠨ ᠦᠬᠦᠯᠡᠯ ᠰᠢᠬᠦᠮᠵᠢ ᠢ᠋ᠢᠨ ᠵᠣᠬᠢᠶᠠᠯ ᠪᠠᠬᠲᠠᠵᠦ᠂ ᠦᠪᠦᠷ ᠮᠣᠩᠭᠣᠯ ᠤ᠋ᠨ ᠣᠳᠬ᠎ᠠ ᠵᠣᠬᠢᠶᠠᠯ ᠣᠷᠠᠯᠢᠬ ᠤ᠋ᠨ ᠰᠢᠬᠦᠮᠵᠢᠯᠡᠯ ᠤ᠋ᠨ ᠴᠢᠨᠠᠷ ᠴᠢᠨᠰᠠᠭ᠎ᠠ᠂ ᠬᠢᠷᠢ ᠲᠦᠪᠰᠢᠨ ᠢ᠋ ᠶᠡᠷᠦᠩᠬᠡᠢᠯᠡᠨ ᠬᠠᠷᠠᠭᠣᠯᠣᠬᠰᠠᠨ ᠪᠠᠢᠨ᠎ᠠ᠃ ᠡᠬᠦᠨ ᠤ᠋ ᠬᠠᠮᠲᠣ ᠰᠡᠳᠬᠦᠯ ᠨᠢ ᠪᠠᠰᠠ ᠦᠪᠦᠷ ᠮᠣᠩᠭᠣᠯ ᠤ᠋ᠨ ᠮᠣᠩᠭᠣᠯ ᠣᠷᠠᠨ ᠵᠣᠬᠢᠶᠠᠯ ᠤ᠋ᠨ ᠰᠢᠬᠦᠮᠵᠢ ᠢ᠋ᠢᠨ ᠬᠢᠷᠢ ᠲᠦᠪᠰᠢᠨ ᠢ᠋ ᠲᠦᠯᠦᠭᠡᠯᠡᠨ ᠬᠠᠷᠠᠭᠣᠯᠣᠬᠰᠠᠨ ᠲᠣᠮᠣᠬᠠᠨ ᠬᠡᠮᠵᠢᠶᠡᠨ ᠤ᠋ ᠲᠣᠰᠬᠠᠢ ᠨᠣᠮ ᠪᠣᠯᠬᠣ 《ᠴᠡᠴᠡᠭᠲᠦ ᠲᠠᠯ᠎ᠠ ᠳ᠋ᠦ》᠂ 《ᠬᠣᠪᠢᠰᠣᠯᠲᠠ ᠬᠢᠭᠡᠳ ᠰᠢᠯᠵᠢᠯᠲᠡ — ᠦᠪᠦᠷ ᠮᠣᠩᠭᠣᠯ ᠤ᠋ᠨ ᠮᠣᠩᠭᠣᠯ ᠣᠳᠬ᠎ᠠ ᠵᠣᠬᠢᠶᠠᠯ ᠣᠷᠠᠯᠢᠬ ᠤ᠋ᠨ ᠰᠢᠬᠦᠮᠵᠢ ᠢ᠋ᠢᠨ ᠰᠣᠩᠭᠣᠮᠠᠯ》 ᠂ 《ᠮᠣᠩᠭᠣᠯ ᠣᠳᠬ᠎ᠠ ᠣᠷᠠᠯᠢᠬ ᠤ᠋ᠨ ᠰᠢᠬᠦᠮᠵᠢ ᠢ᠋ᠢᠨ ᠰᠢᠯᠢᠮᠡᠯ》 ᠵᠡᠷᠭᠡ ᠨᠣᠮ ᠤ᠋ᠤᠨ ᠢ᠋ ᠨᠠᠢᠷᠠᠭᠣᠯᠣᠨ ᠬᠡᠪᠯᠡᠬᠦᠯᠵᠡᠢ᠃
40 ᠵᠢᠯ ᠤ᠋ᠨ ᠲᠣᠷᠰᠢ 《ᠠᠯᠲᠠᠨ ᠲᠦᠯᠬᠢᠬᠦᠷ》 ᠰᠡᠳᠬᠦᠯ ᠮᠠᠨ ᠤ᠋ ᠣᠷᠣᠨ ᠤ᠋ ᠡᠯ᠎ᠡ ᠠᠢᠮᠠᠬ ᠬᠣᠲᠠ᠂ ᠬᠣᠰᠢᠭᠣ ᠰᠢᠶᠠᠨ ᠤ᠋ ᠵᠠᠰᠠᠬ ᠤ᠋ᠨ ᠣᠷᠲᠣᠨ᠂ ᠡᠷᠲᠡᠮ ᠰᠢᠨᠵᠢᠯᠡᠭᠡᠨ ᠤ᠋ ᠪᠠᠢᠭᠣᠯᠭ᠎ᠠ ᠨᠢᠭᠡᠴᠢ᠂ ᠶᠡᠬᠡ ᠲᠡᠭᠡᠲᠦ ᠰᠣᠷᠭᠠᠭᠣᠯᠢ ᠪᠣᠯᠣᠨ ᠡᠷᠲᠡᠮ ᠰᠢᠨᠵᠢᠯᠡᠭᠡᠨ ᠤ᠋ ᠪᠦᠯᠬᠦᠮ᠂ ᠰᠣᠨᠢᠨ ᠰᠡᠳᠬᠦᠯ ᠤ᠋ᠨ ᠬᠣᠷᠢᠶ᠎ᠠ ᠶ᠋ᠢᠨ ᠬᠢᠨ ᠲᠠᠢ ᠬᠠᠮᠵᠢᠯᠴᠠᠨ ᠣᠯᠠᠨ ᠵᠦᠢᠯ ᠤ᠋ᠨ ᠬᠡᠯᠪᠡᠷᠢ ᠪᠡᠷ ᠣᠳᠬ᠎ᠠ ᠵᠣᠬᠢᠶᠠᠯ ᠣᠷᠠᠯᠢᠬ ᠤ᠋ᠨ ᠰᠣᠲᠣᠯᠭᠠᠨ ᠤ᠋ ᠡᠷᠲᠡᠮ ᠰᠢᠨᠵᠢᠯᠡᠭᠡᠨ ᠤ᠋ ᠬᠣᠷᠠᠯ᠂ ᠵᠣᠬᠢᠶᠠᠨ ᠪᠦᠲᠦᠭᠡᠯᠭᠡ ᠢ᠋ᠢᠨ ᠰᠣᠲᠣᠯᠣᠨ ᠶᠠᠷᠢᠯᠴᠠᠬᠣ ᠬᠣᠷᠠᠯ᠂ ᠵᠣᠬᠢᠶᠠᠯᠴᠢ ᠣᠷᠠᠯᠢᠬᠴᠢ ᠰᠢᠬᠦᠮᠵᠢᠯᠡᠭᠴᠢᠳ ᠤ᠋ᠨ ᠪᠣᠯᠪᠠᠰᠣᠷᠠᠯ ᠤ᠋ᠨ ᠠᠩᠬᠢᠶᠢ ᠣᠷᠢᠳ ᠬᠣᠵᠢᠳ 200 ᠰᠢᠬᠠᠮ ᠣᠲᠠᠭ᠎ᠠ ᠵᠣᠬᠢᠶᠠᠨ ᠪᠠᠢᠭᠣᠯᠵᠦ ᠬᠠᠮᠵᠢᠯᠴᠠᠨ ᠡᠷᠬᠢᠯᠡᠭᠡᠳ᠂ ᠦᠪᠦᠷ ᠮᠣᠩᠭᠣᠯ ᠤ᠋ᠨ ᠣᠳᠬ᠎ᠠ ᠵᠣᠬᠢᠶᠠᠯ ᠣᠷᠠᠯᠢᠬ ᠤ᠋ᠨ ᠪᠦᠲᠦᠭᠡᠯ ᠢ᠋ ᠦᠨᠡᠯᠡᠨ ᠲᠡᠪᠰᠢᠬᠦᠯᠬᠦ᠂ ᠵᠣᠬᠢᠶᠠᠯᠴᠢ ᠣᠷᠠᠯᠢᠬᠴᠢᠳ ᠤ᠋ᠨ ᠨᠡᠢᠭᠡᠮ ᠤ᠋ᠨ ᠨᠡᠷ᠎ᠡ ᠨᠦᠯᠦᠭᠡᠶᠢ ᠦᠷᠭᠡᠳᠭᠡᠬᠦ᠂ ᠰᠢᠬᠦᠮᠵᠢᠯᠡᠭᠴᠢᠳ ᠤ᠋ᠨ ᠡᠩᠨᠡᠭᠡᠶᠢ ᠪᠣᠵᠠᠭᠠᠢᠷᠠᠭᠣᠯᠬᠣ ᠲᠠᠯ᠎ᠠ ᠪᠡᠷ ᠶᠡᠬᠡᠬᠡᠨ ᠵᠢᠳᠬᠦᠯ ᠦᠵᠡᠬᠦᠯᠦᠭᠰᠡᠨ ᠶᠣᠮ᠃《ᠠᠯᠲᠠᠨ ᠲᠦᠯᠬᠢᠬᠦᠷ》ᠰᠡᠳᠭᠦᠯ ᠣᠷᠢᠳ ᠬᠣᠵᠢᠳ 《ᠪᠦᠬᠦ ᠣᠷᠣᠨ ᠤ᠋ ᠵᠣᠬᠢᠶᠠᠯᠴᠢ ᠣᠳᠬ᠎ᠠ ᠣᠷᠠᠯᠢᠬ ᠤ᠋ᠨ ᠠᠵᠢᠯᠲᠠᠳ ᠤ᠋ᠨ ᠶᠠᠷᠢᠯᠴᠠᠬᠣ ᠬᠣᠷᠠᠯ》 ᠂ 《ᠪᠦᠬᠦ ᠣᠷᠣᠨ ᠤ᠋ ᠴᠦᠬᠡᠨ ᠲᠣᠭᠠᠲᠣ ᠦᠨᠳᠦᠰᠦᠲᠡᠨ ᠤ᠋ ᠣᠷᠠᠨ ᠵᠣᠬᠢᠶᠠᠯ ᠤ᠋ᠨ ᠵᠣᠬᠢᠶᠠᠨ ᠪᠦᠲᠦᠭᠡᠬᠦ ᠰᠣᠷᠣᠯᠴᠠᠬᠣ ᠠᠩᠬᠢ》 ᠂ 《ᠪᠦᠬᠦ ᠣᠷᠣᠨ ᠤ᠋ ᠮᠣᠩᠭᠣᠯ ᠷᠣᠮᠠᠨ ᠤ᠋ ᠰᠣᠲᠣᠯᠣᠨ ᠶᠠᠷᠢᠯᠴᠠᠬᠣ ᠬᠣᠷᠠᠯ》 ᠂ 《ᠪᠦᠬᠦ ᠣᠷᠣᠨ ᠤ᠋ ᠣᠳᠬ᠎ᠠ ᠣᠷᠠᠯᠢᠬ ᠤ᠋ᠨ ᠣᠨᠣᠯ ᠰᠢᠬᠦᠮᠵᠢ ᠢ᠋ᠢᠨ ᠰᠣᠲᠣᠯᠣᠨ ᠶᠠᠷᠢᠯᠴᠠᠬᠣ ᠬᠣᠷᠠᠯ》᠂ 《ᠠ᠊·ᠣᠳᠽᠠᠷ ᠤ᠋ᠨ ᠮᠡᠨᠳᠦᠯᠡᠭᠰᠡᠨ 95 ᠵᠢᠯ ᠤ᠋ᠨ ᠣᠢᠶᠢ ᠲᠣᠷᠠᠰᠬᠠᠬᠣ ᠰᠢᠷᠢᠰ ᠠᠵᠢᠯᠯᠠᠭ᠎ᠠ》᠂ 《ᠠᠯᠠᠱᠠ ᠢ᠋ᠢᠨ ᠵᠠᠯᠠᠭᠣ ᠰᠢᠯᠦᠭᠴᠢᠳ ᠤ᠋ᠨ ᠣᠷᠠᠨ ᠪᠦᠲᠦᠭᠡᠯ ᠤ᠋ᠨ ᠰᠣᠲᠣᠯᠣᠨ ᠶᠠᠷᠢᠯᠴᠠᠬᠣ ᠬᠣᠷᠠᠯ》 ᠁ ᠵᠡᠷᠭᠡᠶᠢ ᠵᠣᠬᠢᠶᠠᠨ ᠪᠠᠢᠭᠣᠯᠣᠬᠰᠠᠨ ᠪᠦᠭᠡᠳ ᠪᠠᠰᠠ ᠠᠮᠸᠷᠢᠺᠠ᠂ ᠠᠩᠭᠯᠢ᠂ ᠭᠸᠷᠮᠠᠨ᠂ ᠣᠷᠣᠰ᠂ ᠶᠠᠫᠣᠨ᠂ ᠮᠣᠩᠭᠣᠯ ᠣᠯᠣᠰ ᠵᠡᠷᠭᠡ ᠭᠠᠲᠠᠭᠠᠲᠣ ᠢ᠋ᠢᠨ ᠮᠣᠩᠭᠣᠯᠴᠢ ᠡᠷᠲᠡᠮᠲᠡᠳ᠂ ᠣᠨᠣᠯᠴᠢ᠂ ᠠᠯᠲᠠᠷᠲᠣ ᠵᠣᠬᠢᠶᠠᠯᠴᠢᠳ ᠤ᠋ᠨ ᠣᠨᠣᠯ ᠰᠢᠬᠦᠮᠵᠢ ᠢ᠋ᠢᠨ ᠪᠦᠲᠦᠭᠡᠯ ᠢ᠋ ᠴᠦ᠍ ᠴᠦᠭᠡᠨ ᠪᠣᠰᠣ ᠣᠷᠴᠢᠭᠣᠯᠣᠨ ᠨᠡᠢᠲᠡᠯᠡᠵᠦ᠂ ᠣᠩᠰᠢᠬᠴᠢ ᠲᠦᠮᠡᠨ ᠤ᠋ ᠪᠠᠨ ᠣᠶᠣᠨ ᠤ᠋ ᠬᠦᠷᠲᠡᠭᠡᠯ ᠪᠣᠯᠭᠠᠬᠰᠠᠨ ᠪᠠᠢᠭ᠎ᠠ᠃
《ᠠᠯᠲᠠᠨ ᠲᠦᠯᠬᠢᠬᠦᠷ》 ᠤ᠋ᠨ ᠢᠷᠡᠭᠡᠳᠦᠢ
2019 ᠤᠨ ᠳ᠋ᠦ ᠦᠪᠡᠷᠲᠡᠭᠡᠨ ᠵᠠᠰᠠᠬᠣ ᠣᠷᠣᠨ ᠤ᠋ ᠰᠣᠨᠢᠨ ᠮᠡᠳᠡᠭᠡ ᠬᠡᠪᠯᠡᠯ ᠤ᠋ᠨ ᠲᠣᠪᠴᠢᠶᠠᠨ ᠡᠴᠡ ᠡᠷᠬᠢᠯᠡᠨ ᠶᠠᠪᠣᠬᠲᠠᠭᠣᠯᠣᠬᠰᠠᠨ ᠬᠢᠨᠠᠨ ᠣᠩᠰᠢᠯᠲᠠ ᠳ᠋ᠦ 《ᠠᠯᠲᠠᠨ ᠲᠦᠯᠬᠢᠬᠦᠷ》 ᠰᠡᠳᠬᠦᠯ ᠨᠠᠢᠷᠠᠭᠣᠯᠭᠠ ᠬᠠᠷᠭᠣᠭᠣᠯᠭᠠ ᠶ᠋ᠢᠨ ᠴᠢᠨᠠᠷ ᠪᠣᠯᠣᠨ ᠶᠡᠷᠦᠩᠬᠡᠢ ᠴᠢᠨᠠᠷ ᠶ᠋ᠢᠡᠷ ᠬᠣᠣᠰ ᠰᠢᠯᠢᠲᠡᠭ ᠰᠡᠳᠬᠦᠯ ᠤ᠋ᠨ ᠴᠣᠯᠠ ᠬᠦᠷᠲᠡᠪᠡ᠃ ᠠᠮᠵᠢᠯᠲᠠ ᠪᠦᠲᠦᠭᠡᠯ ᠵᠦᠪᠬᠡᠨ ᠦᠩᠭᠡᠷᠡᠭᠰᠡᠨ ᠢ᠋ ᠲᠡᠮᠲᠡᠭᠯᠡᠲᠡᠭ᠃ ᠬᠣᠢᠰᠢᠲᠠ 《ᠠᠯᠲᠠᠨ ᠲᠦᠯᠬᠢᠬᠦᠷ》 ᠰᠡᠳᠬᠦᠯ ᠠᠷᠠᠳ ᠲᠦᠮᠡᠨ ᠤ᠋ ᠵᠣᠬᠰᠣᠴᠠ ᠡᠴᠡ ᠣᠳᠬ᠎ᠠ ᠣᠷᠠᠯᠢᠬ ᠤ᠋ᠨ ᠪᠦᠲᠦᠭᠡᠯ ᠢ᠋ ᠰᠣᠨᠢᠷᠬᠠᠨ ᠦᠨᠡᠯᠡᠬᠦ ᠪᠠᠨ ᠴᠢᠩᠭᠠᠳᠬᠠᠵᠦ᠂ ᠬᠡᠯᠪᠡᠷᠢ ᠲᠦᠷᠬᠦ ᠭᠣᠶᠣ᠂ ᠵᠢᠷᠣᠬ ᠰᠡᠬᠦᠲᠡᠷ ᠭᠣᠶᠣ᠂ ᠵᠣᠬᠢᠶᠠᠯ ᠪᠦᠲᠦᠭᠡᠯ ᠭᠣᠶᠣ ᠰᠡᠳᠬᠦᠯ ᠡᠷᠬᠢᠯᠡᠬᠦ ᠭᠡᠰᠡᠨ ᠬᠠᠷᠠᠯᠲᠠ ᠪᠠᠨ ᠲᠣᠬᠲᠠᠭᠠᠵᠦ ᠬᠢᠴᠢᠶᠡᠨ ᠵᠢᠳᠬᠦᠬᠦ ᠨᠢ ᠯᠠᠪᠳᠠᠢ᠃
ᠰᠢᠨ᠎ᠡ ᠴᠠᠬ ᠦᠶ᠎ᠡ ᠳ᠋ᠦ 《ᠠᠯᠲᠠᠨ ᠲᠦᠯᠬᠢᠬᠦᠷ》 ᠤ᠋ᠨ ᠬᠢᠨ ᠴᠠᠬ ᠦᠶ᠎ᠡ ᠲᠠᠢ ᠡᠩ ᠵᠡᠷᠭᠡᠴᠡᠨ ᠣᠷᠣᠬᠰᠢᠯᠠᠵᠦ᠂ ᠣᠳᠬ᠎ᠠ ᠣᠷᠠᠯᠢᠬ ᠤ᠋ᠨ ᠰᠢᠬᠦᠮᠵᠢ ᠢ᠋ᠢᠨ ᠪᠠᠷᠢᠮᠵᠢᠶ᠎ᠠ ᠪᠠᠨ ᠲᠡᠭᠡᠭᠰᠢᠯᠡᠬᠦᠯᠵᠦ᠂ ᠠᠷᠠᠳ ᠲᠦᠮᠡᠨ ᠢ᠋ ᠣᠳᠬ᠎ᠠ ᠣᠷᠠᠯᠢᠬ ᠤ᠋ᠨ ᠭᠣᠸ᠎ᠠ ᠲᠠᠭᠠᠰᠢᠶᠠᠯ ᠤ᠋ᠨ ᠠᠮᠲᠠᠷᠬᠠᠬᠴᠢ ᠪᠠ ᠰᠢᠬᠦᠮᠵᠢᠯᠡᠭᠴᠢ ᠪᠣᠯᠭᠠᠨ᠂ ᠣᠨᠣᠯ ᠢ᠋ᠢᠡᠷ ᠦᠬᠦᠯᠡᠯᠲᠡᠶᠢ ᠲᠣᠬᠲᠠᠭᠠᠵᠦ᠂ ᠲᠣᠷᠰᠢᠯᠭ᠎ᠠ ᠶ᠋ᠢᠨ ᠲᠦᠯᠬᠢᠬᠦᠷ᠂ ᠣᠨᠣᠯ ᠤ᠋ᠨ ᠵᠦᠭᠯᠡᠬᠦᠷ ᠪᠣᠯᠬᠣ ᠳ᠋ᠦ ᠢᠲᠡᠭᠡᠯ ᠲᠦᠬᠦᠷᠡᠩ᠃