— ᠰᠢᠨ᠎ᠡ ᠴᠠᠭ ᠦᠶᠡᠵᠢᠨ ᠤᠳᠬ᠎ᠠ ᠤᠷᠠᠯᠢᠭ ᠤ᠋ᠨ ᠰᠢᠭᠦᠮᠵᠢᠵᠢᠨ ᠴᠢᠨᠠᠷ ᠰᠠᠢᠲᠠᠢ ᠬᠦᠭᠵᠢᠯᠲᠠᠵᠢ ᠠᠬᠢᠭᠤᠯᠬᠤ ᠲᠤᠬᠠᠢ ᠰᠢᠷᠢᠰ ᠮᠡᠳᠡᠭᠡᠯᠡᠯ(ᠲᠠᠪᠤ)

《ᠲᠠᠯ᠎ᠠ ᠨᠤᠲᠤᠭ ᠤ᠋ᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ》 ᠵᠦᠴᠦᠭᠡ ᠵᠢᠨ ᠦᠵᠡᠭᠳᠡᠯ
ᠰᠦᠯᠵᠢᠶᠡᠨ ᠡᠴᠡ ᠠᠪᠤᠪᠠ
ᠤᠢᠷ᠎ᠠ ᠳ᠋ᠦ᠂ ᠦᠪᠦᠷ ᠮᠤᠡᠭᠭᠤᠯ ᠤ᠋ᠨ ᠤᠳᠬ᠎ᠠ ᠤᠷᠠᠯᠢᠭ ᠤ᠋ᠨ ᠡᠲᠡᠭᠡᠳ ᠤ᠋ᠨ ᠬᠢᠨ ᠳ᠋ᠤ ᠲᠥᠪᠦᠨ ᠤᠬᠠᠭᠤᠯᠬᠤ ᠬᠡᠯᠲᠡᠰ ᠵᠡᠷᠭᠡ ᠲᠠᠪᠤᠨ ᠰᠠᠯᠠᠭ᠎ᠠ ᠮᠥᠴᠢᠷᠦᠨ ᠬᠠᠮᠲᠤᠷᠠᠨ ᠳᠠᠷᠤᠮᠠᠯᠯᠠᠵᠤ ᠲᠠᠷᠬᠠᠭᠠᠭ᠍ᠰᠠᠨ 《ᠱᠢᠨ᠎ᠡ ᠴᠠᠭ ᠦᠶ᠎ᠡ ᠶ᠋ᠢᠨ ᠤᠳᠭ᠎ᠠ ᠤᠷᠠᠯᠢᠭ ᠤ᠋ᠨ ᠱᠢᠭᠦᠮᠵᠢ ᠶ᠋ᠢᠨ ᠠᠵᠢᠯ ᠢ᠋ ᠴᠢᠩᠭᠠᠳᠭᠠᠬᠤ ᠲᠤᠬᠠᠶ ᠵᠢᠯᠣᠭᠣᠳᠭᠤ ᠰᠠᠨᠠᠯ》 (ᠳᠣᠷᠣᠭ᠍ᠰᠢ 《ᠰᠠᠨᠠᠯ》 ᠭᠡᠵᠦ᠍ ᠲᠣᠪᠴᠢᠯᠠᠨ᠎ᠠ) ᠢ᠋ ᠰᠤᠷᠤᠯᠴᠠᠬᠤ ᠬᠠᠯᠠᠭᠤᠨ ᠦᠷᠨᠢᠯᠲᠡ ᠭᠠᠷᠴᠠᠢ᠃ ᠦᠪᠦᠷ ᠮᠤᠡᠭᠭᠤᠯ ᠤ᠋ᠨ ᠵᠤᠬᠢᠶᠠᠯᠴᠢᠳ ᠤ᠋ᠨ ᠡᠪᠯᠡᠯ ᠤ᠋ᠨ ᠵᠦᠪᠯᠡᠭᠴᠢ᠂ ᠦᠪᠦᠷ ᠮᠤᠡᠭᠭᠤᠯ ᠤ᠋ᠨ ᠤᠷᠠᠯᠢᠭ ᠤ᠋ᠨ ᠳᠡᠭᠡᠳᠦ ᠰᠤᠷᠭᠠᠭᠤᠯᠢᠵᠢᠨ ᠫᠷᠤᠹᠸᠰᠰᠤᠷ ᠯᠢ ᠱᠦ᠍ ᠷᠥᠡᠭ᠂ ᠦᠪᠦᠷ ᠮᠤᠡᠭᠭᠤᠯ ᠤ᠋ᠨ ᠤᠷᠠᠯᠢᠭ ᠤ᠋ᠨ ᠳᠡᠭᠡᠳᠦ ᠰᠤᠷᠭᠠᠭᠤᠯᠢᠵᠢᠨ ᠪᠠᠭᠰᠢ ᠶᠠᠡᠭ ᠲᠠᠨ᠎ᠠ ᠬᠤᠶᠠᠭᠤᠯᠠ ᠤᠳᠭ᠎ᠠ ᠤᠷᠠᠯᠢᠭ ᠤ᠋ᠨ ᠱᠢᠭᠦᠮᠵᠢ ᠨᠢ ᠴᠤᠬᠤᠮ ᠶᠠᠮᠠᠷ ᠨᠡᠢᠭᠡᠮᠦᠨ ᠬᠠᠷᠢᠭᠤᠴᠠᠯᠭ᠎ᠠ ᠪᠠ ᠡᠭᠦᠷᠭᠡᠯᠡᠯᠲᠡᠶ ᠪᠠᠢᠪᠠᠯ ᠵᠣᠬᠢᠬᠤ ᠪᠤᠢ? ᠭᠡᠬᠦ ᠠᠰᠠᠭᠤᠯᠲᠠᠵᠢᠨ ᠲᠤᠭᠤᠷᠢᠨᠳᠤ᠂ ᠲᠤᠰ ᠲᠤᠰ ᠤ᠋ᠨ ᠶ᠋ᠢᠡᠨ 40 ᠱᠢᠬᠠᠮ ᠵᠢᠯᠦᠨ ᠱᠢᠭᠦᠮᠵᠢ ᠶ᠋ᠢᠨ ᠠᠵᠢᠯ ᠤ᠋ᠨ ᠦᠢᠯᠡᠳᠦᠯᠭᠡᠲᠠᠢ ᠪᠠᠨ ᠤᠶᠠᠯᠳᠤᠭᠤᠯᠤᠨ᠂ ᠬᠠᠪᠰᠤᠷᠤᠨ ᠵᠢᠯᠣᠭᠣᠳᠭᠤ᠂ ᠬᠦᠳᠦᠯᠦᠨ ᠵᠢᠯᠣᠭᠣᠳᠭᠤ᠂ ᠰᠠᠨᠠᠭᠠᠴᠢᠯᠠᠨ ᠤᠷᠢᠶᠠᠯᠠᠬᠤ ᠵᠡᠷᠭᠡ ᠭᠤᠷᠪᠠᠨ ᠡᠭᠦᠷᠭᠡ ᠬᠠᠷᠢᠭᠤᠴᠠᠯᠭᠠᠵᠢ ᠬᠤᠷᠢᠶᠠᠡᠭᠭᠤᠢᠯᠠᠨ ᠭᠠᠷᠭᠠᠵᠤ᠂ ᠲᠠᠷᠠᠴᠢᠯᠠᠨ ᠤᠯᠠᠨ ᠲᠠᠢ ᠰᠠᠨᠠᠯ ᠪᠤᠳᠤᠯ ᠶ᠋ᠢᠡᠨ ᠬᠤᠪᠢᠶᠠᠯᠴᠠᠭᠰᠠᠨ ᠪᠠᠢᠨ᠎ᠠ ᠃
《ᠰᠠᠨᠠᠯ》 ᠳ᠋ᠤ ᠂ 《ᠲᠤᠰᠭᠠᠶ ᠮᠡᠷᠭᠡᠵᠢᠯᠦᠨ ᠡᠷᠬᠡ ᠰᠦᠷᠲᠦ ᠤᠳᠭ᠎ᠠ ᠤᠷᠠᠯᠢᠭ ᠤ᠋ᠨ ᠱᠢᠭᠦᠮᠵᠢ ᠦᠷᠨᠢᠭᠦᠯᠬᠦ ᠭᠡᠷᠡᠭᠲᠡᠢ》 ᠭᠡᠵᠦ ᠵᠢᠭᠠᠵᠤ ᠭᠠᠷᠭᠠᠵᠠᠢ᠃ ᠲᠠᠷᠤᠢ ᠤᠳᠭ᠎ᠠ ᠤᠷᠠᠯᠢᠭ ᠤ᠋ᠨ ᠰᠢᠭᠦᠮᠵᠢᠯᠡᠭᠴᠢᠳ ᠦᠪᠡᠷ ᠤ᠋ᠨ ᠢᠲᠡᠭᠡᠭᠦᠯᠬᠦ᠌ ᠬᠦᠴᠦᠨ ᠪᠠ ᠨᠡᠷ᠎ᠠ ᠬᠦᠨᠳᠤᠳ᠋ᠡᠭᠡᠨ ᠲᠦᠰᠢᠭᠯᠡᠨ ᠥᠷᠭᠡᠨ ᠣᠯᠠᠨ ᠠᠷᠠᠳ ᠲᠦᠮᠡᠨ ᠢ᠋ ᠬᠠᠪᠰᠤᠷᠤᠨ ᠡᠯ᠎ᠡ ᠲᠥᠷᠥᠯᠦᠨ ᠤᠳᠭ᠎ᠠ ᠤᠷᠠᠯᠢᠭ ᠤ᠋ᠨ ᠪᠦᠲᠦᠭᠡᠯᠦᠨ ᠤᠬᠢ ᠰᠢᠮᠡᠵᠢ ᠤᠢᠯᠠᠭᠠᠭᠤᠯᠬᠤᠵᠢ ᠠᠬᠢᠭᠤᠯᠵᠤ᠂ ᠪᠦᠲᠦᠭᠡᠯ ᠤ᠋ᠨ ᠠᠭᠤᠯᠤᠭᠳᠠᠬᠤᠨ ᠢ᠋ ᠣᠢᠯᠠᠭᠠᠬᠤ ᠦᠭᠡᠶ ᠪᠤᠶᠤ ᠨᠠᠵᠠᠭᠠᠢ ᠪᠤᠷᠤᠭᠤ ᠤᠢᠯᠠᠭᠠᠬᠤ ᠡᠴᠡ ᠵᠠᠢᠯᠠᠰᠭᠢᠯᠭᠡᠨᠡ᠃ 《ᠲᠤᠰᠭᠠᠢ ᠮᠡᠷᠭᠡᠵᠢᠯᠦᠨ ᠡᠷᠬᠡ ᠰᠦᠷᠲᠦ ᠤᠳᠭ᠎ᠠ ᠤᠷᠠᠯᠢᠭ ᠤ᠋ᠨ ᠱᠢᠭᠦᠮᠵᠢ》 ᠪᠢᠴᠢᠬᠦ ᠳ᠋ᠤ ᠱᠢᠭᠦᠮᠵᠢᠯᠡᠭ᠌ᠴᠢᠵᠢᠨ ᠬᠤᠪᠢ ᠳ᠋ᠤ᠂ ᠣᠨᠴᠠᠭᠠᠢ ᠤᠷᠠᠯᠢᠭ ᠤ᠋ᠨ ᠲᠦᠷᠦᠯ ᠤ᠋ᠨ ᠪᠡᠶᠡᠳᠦ ᠰᠤᠳᠤᠯᠭᠠᠨ ᠬᠢᠬᠦ ᠴᠢᠳᠠᠪᠤᠷᠢ᠂ ᠪᠦᠲᠦᠭᠡᠯᠦᠨ ᠠᠭᠤᠯᠭ᠎ᠠ ᠪᠠ ᠬᠡᠯᠪᠡᠷᠢ ᠶ᠋ᠢ ᠬᠤᠪᠢᠰᠤᠩᠭᠤᠢᠪᠠᠷ ᠡᠵᠡᠮᠱᠢᠬᠦ᠌ ᠴᠢᠳᠠᠪᠤᠷᠢ᠂ ᠴᠠᠭ ᠦᠶᠡᠵᠢᠨ ᠤᠨᠴᠠᠯᠢᠭ ᠡᠴᠡ ᠡᠭᠦᠰᠴᠤ ᠪᠦᠲᠦᠭᠡᠯ ᠤ᠋ᠨ ᠦᠷᠲᠡᠭ ᠤ᠋ᠨ ᠬᠡᠯᠪᠡᠷᠢᠯ ᠢ᠋ ᠪᠤᠯᠪᠠᠰᠤᠷᠠᠭᠤᠯᠬᠤ ᠴᠢᠳᠠᠪᠤᠷᠢᠵᠢ ᠪᠦᠷᠢᠯᠳᠦᠭᠦᠯᠦᠭᠰᠡᠨ ᠪᠠᠢᠬᠤ ᠬᠡᠷᠡᠭᠲᠡᠢ᠃
ᠤᠷᠠᠯᠢᠭ ᠤ᠋ᠨ ᠪᠡᠶᠡᠳᠦ ᠰᠤᠳᠤᠯᠭᠠᠨ ᠤ᠋ ᠬᠤᠪᠢ ᠳ᠋ᠤ᠂ ᠱᠢᠭᠦᠮᠵᠢᠯᠡᠭ᠌ᠴᠢ ᠬᠡᠷᠪᠡ ᠡᠯ᠎ᠡ ᠤᠷᠠᠯᠢᠭ ᠤ᠋ᠨ ᠲᠦᠷᠦᠯ ᠵᠦᠢᠯᠦᠨ 《ᠴᠢᠨᠠᠷ ᠤ᠋ᠨ ᠲᠣᠭ᠍ᠲᠠᠭᠠᠯᠲᠤ ᠴᠢᠨᠠᠷ》 ᠢ᠋ ᠭᠦᠨᠵᠡᠭᠡᠢ ᠣᠢᠯᠠᠭᠠᠬᠤ ᠦᠭᠡᠢ ᠪᠣᠯ ᠱᠢᠭᠦᠮᠵᠢᠪᠡᠷ ᠳᠠᠮᠵᠢᠭᠤᠯᠤᠨ ᠰᠣᠨᠢᠷᠬᠠᠭ᠍ᠴᠢᠳ ᠢ᠋ ᠬᠠᠪᠰᠤᠷᠤᠨ ᠵᠢᠯᠣᠭᠣᠳᠴᠤ᠌ ᠤᠷᠠᠯᠢᠭ ᠤ᠋ᠨ ᠪᠦᠲᠦᠭᠡᠯᠦᠨ ᠭᠤᠤ᠎ᠠ ᠰᠠᠢᠬᠠᠨᠤ ᠠᠭᠤᠯᠤᠭ᠍ᠳᠠᠬᠤᠨ ᠢ᠋ ᠮᠡᠳᠡᠷᠡᠭᠦᠯᠵᠦ ᠴᠢᠳᠠᠬᠤ ᠦᠭᠡᠢ ᠶᠤᠮ ᠃ ᠬᠡᠷᠪᠡ ᠬᠦᠭᠵᠢᠮ ᠤ᠋ᠨ ᠬᠦᠭᠵᠢᠮ ᠬᠡᠮᠡᠭᠳᠡᠬᠦ ᠴᠢᠨᠠᠷ ᠤ᠋ᠨ ᠲᠣᠭ᠍ᠲᠠᠭᠠᠯᠲᠤ ᠴᠢᠨᠠᠷ ᠢ᠋ ᠡᠵᠡᠮᠱᠢᠵᠦ᠍ ᠳᠡᠢᠯᠬᠦ᠌ ᠥᠬᠡᠶ ᠪᠣᠯ ᠬᠦᠭᠵᠢᠮ ᠤ᠋ᠨ ᠥᠩᠭᠡ᠂ ᠠᠢᠵᠠᠮ ᠂ ᠬᠦᠭ᠂ ᠳᠠᠭᠤᠷᠢᠰᠬᠤᠯᠠᠩ᠂ ᠠᠶᠠᠯᠪᠤᠷᠢ᠂ ᠳᠠᠪᠬᠤᠷ ᠠᠶᠠᠯᠭᠤ ᠂ ᠤᠷᠺᠧᠰᠲᠷᠠ ᠵᠡᠷᠭᠡ ᠠᠳᠠᠯᠢ ᠪᠤᠰᠤ ᠲᠠᠰ ᠳᠠᠪᠬᠤᠷᠭᠠᠠᠴᠠ ᠲᠠᠢᠯᠤᠮᠵᠢ ᠬᠢᠬᠦ᠌ ᠳ᠋ᠤ ᠪᠡᠷᠬᠡ ᠶᠤᠮ᠃ ᠬᠡᠷᠪᠡ ᠤᠷᠠᠨ ᠵᠢᠷᠤᠭ ᠤ᠋ᠨ ᠤᠷᠠᠨ ᠵᠢᠷᠤᠭ ᠬᠡᠮᠡᠭᠳᠡᠬᠦ ᠴᠢᠨᠠᠷ ᠤ᠋ᠨ ᠲᠣᠭ᠍ᠲᠠᠭᠠᠯᠲᠤ ᠴᠢᠨᠠᠷ ᠢ᠋ ᠡᠵᠡᠮᠱᠢᠵᠦ᠍ ᠴᠢᠳᠠᠬᠤ ᠥᠬᠡᠶ ᠪᠣᠯ ᠬᠠᠪᠲᠠᠭᠠᠶ ᠶ᠋ᠢᠨ ᠪᠦᠷᠢᠯᠳᠦᠯ᠂ ᠪᠡᠶᠡᠲᠦ ᠪᠦᠷᠢᠯᠳᠦᠯ᠂ ᠥᠩᠭᠡ ᠪᠤᠳᠤᠭ ᠤ᠋ᠨ ᠪᠦᠷᠢᠯᠳᠦᠯ ᠵᠡᠷᠭᠡ ᠬᠠᠷᠠᠭᠠᠰᠤᠠᠴᠠ ᠤᠭ ᠪᠦᠲᠦᠭᠡᠯ ᠢ᠋ ᠰᠤᠨᠢᠷᠬᠠᠬᠤ ᠳ᠋ᠤ ᠬᠠᠪᠰᠤᠷᠤᠮᠵᠢ ᠪᠤᠯᠬᠤ ᠮᠡᠷᠭᠡᠵᠢᠯ ᠤ᠋ᠨ ᠦᠨᠡᠯᠡᠯᠳᠡ ᠦᠭᠴᠤ ᠴᠢᠳᠠᠬᠤ ᠦᠭᠡᠢ ᠶᠤᠮ ᠃ ᠬᠡᠷᠪᠡ ᠺᠢᠨᠣ᠋ ᠶ᠋ᠢᠨ ᠺᠢᠨᠣ᠋ ᠬᠡᠮᠡᠭᠳᠡᠬᠦ ᠴᠢᠨᠠᠷ ᠤ᠋ᠨ ᠲᠣᠭ᠍ᠲᠠᠭᠠᠯᠲᠤ ᠴᠢᠨᠠᠷ ᠢ᠋ ᠡᠵᠡᠮᠱᠢᠵᠦ᠍ ᠳᠡᠢᠯᠬᠦ᠌ ᠥᠬᠡᠶ ᠪᠣᠯ ᠵᠦᠴᠦᠭᠡ ᠶ᠋ᠢᠨ ᠵᠣᠬᠢᠶᠠᠯ᠂ ᠲᠣᠭ᠍ᠯᠠᠯᠲᠠ᠂ ᠳᠦᠷᠰᠦ ᠱᠢᠩᠭᠡᠭᠡᠯᠲᠡ᠂ ᠤᠷᠠᠨ ᠵᠢᠷᠤᠭ᠂ ᠳᠠᠭᠤᠤ ᠬᠥᠭ᠌ᠵᠢᠮ ᠵᠡᠷᠭᠡ ᠶᠡᠷᠦᠩᠬᠡᠢᠯᠡᠭ᠌ᠰᠡᠨ ᠬᠦᠴᠦᠨᠦ ᠥᠨᠳᠥᠷᠴᠡᠡᠴᠡ ᠤᠷᠠᠯᠢᠭ ᠤ᠋ᠨ ᠵᠠᠳᠠᠯᠤᠯᠲᠠ ᠬᠢᠬᠦ᠌ ᠳ᠋ᠤ ᠪᠡᠷᠬᠡ ᠶᠤᠮ᠃ ᠡᠢᠮᠦ᠍ᠡᠴᠡ᠂ ᠬᠥᠮᠦᠰ ᠨᠢᠭᠡ ᠪᠦᠲᠦᠭᠡᠯ ᠢ᠋ ᠬᠦᠯᠢᠶᠡᠨ ᠠᠪᠬᠤ ᠳ᠋ᠤ 《ᠪᠡᠶᠡᠳᠦ ᠤᠨᠤᠯ》 ᠤ᠋ᠨ ᠬᠠᠷᠠᠭᠠᠰᠤ ᠪᠡᠷ ᠳᠤᠲᠠᠮᠠᠭ ᠦᠶ᠎ᠡ ᠳ᠋ᠤ᠂ ᠲᠤᠰᠬᠠᠢ ᠮᠡᠷᠭᠡᠵᠢᠯ ᠤ᠋ᠨ ᠱᠢᠭᠦᠮᠵᠢᠯᠡᠭ᠌ᠴᠢ ᠶ᠋ᠢᠨ ᠬᠠᠷᠠᠯᠳᠠᠳᠤ ᠵᠢᠯᠤᠭᠤᠳᠤᠮᠵᠢ ᠶ᠋ᠢ ᠱᠠᠭᠠᠷᠳᠠᠨ᠎ᠠ ᠃
《ᠰᠠᠨᠠᠯ》 ᠳ᠋ᠤ ᠂ 《 ᠤᠳᠭ᠎ᠠ ᠤᠷᠠᠯᠢᠭ ᠤ᠋ᠨ ᠱᠢᠭᠦᠮᠵᠢ ᠶ᠋ᠢᠨ ᠴᠢᠭ᠌ᠯᠡᠯ ᠢ᠋ ᠰᠠᠢᠲᠤᠷ ᠡᠵᠡᠮᠳᠡᠬᠦ᠌ ᠬᠡᠷᠡᠭ᠌ᠲᠡᠶ᠃ ᠵᠥᠪ ᠴᠢᠭ᠌ᠯᠡᠯᠵᠢᠡᠷ ᠤᠳᠤᠷᠢᠳᠤᠮᠵᠢ ᠪᠣᠯᠭᠠᠬᠤ ᠶ᠋ᠢ ᠪᠠᠷᠢᠮᠲᠠᠯᠠᠵᠤ᠂ ᠤᠳᠭ᠎ᠠ ᠤᠷᠠᠯᠢᠭ ᠤ᠋ᠨ ᠱᠢᠭᠦᠮᠵᠢ ᠶ᠋ᠢᠨ ᠨᠡᠢᠭᠡᠮᠦᠨ ᠦᠷ᠎ᠡ ᠪᠦᠲᠦᠮᠵᠢ ᠶ᠋ᠢ ᠴᠢᠬᠤᠯᠠᠴᠢᠯᠠᠨ᠂ ᠦᠨᠡᠨ ᠰᠠᠢ᠌ᠨ ᠰᠠᠢᠬᠠᠨ ᠢ᠋ ᠪᠠᠳᠠᠷᠠᠭᠤᠯᠵᠤ᠂ ᠬᠤᠳᠠᠯ ᠮᠠᠭᠤ ᠮᠠᠭᠤᠬᠠᠢ ᠶ᠋ᠢ ᠱᠢᠭᠦᠮᠵᠢᠯᠡᠨ ᠨᠢᠴᠤᠭᠠᠵᠤ᠂ ᠪᠤᠯᠬᠢ ᠪᠦᠳᠦᠭᠦᠯᠢᠭ ᠳᠤᠤᠷᠠᠲᠤ ᠳᠤᠷᠠᠰᠢᠯ ᠤ᠋ᠨ ᠵᠣᠬᠢᠶᠠᠯ ᠪᠦᠲᠦᠭᠡᠯ ᠪᠠ ᠬᠡᠳᠦ ᠵᠤᠭ᠎ᠠ ᠴᠡᠩᠭᠡᠯ ᠢ᠋ ᠠᠬᠢᠭᠤᠯᠬᠤ ᠬᠦᠴᠦᠨ ᠪᠤᠯᠵᠤ ᠪᠤᠯᠬᠤ ᠦᠭᠡᠢ》ᠭᠡᠵᠦ ᠱᠠᠭᠠᠷᠳᠠᠵᠠᠢ᠃ ᠡᠢᠮᠦ᠍ᠡᠴᠡ᠂ ᠰᠢᠭᠦᠮᠵᠢᠯᠡᠭᠴᠢᠳ ᠤᠷᠠᠯᠢᠭ ᠰᠤᠨᠢᠷᠬᠠᠬᠤ ᠠᠡᠭᠬᠠᠨᠤ ᠱᠠᠲᠤᠨ ᠳ᠋ᠠᠭᠠᠨ ᠰᠤᠨᠢᠷᠬᠠᠭᠴᠢᠳ ᠲᠦ᠍ ᠦᠵᠡᠭᠦᠯᠬᠦ 《ᠬᠠᠪᠰᠤᠷᠤᠮᠵᠢ ᠵᠢᠯᠤᠭᠤᠳᠤᠮᠵᠢ》ᠨᠢ ᠭᠤᠤᠯᠳᠠᠭᠤ ᠤᠳᠬ᠎ᠠ ᠠᠭᠤᠯᠭ᠎ᠠ ᠲᠠᠢ ᠪᠠᠢᠬᠤ ᠳᠡᠭᠡᠷ᠎ᠠ ᠪᠠᠢᠵᠤ᠂ ᠳᠤᠮᠳᠠ ᠱᠠᠲᠤᠨ ᠳ᠋ᠤ ᠪᠤᠯᠬᠤ ᠳ᠋ᠤ ᠭᠤᠤᠯᠳᠠᠭᠤ ᠦᠨᠳᠦᠰᠦ ᠪᠠᠷᠢᠮᠳᠠ ᠲᠠᠢ᠂ ᠵᠦᠢ ᠵᠤᠬᠢᠰᠳᠠᠢ 《ᠬᠦᠲᠦᠯᠦᠨ ᠵᠢᠯᠤᠭᠤᠳᠬᠤ》 ᠳ᠋ᠤ ᠬᠦᠷᠬᠦ ᠪᠤᠯᠤᠨ᠎ᠠ᠃ ᠤᠴᠢᠷ ᠨᠢ᠂ ᠡᠨᠡ ᠪᠣᠯ ᠤᠳᠭ᠎ᠠ ᠤᠷᠠᠯᠢᠭ ᠤ᠋ᠨ ᠰᠣᠨᠢᠷᠬᠠᠭ᠍ᠴᠢᠳᠯᠤᠭᠠ ᠶ᠋ᠢᠨ ᠶᠠᠷᠢᠯᠴᠠᠭ᠎ᠠ ᠪᠤᠯᠬᠤ ᠮᠥᠷᠲᠡᠭᠡᠨ ᠤᠳᠭ᠎ᠠ ᠤᠷᠠᠯᠢᠭ ᠤ᠋ᠨ ᠵᠣᠬᠢᠶᠠᠨ ᠪᠦᠲᠦᠭᠡᠭ᠌ᠴᠢᠳᠯᠦᠭᠡ ᠶ᠋ᠢᠨ ᠶᠠᠷᠢᠯᠴᠠᠭ᠎ᠠ ᠪᠣᠯᠬᠤ ᠶᠤᠮ ᠃
ᠥᠪᠥᠷ ᠮᠣᠩᠭᠣᠯ ᠤ᠋ᠨ ᠤᠷᠠᠯᠢᠭ ᠤ᠋ᠨ ᠳᠡᠭᠡᠳᠦ ᠰᠤᠷᠭᠠᠭᠤᠯᠢ ᠶ᠋ᠢᠨ ᠪᠥᠵᠢᠭ᠌ᠲᠦ ᠵᠦᠴᠦᠭᠡ 《ᠲᠠᠯ᠎ᠠ ᠨᠤᠲᠤᠭ ᠤ᠋ᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ 》 2019 ᠣᠨ ᠳ᠋ᠤ ᠸᠸᠨ ᠬᠤᠸᠠ ᠶᠡᠬᠡ ᠱᠠᠩᠨᠠᠯ ᠢ᠋ ᠬᠦᠷᠳᠡᠵᠤ ᠂ ᠤᠯᠠᠨ ᠤ᠋ ᠠᠩᠬᠠᠷᠤᠯ ᠢ᠋ ᠲᠠᠲᠠᠵᠠᠢ ᠃ 384 ᠬᠣᠨᠢ ᠶ᠋ᠢ ᠬᠠᠮᠠᠭᠠᠯᠠᠬᠤ ᠶ᠋ᠢᠨ ᠲᠥᠯᠥᠭᠡ ᠂ 11 ᠨᠠᠰᠤᠲᠠᠶ ᠯᠥᠩ ᠮᠧᠶ ᠪᠣᠯᠤᠨ 9 ᠨᠠᠰᠤᠲᠠᠶ ᠢᠦᠶ ᠷᠥᠩ ᠴᠠᠰᠤ ᠱᠢᠭᠤᠷᠭᠠᠨ ᠳ᠋ᠤ ᠳᠠᠭᠠᠷᠠᠵᠤ ᠲᠦᠭᠡᠷᠢᠨ ᠂ ᠢᠦᠶ ᠷᠥᠩ ᠨᠢᠭᠡ ᠬᠥᠯ ᠶ᠋ᠢᠡᠨ ᠠᠯᠳᠠᠭᠰᠠᠨ ᠪᠠᠢᠨ᠎ᠠ ᠂ ᠢᠩᠬᠢᠬᠦ ᠴᠢᠬᠤᠯᠠ ᠲᠠᠢ ᠦᠦ ? ᠡᠭᠦᠨ ᠢ᠋ ᠤᠷᠠᠯᠢᠭ ᠤ᠋ᠨ ᠪᠦᠲᠦᠭᠡᠯᠵᠢᠡᠷ ᠳᠠᠬᠢᠨ ᠢᠯᠡᠷᠡᠭᠦᠯᠬᠦ᠌ ᠬᠡᠷᠡᠭ ᠲᠠᠢ ᠤᠤ ? ᠭᠡᠵᠦ ᠵᠠᠷᠢᠮ ᠬᠦᠮᠦᠨ ᠰᠡᠵᠢᠭᠯᠡᠵᠦ ᠭᠠᠢᠬᠠᠰᠢᠷᠠᠨᠠ ᠃ ᠠᠯᠢ ᠤᠯᠠᠨ ᠬᠦᠮᠦᠨ ᠢᠩᠬᠢᠵᠦ ᠪᠤᠳᠤᠭᠰᠠᠨ ᠨᠢ ᠳᠠᠮᠵᠢᠭ ᠦᠭᠡᠢ᠃ ᠬᠠᠷᠢᠨ ᠤᠳᠭ᠎ᠠ ᠤᠷᠠᠯᠢᠭ ᠤ᠋ᠨ ᠱᠢᠭᠦᠮᠵᠢᠯᠡᠭ᠌ᠴᠢᠳ ᠪᠦᠬᠦ᠌ ᠵᠦᠴᠦᠭᠡ ᠳ᠋ᠤ ᠱᠠᠳᠤ ᠱᠠᠳᠤ ᠪᠡᠷ ᠵᠠᠳᠠᠯᠤᠯᠲᠠ ᠬᠢᠬᠦ᠌ᠪᠡᠷ ᠳᠠᠮᠵᠢᠨ᠂ ᠬᠥᠮᠦᠰ ᠢ᠋ ᠬᠥᠲᠥᠯᠥᠨ ᠵᠢᠯᠣᠭᠣᠳᠴᠤ᠌ ᠪᠦᠲᠦᠭᠡᠯᠦᠨ ᠭᠣᠣᠯ ᠦᠵᠡᠯ ᠰᠠᠨᠠᠭ᠎ᠠ ᠶ᠋ᠢ ᠵᠥᠪ ᠤᠨᠤᠪᠴᠢᠲᠠᠢ ᠤᠢᠯᠠᠭᠠᠭᠤᠯᠵᠤ ᠴᠢᠳᠠᠨ᠎ᠠ᠃ ᠤᠳᠤ ᠶ᠋ᠢᠨ ᠪᠠᠭᠠᠴᠤᠳ ᠬᠡᠦᠬᠡᠳᠦᠨ ᠣᠯᠠᠩᠬᠢ ᠨᠢ ᠬᠥᠮᠦᠨᠦ ᠭᠠᠭ᠍ᠴᠠ ᠦᠷ᠎ᠡ ᠪᠠᠢᠵᠤ᠂ ᠬᠡᠳᠦ ᠪᠦᠪᠡᠢᠯᠡᠭᠳᠡᠨ ᠦᠰᠴᠤ ᠪᠠᠢᠨ᠎ᠠ᠃ ᠡᠢᠮᠦ᠍ᠡᠴᠡ᠂ ᠲᠡᠳᠡᠭᠡᠷ ᠪᠢᠴᠢᠭᠦᠨ ᠪᠣᠭ᠍ᠴᠣ ᠡᠭᠦᠷᠦᠭᠰᠡᠨ ᠴᠢᠨᠠᠭᠰᠢᠯᠠᠪᠡᠯ ᠬᠡᠤᠬᠡᠳ ᠶ᠋ᠢᠡᠨ ᠡᠭᠦᠷᠦᠭᠰᠡᠨ ᠭᠡᠷᠦᠨ ᠠᠬᠠᠮᠠᠳ ᠶᠠᠮᠠᠷ ᠴᠦ᠍ ᠳᠠᠪᠠᠭᠤᠯᠤᠯ ᠦᠭᠡᠢ ᠡᠩ ᠤ᠋ᠨ ᠪᠠᠢᠳᠠᠯ ᠶ᠋ᠢᠡᠷ ᠲᠠᠢᠰᠠᠨ ᠳᠡᠭᠡᠷ᠎ᠡ ᠢᠯᠡᠷᠡᠬᠦ᠌ ᠦᠶᠡᠰ᠂ ᠤᠳᠤᠬᠠᠨᠤ ᠨᠡᠢᠭᠡᠮ ᠤ᠋ᠨ ᠲᠦᠭᠡᠮᠡᠯ ᠦᠵᠡᠭ᠌ᠳᠡᠯᠦᠵᠡᠭᠴᠢᠳ ᠤ᠋ᠨ ᠬᠠᠷᠠᠭᠠᠨ ᠳ᠋ᠤ ᠲᠤᠳᠤᠷᠠᠨ᠎ᠠ᠃ ᠲᠡᠭᠦᠨᠴᠢᠯᠡᠨ᠂ ᠢᠦᠢ ᠷᠦᠩ ᠤ᠋ᠨ ᠨᠢᠭᠡ ᠬᠦᠯᠨᠢ ᠬᠦᠯᠳᠡᠵᠦ ᠭᠡᠮᠳᠦᠭᠰᠡᠨ ᠳ᠋ᠤ ᠡᠭᠡᠴᠢᠨᠢ ᠦᠷᠦᠪᠳᠤᠨ ᠥᠬᠢᠨ ᠳᠡᠭᠦᠦ᠍ ᠪᠡᠨ ᠡᠭᠦᠷᠴᠦ᠍ ᠶᠠᠪᠤᠬᠤ ᠳ᠋ᠤ᠂ ᠢᠦᠢ ᠷᠦᠩ 《 ᠨᠢᠭᠡ᠂ ᠬᠣᠶᠠᠷ ᠂ ᠭᠤᠷᠪᠠ ᠂ ᠳᠥᠷᠪᠡ ᠂ ᠲᠠᠪᠤ ᠁ 》 ᠭᠡᠵᠦ ᠲᠤᠭᠠᠯᠠᠵᠤ ᠶᠠᠪᠤᠬᠤ ᠦᠵᠡᠭᠳᠡᠯ ᠨᠢ ᠬᠦᠮᠦᠰ ᠤ᠋ᠨ ᠰᠡᠳᠬᠢᠯ ᠢ᠋ ᠶᠡᠬᠡᠳᠡ ᠬᠦᠨᠳᠡᠵᠠᠢ ᠃ ᠲᠤᠬᠠᠢ ᠶ᠋ᠢᠨ ᠦᠶ᠎ᠡ ᠳ᠋ᠤ ᠢᠦᠶ ᠷᠦᠩ ᠡᠪᠡᠳᠬᠦ᠌ᠪᠡᠨ ᠨᠢᠭᠡᠨᠲᠡ ᠮᠠᠷᠲᠠᠵᠤ ᠂ 《 ᠬᠣᠨᠢᠨ ᠰᠦᠷᠦᠭ ᠪᠣᠯ ᠨᠢᠭᠡᠳᠦᠯᠦᠨ ᠬᠢ ᠂ ᠨᠢᠭᠡ ᠶ᠋ᠢ ᠴᠦ᠍ ᠠᠯᠳᠠᠵᠤ ᠪᠣᠯᠬᠤ ᠥᠬᠡᠶ ! 》 ᠭᠡᠰᠡᠨ ᠠᠪᠤ ᠶ᠋ᠢᠨ ᠶ᠋ᠢᠡᠨ ᠨᠠᠢᠳᠠᠯᠭ᠎ᠠ ᠶ᠋ᠢ ᠯᠡ ᠮᠠᠷᠳᠠᠯ ᠦᠭᠡᠢ ᠴᠡᠭᠡᠵᠢᠯᠡᠵᠦ ᠪᠠᠢᠯ᠎ᠠ᠃ ᠡᠨᠳᠡ ᠂ ᠨᠢᠭᠡ ᠦᠭᠡ ᠬᠦᠮᠦᠰ ᠤ᠋ᠨ ᠰᠡᠳᠬᠢᠯ ᠵᠢᠷᠦᠭᠡ ᠶ᠋ᠢ ᠲᠤᠩᠰᠤᠯᠭᠠᠨᠠ ᠃ ᠬᠠᠷᠢᠭᠤᠴᠠᠯᠭ᠎ᠠ ! ᠬᠠᠷᠢᠭᠤᠴᠠᠯᠭ᠎ᠠ ! ᠬᠡᠦᠬᠡᠳᠦᠨ ᠬᠠᠷᠢᠭᠤᠴᠠᠯᠭᠠᠲᠤ ᠰᠡᠳᠭᠢᠯᠭᠡ ᠶ᠋ᠢ ᠬᠥᠮᠦᠵᠢᠭᠦᠯᠬᠦ᠌ ᠪᠣᠯ ᠵᠤᠬᠢᠶᠠᠭᠴᠢ ᠶ᠋ᠢᠨ ᠭᠤᠤᠯ ᠰᠠᠨᠠᠭ᠎ᠠ᠂ ᠪᠠᠰᠠ ᠴᠤ᠌ ᠪᠦᠬᠦ᠌ ᠵᠦᠴᠦᠭᠡ ᠶ᠋ᠢᠨ ᠬᠢᠯᠡᠰ ᠴᠡᠭ ! ᠦᠵᠡᠭ᠌ᠴᠢᠳ ᠢ᠋ ᠬᠥᠲᠥᠯᠥᠨ ᠵᠢᠯᠣᠭᠣᠳᠴᠤ᠌ ᠪᠦᠲᠦᠭᠡᠯᠦᠨ ᠭᠣᠣᠯ ᠦᠵᠡᠯ ᠰᠠᠨᠠᠭ᠎ᠠ ᠶ᠋ᠢ ᠣᠢᠯᠠᠭᠠᠭᠤᠯᠵᠤ ᠴᠢᠳᠠᠬᠤ ᠡᠰᠡᠬᠦ᠌ ᠪᠣᠯ ᠤᠳᠭ᠎ᠠ ᠤᠷᠠᠯᠢᠭ ᠤ᠋ᠨ ᠱᠢᠭᠦᠮᠵᠢᠯᠡᠭ᠌ᠴᠢ ᠶ᠋ᠢᠨ ᠬᠠᠷᠢᠭᠤᠴᠠᠯᠭ᠎ᠠ ᠪᠠ ᠡᠭᠦᠷᠭᠡᠯᠡᠯ ᠮᠥᠨ᠃
ᠤᠳᠭ᠎ᠠ ᠤᠷᠠᠯᠢᠭ ᠤ᠋ᠨ ᠱᠢᠭᠦᠮᠵᠢ ᠬᠤᠭᠤᠰᠤᠨ ᠦᠭᠡ ᠶᠠᠷᠢᠬᠤᠵᠢ ᠬᠠᠮᠤᠭ ᠡᠴᠡ ᠴᠡᠭᠡᠷᠯᠡᠳᠡᠭ᠃ ᠤᠳᠭ᠎ᠠ ᠤᠷᠠᠯᠢᠭ ᠤ᠋ᠨ ᠱᠢᠭᠦᠮᠵᠢ ᠨᠢ ᠭᠠᠭ᠍ᠴᠠ ᠬᠦ᠌ ᠤᠭ ᠪᠦᠲᠦᠭᠡᠯᠳ᠋ᠤ ᠰᠠᠭᠤᠷᠢᠯᠠᠨ᠂ ᠵᠦᠢ ᠶᠤᠰᠤ ᠲᠠᠢ᠂ ᠦᠨᠳᠦᠰᠦ ᠪᠠᠷᠢᠮᠲᠠᠲᠠᠶ ᠰᠢᠭᠦᠮᠵᠢᠯᠡᠪᠡᠯ ᠰᠠᠶᠢ ᠤᠯᠠᠨ ᠲᠦᠮᠡᠨᠲᠡᠶ ᠤᠢᠷᠠᠳᠴᠤ᠂ ᠴᠤᠭ ᠪᠠᠳᠠᠷᠠᠩᠭᠤᠢ ᠠᠮᠢᠵᠢᠷᠠᠯ ᠤ᠋ᠨ ᠬᠦᠴᠦᠨᠲᠡᠶ ᠪᠤᠯᠵᠤ ᠴᠢᠳᠠᠨ᠎ᠠ ᠃
《ᠰᠠᠨᠠᠯ》 ᠳ᠋ᠤ ᠂ 《ᠤᠳᠭ᠎ᠠ ᠤᠷᠠᠯᠢᠭ ᠤ᠋ᠨ ᠱᠢᠭᠦᠮᠵᠢ ᠶ᠋ᠢᠨ ᠪᠠᠷᠢᠮᠵᠢᠶ᠎ᠠ ᠶ᠋ᠢ ᠲᠡᠭᠦᠯᠳᠡᠷᠵᠢᠭᠦᠯᠬᠦ᠌》 ᠳ᠋ᠤ 《 ᠪᠦᠲᠦᠭᠡᠯ ᠡᠴᠡ ᠡᠭᠦᠰᠭᠦ ᠶ᠋ᠢ ᠪᠠᠷᠢᠮᠲᠠᠯᠠᠬᠤ ᠬᠡᠷᠡᠭ᠌ᠲᠡᠢ 》 ᠂ 《ᠤᠯᠤᠰ ᠲᠦᠷᠦᠴᠢ ᠴᠢᠨᠠᠷ᠂ ᠤᠷᠠᠯᠢᠭ᠍ᠴᠢ ᠴᠢᠨᠠᠷ᠂ ᠨᠡᠢᠭᠡᠮᠦᠨ ᠲᠤᠰᠭᠠᠯ᠂ ᠵᠠᠬ᠎ᠠ ᠳᠡᠯᠭᠡᠭᠦᠷᠦᠨ ᠬᠦᠷᠢᠶᠡᠯᠡᠯ ᠢ᠋ ᠨᠢᠭᠡᠳᠭᠡᠵᠦ᠂ ᠨᠡᠢᠭᠡᠮᠦᠨ ᠦᠷ᠎ᠡ ᠠᠱᠢᠭ᠂ ᠨᠡᠢᠭᠡᠮᠦᠨ ᠦᠷᠳᠡᠭ ᠢ᠋ ᠲᠡᠷᠢᠭᠦᠨ ᠳ᠋ᠤ ᠲᠠᠯᠪᠢᠬᠤ ᠬᠡᠷᠡᠭ᠌ᠲᠡᠢ᠃ ᠨᠠᠩ ᠣᠯᠠᠨ ᠴᠢᠨᠠᠷᠯᠢᠭ᠂ ᠶᠤᠰᠤ ᠰᠤᠷᠲᠠᠬᠤᠨᠲᠠᠶ᠂ ᠬᠠᠢᠷ᠎ᠠ ᠰᠡᠳᠬᠢᠯᠭᠡᠲᠠᠢ ᠱᠢᠯᠢᠳᠡᠭ ᠪᠦᠲᠦᠭᠡᠯ ᠢ᠋ ᠤᠩᠱᠢᠭ᠍ᠴᠢᠳᠲᠤ ᠲᠠᠨᠢᠯᠴᠠᠭᠤᠯᠬᠤ ᠬᠡᠷᠡᠭ᠌ᠲᠡᠶ》 ᠭᠡᠵᠦ ᠵᠢᠭᠠᠵᠤ ᠭᠠᠷᠭᠠᠵᠢ ᠃ ᠡᠨᠡ ᠨᠢ ᠲᠣᠳᠣᠷᠬᠠᠢ ᠦᠷᠳᠡᠭᠦᠨ ᠬᠠᠨᠳᠤᠰᠢᠪᠠᠷ ᠬᠦᠯᠢᠶᠡᠨ ᠠᠪᠤᠭ᠍ᠴᠢᠵᠢᠨ ᠭᠦᠨᠵᠡᠭᠡᠢ ᠶᠤᠰᠤ ᠰᠤᠷᠳᠠᠬᠤᠨ ᠤ᠋ ᠪᠡᠶᠡᠴᠢ ᠤᠢᠯᠠᠭᠠᠯᠳᠠ ᠶ᠋ᠢᠨ ᠰᠠᠭᠤᠷᠢᠨ ᠳ᠋ᠤ ᠵᠥᠪ ᠣᠨᠣᠪᠴᠢᠲᠠᠢ ᠭᠤᠤ᠎ᠠ ᠲᠠᠭᠠᠱᠢᠶᠠᠯ ᠤ᠋ᠨ ᠪᠠᠷᠢᠮᠵᠢᠶ᠎ᠠ ᠶ᠋ᠢ ᠪᠤᠢ ᠪᠤᠯᠭᠠᠬᠤᠵᠢ ᠤᠷᠢᠶᠠᠯᠠᠬᠤ ᠴᠢᠬᠤᠯᠠ ᠲᠠᠢ᠃ ᠱᠢᠭᠦᠮᠵᠢᠯᠡᠭ᠌ᠴᠢ ᠶ᠋ᠢᠨ ᠡᠭᠦᠷᠭᠡ ᠬᠠᠷᠢᠭᠤᠴᠠᠯᠭ᠎ᠠ ᠪᠣᠯ ᠠᠰᠠᠭᠤᠳᠠᠯ ᠢ᠋ ᠵᠢᠭᠠᠨ ᠭᠠᠷᠭᠠᠬᠤ ᠶ᠋ᠢᠨ ᠬᠠᠮᠲᠤ᠂ ᠨᠡᠢᠭᠡᠮ ᠨᠡᠢᠲᠡ ᠳ᠋ᠤ ᠭᠦᠨ ᠭᠦᠨᠵᠡᠭᠡᠢ ᠶᠤᠰᠤ ᠰᠤᠷᠲᠠᠬᠤᠨᠤᠪᠡᠶᠡᠴᠢ ᠣᠢᠯᠠᠭᠠᠯᠲᠠ ᠤᠯᠵᠤ᠂ ᠥᠭᠡᠳᠡᠷᠬᠡᠭ ᠦᠭᠬᠢᠶᠡᠮᠦᠷ ᠦᠷᠲᠡᠭᠦᠨ ᠪᠠᠷᠢᠮᠵᠢᠶ᠎ᠠ ᠶ᠋ᠢ ᠪᠤᠢ ᠪᠤᠯᠭᠠᠬᠤ ᠶ᠋ᠢ ᠤᠷᠢᠶᠠᠯᠠᠬᠤ ᠶᠠᠪᠤᠳᠠᠯ ᠪᠣᠯᠤᠨ᠎ᠠ ᠃
ᠠᠮᠢᠳᠤᠷᠠᠯ ᠳ᠋ᠤ ᠤᠢᠷᠠᠳᠪᠠᠯ ᠰᠠᠶᠢ ᠵᠣᠬᠢᠶᠠᠯ ᠪᠦᠲᠦᠭᠡᠯ ᠳ᠋ᠡᠭᠡᠨ ᠴᠢᠩ ᠦᠨᠡᠨᠴᠢ ᠬᠠᠢᠷ᠎ᠠ ᠰᠡᠳᠭᠢᠯᠭᠡ ᠶ᠋ᠢ ᠢᠯᠡᠷᠡᠭᠦᠯᠵᠦ ᠴᠢᠳᠠᠨ᠎ᠠ᠂ ᠠᠮᠢᠳᠤᠷᠠᠯ ᠢ᠋ ᠭᠦᠢᠴᠡᠳ ᠤᠢᠯᠠᠭᠠᠪᠠᠯ ᠰᠠᠶᠢ ᠵᠦᠪ ᠤᠨᠤᠪᠴᠢᠳᠠᠢ ᠦᠵᠡᠯᠲᠡ ᠲᠠᠢ ᠪᠤᠯᠵᠤ ᠴᠢᠳᠠᠨ᠎ᠠ ᠂ ᠭᠠᠭ᠍ᠴᠠ ᠬᠦ᠌ ᠭᠦᠨ ᠭᠦᠨᠵᠡᠭᠡᠶ ᠦᠢᠯᠡ ᠶᠠᠪᠤᠳᠠᠯ ᠪᠠ ᠰᠡᠳᠭᠢᠯ ᠬᠥᠳᠡᠯᠭᠡᠮ᠎ᠡ ᠳᠦᠷᠢ ᠶ᠋ᠢ ᠵᠣᠬᠢᠶᠠᠨ ᠪᠦᠲᠦᠭᠡᠪᠡᠯ ᠰᠠᠶᠢ ᠤᠷᠠᠯᠢᠭ᠍ᠴᠢᠳ ᠪᠠ ᠵᠣᠬᠢᠶᠠᠯᠴᠢᠳ ᠤ᠋ᠨ ᠵᠢᠩᠬᠢᠨᠢ ᠡᠷᠳᠡᠮ ᠴᠢᠳᠠᠪᠤᠷᠢ ᠶ᠋ᠢ ᠢᠯᠡᠷᠡᠭᠦᠯᠵᠦ᠍ ᠴᠢᠳᠠᠨ᠎ᠠ᠃ ᠵᠢᠩᠬᠢᠨᠢ ᠡᠷᠳᠡᠮ ᠴᠢᠳᠠᠪᠤᠷᠢ᠂ ᠦᠨᠡᠨ ᠪᠤᠳᠠᠲᠤ ᠰᠡᠳᠬᠢᠯᠭᠡ᠂ ᠵᠦᠪ ᠤᠨᠤᠪᠴᠢᠳᠠᠢ ᠦᠵᠡᠯᠲᠡᠪᠡᠷ ᠤᠳᠭ᠎ᠠ ᠤᠷᠠᠯᠢᠭ ᠤ᠋ᠨ ᠪᠦᠲᠦᠭᠡᠯᠦᠨ ᠰᠠᠢ᠌ᠨ ᠮᠠᠭᠤ ᠶ᠋ᠢ ᠱᠢᠭᠦᠮᠵᠢᠯᠡᠨ ᠦᠨᠡᠯᠡᠬᠦ᠌ ᠪᠠᠷᠢᠮᠵᠢᠶ᠎ᠠ ᠪᠣᠯᠭᠠᠵᠤ ᠪᠣᠯᠤᠨ᠎ᠠ ᠭᠡᠵᠦ᠍ ᠬᠡᠯᠡᠬᠦ᠌ ᠳ᠋ᠤ ᠬᠦᠷᠪᠡᠯ᠂ ᠡᠯ᠎ᠡ ᠵᠦᠢᠯᠦᠨ ᠤᠳᠭ᠎ᠠ ᠤᠷᠠᠯᠢᠭ ᠤ᠋ᠨ ᠪᠦᠲᠦᠭᠡᠯ ᠢ᠋ ᠦᠨᠡᠯᠡᠬᠦ᠌ ᠪᠡᠷ ᠳᠠᠮᠵᠢᠨ ᠬᠦᠮᠦᠰ ᠤ᠋ᠨ ᠵᠦᠪ ᠤᠨᠤᠪᠴᠢᠲᠠᠢ ᠦᠷᠲᠡᠭ ᠤ᠋ᠨ ᠦᠵᠡᠯᠲᠡ᠂ ᠠᠮᠢᠳᠤᠷᠠᠬᠤᠢᠵᠢᠨ ᠦᠵᠡᠯᠲᠡ ᠪᠠ ᠶᠢᠷᠲᠢᠨᠴᠦᠵᠢᠨ ᠦᠵᠡᠯᠲᠡ ᠶ᠋ᠢ ᠪᠤᠢ ᠪᠤᠯᠭᠠᠬᠤᠵᠢ ᠠᠬᠢᠭᠤᠯᠬᠤ ᠨᠢ ᠮᠦᠨ ᠴᠤ ᠤᠳᠬ᠎ᠠ ᠤᠷᠠᠯᠢᠭ ᠤ᠋ᠨ ᠰᠢᠭᠦᠮᠵᠢᠵᠢᠨ ᠬᠠᠷᠢᠭᠤᠴᠠᠯᠭ᠎ᠠ ᠪᠠ ᠡᠭᠦᠷᠭᠡᠯᠡᠯ ᠪᠤᠯᠤᠨ᠎ᠠ ᠃