ᠨᠠᠢᠷᠠᠭᠤᠯᠤᠭ᠍ᠴᠢᠶ᠋ᠢᠨᠦᠭᠡ᠄ ᠤᠳᠭ᠎ᠠ ᠤᠷᠠᠯᠢᠭ᠎ᠤᠨ ᠱᠢᠭᠦᠮᠵᠢ ᠪᠣᠯ ᠵᠤᠬᠢᠶᠠᠨ ᠪᠦᠲᠦᠭᠡᠯᠭᠡ᠎ᠵᠢ ᠵᠢᠯᠤᠭᠤᠳᠬᠤ᠂ ᠰᠤᠳᠤᠨ ᠪᠦᠲᠦᠭᠡᠯ ᠲᠤᠭᠤᠷᠪᠢᠬᠤ᠂ ᠭᠤᠤ᠎ᠠ ᠲᠠᠭᠠᠱᠢᠶᠠᠯ᠎ᠢ ᠳᠡᠭᠡᠭ᠌ᠰᠢᠯᠡᠭᠦᠯᠬᠦ᠌᠂ ᠬᠡᠪ ᠰᠤᠷᠲᠠᠯ᠎ᠢ ᠬᠥᠲᠥᠯᠥᠨ ᠳᠠᠭᠠᠭᠤᠯᠬᠤ ᠴᠢᠬᠤᠯᠠ ᠬᠦᠴᠦᠨ ᠮᠥᠨ᠃
2021ᠤᠨ᠎ᠳᠦ᠂ 《ᠠᠯᠲᠠᠨ ᠵᠤᠤᠵᠠᠢ》 ᠲᠤᠰᠬᠠᠢ ᠬᠡᠪᠯᠡᠯ ᠮᠠᠨᠢ ᠨᠢᠭᠡ ᠪᠦᠯᠦᠭ ᠰᠡᠳᠬᠢᠭᠦᠢᠴᠢ ᠴᠢᠨᠠᠷᠲᠠᠢ᠂ ᠤᠷᠠᠯᠢᠭᠴᠢ ᠴᠢᠨᠠᠷᠲᠠᠶ᠂ ᠬᠥᠲᠥᠯᠥᠨ ᠳᠠᠭᠠᠭᠤᠯᠬᠤ ᠴᠢᠨᠠᠷᠲᠠᠶ ᠰᠣᠳᠣᠨ ᠪᠦᠲᠦᠭᠡᠯ᠎ᠤᠳ᠎ᠢ ᠨᠡᠢᠲᠡᠯᠡᠵᠦ᠂ ᠴᠡᠴᠡᠭ ᠪᠦᠬᠦᠨ᠎ᠢ ᠵᠡᠷᠭᠡ ᠪᠡᠷ ᠳᠡᠯᠭᠡᠷᠡᠭᠦᠯᠵᠦ᠂ ᠡᠷᠳᠡᠮᠲᠡᠨ ᠪᠦᠬᠦᠨ᠎ᠢ ᠴᠢᠯᠦᠭᠡᠲᠡᠢ ᠶᠠᠷᠢᠯᠴᠠᠭᠤᠯᠬᠤ ᠲᠠᠪᠴᠠᠡᠭ ᠬᠠᠡᠭᠭᠠᠭᠰᠠᠨ ᠪᠠᠢᠨ᠎ᠠ᠃ ᠰᠢᠨ᠎ᠡ ᠨᠢᠭᠡ ᠵᠢᠯ᠎ᠳᠡᠭᠡᠨ᠂ 《ᠠᠯᠲᠠᠨ ᠵᠤᠤᠵᠠᠢ》 ᠮᠠᠨᠢ ᠠᠷᠠᠳ ᠲᠦᠮᠡᠨ᠎ᠢᠶᠡᠷ ᠭᠣᠣᠯ ᠪᠣᠯᠭᠠᠬᠤ᠎ᠶ᠋ᠢ ᠪᠠᠷᠢᠮᠲᠠᠯᠠᠨ᠂ ᠨᠡᠡᠭ ᠰᠤᠳᠤᠨ ᠰᠢᠯᠢᠳᠡᠭ ᠤᠳᠬ᠎ᠠ ᠤᠷᠠᠯᠢᠭ᠎ᠤᠨ ᠰᠢᠭᠦᠮᠵᠢ᠎ᠵᠢ ᠦᠷᠭᠡᠨ ᠤᠯᠠᠨ ᠳ᠋ᠤ ᠬᠦᠷᠭᠡᠬᠦ ᠪᠡᠷ ᠬᠦᠴᠦᠯᠡᠨ ᠴᠢᠷᠮᠠᠢᠬᠤ ᠪᠤᠯᠤᠨ᠎ᠠ᠃ ᠪᠢᠳᠡ ᠬᠠᠮᠲᠤ ᠪᠡᠷ ᠴᠠᠭ ᠦᠶ᠎ᠡ᠎ᠶ᠋ᠢᠨ ᠳᠦᠷᠢ᠎ᠵᠢ ᠵᠢᠷᠤᠭᠯᠠᠵᠤ᠂ ᠴᠠᠭ ᠦᠶ᠎ᠡ᠎ᠶ᠋ᠢᠨ ᠨᠠᠮᠳᠠᠷ᠎ᠢ ᠪᠢᠴᠢᠭᠯᠡᠨ᠂ ᠴᠠᠭ ᠦᠶ᠎ᠡ᠎ᠶ᠋ᠢᠨ ᠰᠦᠭ ᠰᠦᠨᠡᠰᠦ᠎ᠶ᠋ᠢ ᠱᠤᠭᠤᠵᠤ᠂ ᠤᠳᠭ᠎ᠠ ᠤᠷᠠᠯᠢᠭ᠎ᠢᠶᠠᠷ ᠱᠢᠨ᠎ᠡ ᠴᠠᠭ ᠦᠶ᠎ᠡ᠎ᠶ᠋ᠢᠨ ᠡᠷᠡᠯᠬᠡᠭ᠌ᠯᠡᠨ ᠤᠷᠤᠭ᠍ᠰᠢᠯᠠᠬᠤ ᠬᠦᠴᠦᠨ᠎ᠢ ᠨᠢᠭᠲᠠᠷᠠᠭᠤᠯᠬᠤ ᠪᠡᠷ ᠴᠢᠷᠮᠠᠢᠵᠠᠭᠠᠶ᠎ᠠ!
ᠲᠤᠮᠳᠠᠳᠦ ᠰᠤᠷᠭᠠᠭᠤᠯᠢ᠎ᠶᠢᠨ ᠬᠢᠴᠢᠶᠡᠯ᠎ᠤᠨ ᠪᠢᠴᠢᠭ᠎ᠲᠤ 《ᠬᠠᠮᠤᠭ᠎ᠤᠨ ᠬᠠᠢᠷ᠎ᠠ᠎ᠳᠦ ᠬᠦᠮᠦᠨ ᠮᠢᠨᠢ ᠬᠡᠨ ᠪᠤᠢ》 ᠬᠡᠬᠦ ᠬᠢᠴᠢᠶᠡᠯ᠎ᠢ ᠰᠤᠷᠴᠤ ᠠᠮᠧᠷᠢᠺᠠ᠎ᠵᠢ ᠡᠰᠡᠷᠬᠦᠴᠡᠵᠦ ᠰᠤᠯᠤᠩᠭᠤᠰ᠎ᠢ ᠲᠤᠰᠠᠯᠠᠬᠤ ᠳᠠᠢᠨ᠎ᠤ ᠲᠤᠬᠠᠢ ᠠᠩᠬᠠᠨ᠎ᠤ ᠪᠦᠳᠡᠬᠢ ᠤᠢᠯᠠᠭᠠᠯᠳᠠ ᠲᠠᠢ ᠪᠤᠯᠵᠦ ᠪᠠᠢᠭᠰᠠᠨ ᠮᠠᠨᠢ 15 ᠵᠢᠯ᠎ᠤᠨ ᠡᠮᠦᠨᠡᠬᠢ ᠶᠠᠪᠤᠳᠠᠯ ᠪᠤᠯᠵᠠᠢ᠃
ᠡᠨᠡ ᠵᠢᠯ ᠪᠣᠯ ᠳᠤᠮᠳᠠᠳᠤ ᠤᠯᠤᠰ᠎ᠤᠨ ᠠᠷᠠᠳ᠎ᠤᠨ ᠰᠠᠢ᠌ᠨ ᠳᠤᠷ᠎ᠠ᠎ᠶ᠋ᠢᠨ ᠴᠡᠷᠢᠭ ᠤ᠋ᠨ ᠠᠮᠧᠷᠢᠺᠠ ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠤ᠎ᠪᠠᠷ ᠭᠠᠳᠠᠭᠠᠳᠤ᠎ᠳᠤ ᠬᠦᠷᠴᠤ ᠲᠠᠢ᠌ᠨ ᠬᠢᠭ᠌ᠰᠡᠨ 71 ᠵᠢᠯ᠎ᠤᠨ ᠤᠢ ᠪᠣᠯᠤᠨ᠎ᠠ᠃ 12ᠰᠠᠷ᠎ᠠ᠎ᠶᠢᠨ17᠎ᠤ᠋ ᠡᠳᠦᠷ᠂ ᠲᠥᠪ᠎ᠤᠨ ᠷᠠᠳᠢᠣ᠋ ᠲᠧᠯᠸᠢᠰ᠎ᠤᠨ ᠶᠡᠷᠦᠩᠬᠡᠢ ᠬᠣᠷᠢᠶ᠎ᠠ᠎ᠶᠢᠨ ᠦᠢᠯᠡᠳᠦᠭ᠌ᠰᠡᠨ 《ᠶᠠᠯᠦ᠍ᠵᠢᠶᠡᠡᠭ ᠮᠥᠷᠡᠨ᠎ᠢ ᠭᠡᠲᠦᠯᠦᠭ᠌ᠰᠡᠨ ᠨᠢ》ᠭᠡᠬᠦ᠌ ᠺᠢᠨᠣ᠋᠎ᠵᠢ ᠪᠦᠬᠦ᠌ ᠤᠯᠤᠰ᠎ᠲᠤ ᠨᠠᠪᠳᠡᠷᠡᠬᠦᠯᠵᠤ᠂ ᠦᠵᠡᠭᠴᠢᠳ᠎ᠤᠨ ᠤᠯᠤᠰ᠎ᠵᠢᠡᠨ ᠬᠠᠢᠷᠠᠯᠠᠬᠤ ᠬᠠᠯᠠᠭᠤᠨ ᠰᠡᠳᠭᠢᠯ᠎ᠢ ᠨᠢ ᠳᠠᠬᠢᠨᠲᠠ ᠬᠦᠭᠵᠢᠭᠡᠪᠡ᠃
ᠲᠤᠰ ᠺᠢᠨᠣ᠋ ᠨᠢ ᠠᠮᠧᠷᠢᠺᠠ᠎ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠤ ᠳᠠᠢᠨ᠎ᠦ ᠲᠤᠬᠠᠶ ᠬᠠᠮᠤᠭ᠎ᠤᠨ ᠠᠩᠬᠠᠨ᠎ᠤ ᠪᠦᠷᠢᠨ ᠦᠵᠡᠮᠵᠢ᠎ᠶ᠋ᠢᠨ ᠺᠢᠨᠣ᠋ ᠪᠣᠯᠤᠭ᠍ᠰᠠᠨ᠎ᠤ ᠬᠤᠪᠢ᠎ᠳᠤ᠂ ᠠᠮᠧᠷᠢᠺᠠ ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠤ ᠳᠠᠢᠨ᠎ᠢ ᠪᠠᠭᠠᠳᠤᠷᠯᠢᠭ ᠲᠤᠤᠯᠢ ᠮᠡᠲᠦ᠍ ᠬᠠᠷᠠᠭᠤᠯᠵᠦ ᠴᠢᠳᠠᠭᠰᠠᠨ ᠢᠶᠡᠷ ᠪᠤᠰᠤᠳ ᠠᠮᠧᠷᠢᠺᠠ᠎ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠤ ᠳᠠᠢᠨ᠎ᠢᠶᠡᠷ ᠰᠡᠳᠦᠪᠯᠡᠭ᠌ᠰᠡᠨ ᠺᠢᠨᠣ᠋ᠨᠤᠭᠤᠳᠡᠴᠡ ᠢᠯᠭᠠᠬᠳᠠᠵᠤ ᠪᠤᠢ᠂ ᠵᠢᠱ᠌ᠢᠶᠡᠯᠡᠪᠡᠯ《ᠽᠠᠡᠭᠵᠢᠨ ᠨᠠᠭᠤᠷ》ᠬᠡᠬᠦ ᠺᠢᠨᠤ᠋᠎ᠳᠤ ᠳᠠᠢᠯᠠᠯᠳᠤᠭᠠᠨ᠎ᠤ ᠭᠡᠪᠴᠢᠶ᠎ᠡ ᠪᠡᠷ ᠭᠠᠷᠳᠠᠴᠠ ᠪᠤᠯᠭᠠᠵᠦ ᠠᠮᠧᠷᠢᠺᠠ᠎ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠤ ᠳᠠᠢᠨ᠎ᠤ ᠬᠤᠶᠠᠳᠤᠭᠠᠷ ᠪᠠᠢᠯᠳᠤᠭᠠᠨ᠎ᠤ ᠦᠯᠢᠭᠡᠷ᠎ᠢ ᠶᠠᠷᠢᠭᠰᠠᠨ ᠪᠠᠢᠪᠠᠯ᠂ 《ᠭᠡᠮᠭᠠᠡᠭ ᠰᠠᠨ ᠠᠭᠤᠯᠠ》 ᠭᠡᠬᠦ ᠺᠢᠨᠣ᠋ ᠳᠤ ᠠᠮᠧᠷᠢᠺᠠ᠎ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠤ ᠳᠠᠢᠨ᠎ᠤ ᠲᠤᠮᠳᠠᠬᠢ ᠺᠢᠨ ᠼᠦᠡᠭ ᠬᠤᠳᠠ᠎ᠶᠢᠨ ᠬᠡᠳᠡᠷᠬᠦ ᠴᠤᠬᠢᠬᠤ ᠳᠠᠢᠯᠠᠯᠳᠤᠭᠠᠨ ᠤ ᠦᠯᠢᠭᠡᠷ ᠢ ᠲᠤᠪᠤᠢᠯᠭᠠᠵᠠᠢ ᠃
《ᠶᠠᠯᠦᠵᠢᠶᠠᠡᠭ ᠮᠦᠷᠠᠨᠢ ᠭᠡᠲᠦᠯᠦᠭ᠌ᠰᠡᠨ ᠨᠢ》ᠬᠡᠬᠦ ᠺᠢᠨᠣ᠋ ᠪᠤᠯᠤᠨ 《ᠶᠠᠯᠦ᠍ᠵᠢᠶᠠᠡᠭ ᠮᠥᠷᠡᠨ᠎ᠢ ᠭᠡᠲᠦᠯᠦᠭ᠌ᠰᠡᠨ ᠨᠢ》 ᠬᠡᠬᠦ ᠲᠧᠯᠸᠢᠰ ᠵᠦᠴᠦᠭᠡᠴᠤ ᠬᠤᠭᠤᠷᠤᠨᠳᠦ ᠪᠠᠨ ᠢᠯᠭᠠᠭ᠎ᠠ ᠲᠠᠢ᠂ 《ᠶᠠᠯᠦ᠍ᠵᠢᠶᠠᠡᠭ ᠮᠥᠷᠡᠨ᠎ᠢ ᠭᠡᠲᠦᠯᠦᠭ᠌ᠰᠡᠨ ᠨᠢ》ᠬᠡᠬᠦ ᠺᠢᠨᠣ᠋᠎ᠳᠤ ᠤᠯᠤᠰ᠎ᠤᠨ ᠪᠠᠢᠯᠳᠤᠬᠤ ᠪᠤᠳᠤᠯᠭ᠎ᠠ᠎ᠶᠢᠨ ᠵᠤᠭᠰᠤᠴᠠ᠎ᠵᠢ ᠲᠤᠪᠤᠢᠯᠭᠠᠵᠦ ᠂ ᠠᠮᠧᠷᠢᠺᠠ ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠤ ᠳᠠᠢᠨ᠎ᠤ ᠶᠡᠷᠦᠩᠬᠡᠢ ᠪᠠᠢᠷᠢᠯᠠᠭᠤᠯᠤᠯᠳᠠ ᠪᠤᠯᠤᠨ ᠲᠠᠢᠨ᠎ᠤ ᠤᠳᠬ᠎ᠠ ᠤᠴᠢᠷ᠎ᠢ ᠬᠠᠷᠠᠭᠤᠯᠬᠤ᠎ᠳᠤ ᠢᠯᠡᠬᠦᠦ ᠬᠦᠴᠦ ᠳᠠᠯᠪᠢᠵᠦ᠂ ᠬᠦᠮᠦᠰ᠎ᠲᠤ ᠠᠭᠤᠤ ᠶᠡᠬᠡ ᠠᠮᠵᠢᠯᠳᠠ᠎ᠵᠢ ᠴᠡᠭᠡᠵᠢᠯᠡᠵᠦ᠂ ᠠᠭᠤᠤ ᠶᠡᠬᠡ ᠦᠢᠯᠡᠰ᠎ᠤᠨ ᠬᠦᠭᠵᠢᠯᠳᠡ᠎ᠵᠢ ᠠᠬᠢᠭᠤᠯᠬᠤ ᠵᠢ ᠵᠤᠷᠢᠭᠵᠢᠭᠤᠯᠵᠠᠢ ᠃
ᠳᠠᠬᠢᠪᠠᠯ ᠲᠤᠰ ᠺᠢᠨᠣ᠋ ᠶ᠋ᠢᠨ ᠠᠮᠵᠢᠯᠳᠠ ᠤᠯᠤᠭᠰᠠᠨ ᠬᠡᠳᠦᠨ ᠳᠠᠯ᠎ᠠ ᠪᠤᠢ᠄
ᠨᠢᠭᠡ᠎ᠳᠤ᠂ ᠨᠢᠭᠤᠴᠠ᠎ᠵᠢ ᠳᠠᠢᠯᠤᠭᠰᠠᠨ ᠰᠢᠨᠵᠢᠳᠡᠢ᠃ ᠺᠢᠨᠣ᠋᠎ᠶ᠋ᠢᠨ ᠬᠦᠥᠷᠨᠢᠯ ᠨᠢ ᠪᠤᠰᠤᠳ ᠺᠢᠨᠣ᠋ ᠨᠤᠭᠤᠳ ᠲᠠᠢ ᠠᠳᠠᠯᠢ ᠪᠤᠰᠤ᠂ ᠲᠤᠰ ᠺᠢᠨᠣ᠋᠎ᠳᠤ ᠲᠤᠮᠳᠠᠳᠦ ᠤᠯᠤᠰ᠎ᠤᠨ ᠠᠷᠠᠳ᠎ᠤᠨ ᠰᠠᠢᠨ ᠲᠤᠷᠠᠶᠢᠨ ᠴᠡᠷᠢᠭ ᠤᠨ ᠶᠡᠷᠦᠩᠬᠡᠢ ᠺᠤᠮᠠᠨᠳ᠋ᠯᠠᠭᠴᠢ ᠪᠠᠢᠭᠰᠠᠨ ᠫᠧᠩ ᠳ᠋ᠧ ᠬᠤᠧᠠᠢ᠎ᠶᠢᠨ ᠲᠤᠭᠠᠴᠢᠯᠳᠠ᠎ᠵᠢ ᠢᠯᠡᠬᠦᠦ ᠴᠢᠩᠭᠠᠳᠬᠠᠵᠠᠢ ᠃ ᠫᠧᠩ ᠳ᠋ᠧ ᠬᠤᠧᠠᠢ ᠲᠤᠰ ᠳᠠᠢᠨ᠎ᠤ ᠭᠤᠤᠯᠯᠠᠭᠴᠢ ᠬᠦᠮᠦᠨ ᠪᠤᠯᠤᠭᠰᠠᠨ᠎ᠤ ᠬᠤᠪᠢ ᠡᠴᠡ ᠲᠡᠬᠦᠨ᠎ᠤ ᠵᠤᠭᠰᠤᠴᠠ ᠡᠴᠡ᠂ ᠦᠵᠡᠭᠴᠢᠳ ᠶᠡᠷᠦ ᠡᠴᠡ ᠰᠠᠢᠨ ᠮᠡᠳᠡᠳᠡᠭ ᠦᠬᠡᠢ᠂ ᠰᠠᠢᠨ ᠤᠢᠯᠠᠭᠠᠳᠠᠭ ᠦᠬᠡᠢ ᠲᠡᠥᠬᠡ ᠶᠢᠨ ᠦᠨᠡᠨ᠎ᠢ ᠳᠡᠯᠭᠡᠵᠦ ᠪᠦᠬᠦᠯᠢ ᠴᠤᠭᠴᠠ᠎ᠶᠢᠨ ᠪᠠᠷᠢᠮᠳᠠᠳᠦ ᠺᠢᠨᠣ᠋᠎ᠶ᠋ᠢᠨ ᠰᠢᠨᠵᠢ᠎ᠶᠢᠨ ᠳᠠᠭᠠᠤ ᠨᠢᠭᠤᠴᠠ᠎ᠵᠢ ᠳᠠᠢᠯᠤᠭᠰᠠᠨ ᠨᠢ ᠲᠤᠰ ᠺᠢᠨᠤ᠋᠎ᠶ᠋ᠢᠨ ᠨᠢᠭᠡᠨ ᠬᠢᠯᠠᠰ ᠴᠡᠭ ᠪᠤᠯᠵᠠᠢ᠃
ᠬᠤᠶᠠᠷ ᠲᠤ᠂ ᠦᠨᠡᠨ ᠡᠴᠡ ᠰᠡᠳᠦᠪᠯᠡᠵᠦ᠂ ᠪᠤᠳᠠᠳᠦ ᠠᠬᠤᠢ ᠡᠴᠡ ᠳᠠᠪᠠᠭᠤᠯᠵᠠᠢ᠃ ᠲᠤᠰ ᠺᠢᠨᠣ᠋᠎ᠵᠢ ᠵᠤᠬᠢᠶᠠᠨ ᠪᠦᠳᠦᠭᠡᠭᠰᠡᠨ ᠤᠪᠤᠷ ᠨᠢ ᠲᠦᠪ ᠬᠢᠨᠠᠮᠠᠭᠠᠢ᠂ ᠺᠢᠨᠤ᠋᠎ᠶ᠋ᠢᠨ ᠬᠡᠪ ᠨᠠᠮᠪᠠ ᠨᠢ ᠢᠯᠡᠳᠳᠡ ᠯᠠᠪᠯᠠᠯᠳᠠ ᠮᠠᠲ᠋ᠧᠷᠢᠶᠠᠯ᠎ᠤᠨ ᠰᠢᠨᠵᠢ ᠲᠠᠢ᠃ ᠦᠨᠡᠨ ᠬᠥᠮᠦᠨ ᠦᠨᠡᠨ ᠬᠡᠷᠡᠭ ᠪᠣᠯ ᠡᠨᠡ ᠺᠢᠨᠣ᠋ ᠶ᠋ᠢᠨ ᠵᠣᠬᠢᠶᠠᠨ ᠪᠦᠲᠦᠭᠡᠯᠭᠡ᠎ᠶ᠋ᠢᠨ ᠡᠬᠢ ᠪᠤᠯᠠᠭ ᠮᠥᠨ᠂ ᠵᠣᠬᠢᠶᠠᠭ᠍ᠴᠢ ᠨᠢ ᠦᠨᠡᠨ ᠪᠣᠳᠠᠲᠠᠶ ᠲᠡᠦᠬᠡᠨ ᠬᠥᠮᠦᠨ ᠪᠠ ᠬᠡᠷᠡᠭ ᠶᠠᠪᠤᠳᠠᠯ᠎ᠳᠤ ᠰᠠᠭᠤᠷᠢᠯᠠᠨ᠂ ᠬᠤᠯᠪᠤᠨ ᠪᠣᠳᠣᠯᠲᠠ ᠪᠠ ᠤᠷᠠᠯᠢᠭ᠎ᠤᠨ ᠭᠤᠤ᠎ᠠ ᠲᠠᠭᠠᠱᠢᠶᠠᠯ᠎ᠤᠨ ᠰᠡᠳᠭᠢᠬᠦᠶ᠎ᠪᠡᠷ ᠳᠠᠯᠠᠢ ᠪᠠᠶᠠᠨ ᠰᠤᠷᠪᠤᠯᠵᠢ ᠪᠢᠴᠢᠭ᠎ᠤᠨ ᠬᠦᠯᠢᠶᠡᠰᠦᠯᠡᠯ ᠡᠴᠡ ᠮᠤᠯᠳᠤᠷᠠᠨ᠂ ᠲᠩᠷᠢ ᠭᠠᠵᠠᠷ᠎ᠢ ᠳᠣᠩᠰᠣᠯᠭᠠᠨ᠂ ᠲᠦᠮᠡᠨ ᠤᠯᠠᠨ᠎ᠢ ᠤᠶᠠᠷᠠᠭᠤᠯᠤᠭ᠍ᠰᠠᠨ ᠲᠡᠦᠬᠡ᠎ᠶᠢᠨ ᠦᠨᠡᠨ᠎ᠢ ᠤᠷᠠᠯᠢᠭ ᠢᠶᠠᠷ ᠢᠯᠡᠷᠡᠭᠦᠯᠵᠦ᠍ ᠂ 《ᠶᠡᠬᠡ ᠶᠠᠪᠤᠳᠠᠯ ᠬᠡᠢᠰᠪᠤᠷᠢ ᠪᠢᠰᠢ᠂ ᠪᠠᠭ᠎ᠠ ᠶᠠᠪᠤᠳᠠᠯ ᠬᠡᠪᠰᠢᠮᠡᠯ ᠪᠢᠰᠢ》 ᠪᠣᠯᠭᠠᠵᠦ ᠴᠢᠳᠠᠵᠠᠢ ᠃ ᠦᠨᠡᠨ ᠪᠣᠯ ᠤᠷᠠᠯᠢᠭ᠎ᠤᠨ ᠠᠮᠢ ᠨᠠᠰᠤ!ᠡᠨᠡ ᠬᠦ᠌ ᠤᠳᠭ᠎ᠠ ᠠᠭᠤᠯᠭ᠎ᠠ ᠠᠴᠠ ᠠᠪᠴᠤ᠌ ᠬᠡᠯᠡᠪᠡᠯ᠂ ᠲᠤᠰ ᠺᠢᠨᠣ᠋ ᠨᠢ ᠮᠠᠰᠢ ᠴᠢᠩᠭ᠎ᠠ ᠤᠷᠠᠯᠢᠭ ᠤᠨ ᠠᠮᠢᠵᠢᠷᠠᠯ᠎ᠤᠨ ᠬᠦᠴᠦᠨ ᠪᠠ ᠤᠷᠠᠯᠢᠭ ᠤᠨ ᠨᠥᠯᠥᠭᠡᠯᠡᠬᠦ᠌ ᠬᠦᠴᠦᠨ᠎ᠲᠡᠶ ᠃
ᠭᠤᠷᠪᠠ᠎ᠳᠤ᠂ ᠬᠦᠮᠦᠰ᠎ᠢ ᠤᠶᠠᠷᠠᠭᠤᠯᠤᠭᠰᠠᠨ ᠺᠢᠨᠣ᠋ ᠪᠤᠯᠵᠠᠢ᠃ ᠼᠸᠯᠸᠸᠨᠤ ᠬᠣᠷᠢᠭ᠍ᠯᠠᠨ ᠴᠣᠬᠢᠬᠤ ᠪᠠᠢᠯᠳᠤᠭᠠᠨ᠎ᠳᠤ 63 ᠳ᠋ᠤᠭᠠᠷ ᠠᠷᠮᠢ 9000 ᠬᠥᠮᠦᠨ᠎ᠦ ᠴᠡᠷᠢᠭ ᠦᠨ ᠬᠦᠴᠦᠨ ᠢᠶᠡᠷ ᠶᠡᠬᠡ ᠴᠡᠷᠢᠭ ᠠᠩᠭᠢ᠎ᠪᠠᠨ ᠬᠠᠮᠠᠭᠠᠯᠠᠨ ᠤᠬᠤᠷᠢᠭᠤᠯᠤᠭ᠍ᠰᠠᠨᠳᠤ ᠫᠧᠩ ᠳ᠋ᠧ ᠬᠤᠧᠠᠢ ᠶᠡᠷᠦᠩᠬᠡᠢ ᠺᠤᠮᠠᠨᠳ᠋ᠯᠠᠭᠴᠢ ᠮᠡᠭ᠌ᠰᠢᠨ ᠤᠬᠢᠯᠠᠪᠠ ; 50 ᠳ᠋ᠤᠭᠠᠷ ᠠᠷᠮᠢ ᠡᠴᠦᠰ ᠲᠸ᠋ ᠨᠢ ᠳᠤᠯᠳᠠᠯ᠎ᠠ ᠦᠬᠦᠨ ᠲᠡᠮᠡᠴᠡᠭᠰᠡᠨᠴᠤ ᠫᠧᠩ ᠳ᠋ᠧ ᠬᠤᠧᠠᠢ ᠶᠡᠷᠦᠩᠬᠡᠢ ᠺᠣᠮᠠᠨᠳ᠋ᠯᠠᠭ᠍ᠴᠢ ᠳᠦ ᠵᠣᠪᠠᠯᠠᠩ᠎ᠢᠶᠠᠨ ᠲᠣᠭᠠᠴᠢᠭᠰᠠᠨ ᠦᠬᠡᠢ᠎ᠳᠤ ᠫᠧᠩ ᠳ᠋ᠧ ᠬᠤᠧᠠᠢ ᠶᠡᠷᠦᠡᠭᠭᠡᠢ ᠺᠣᠮᠠᠨᠳ᠋ᠯᠠᠭ᠍ᠴᠢ ᠵᠢᠷᠦᠬᠡ ᠱᠢᠮᠱᠢᠷᠡᠨ ᠨᠢᠯᠪᠤᠰᠤ ᠤᠨᠠᠭᠠᠪᠠ; 38 ᠳ᠋ᠤᠭᠠᠷ ᠠᠷᠮᠢ ᠶ᠋ᠢᠨ ᠡᠭᠦᠳᠦᠭ᠌ᠰᠡᠨ ᠴᠡᠷᠢᠭ ᠦᠨ ᠶᠠᠪᠤᠳᠠᠯ᠎ᠤᠨ ᠭᠠᠢᠬᠠᠮᠱᠢᠭ᠎ᠠᠴᠠ ᠪᠤᠯᠵᠤ ᠫᠧᠩ ᠳ᠋ᠧ ᠬᠤᠧᠠᠢ ᠶᠡᠷᠦᠩᠬᠡᠢ ᠺᠣᠮᠠᠨᠳ᠋ᠯᠠᠭ᠍ᠴᠢ 《ᠳᠤᠮᠳᠠᠳᠤ ᠤᠯᠤᠰ᠎ᠤᠨ ᠠᠷᠠᠳ᠎ᠤᠨ ᠰᠠᠢ᠌ᠨ ᠳᠤᠷ᠎ᠠ᠎ᠶ᠋ᠢᠨ ᠴᠡᠷᠢᠭ ᠮᠠᠨᠳᠤᠲᠤᠭᠠᠢ ᠂ 38 ᠳ᠋ᠤᠭᠠᠷ ᠠᠷᠮᠢ ᠮᠠᠨᠳᠤᠲᠤᠭᠠᠢ》 ᠭᠡᠬᠦ᠌ ᠴᠠᠬᠢᠯᠭᠠᠨ ᠮᠡᠳᠡᠭᠡ ᠶᠠᠪᠤᠭᠤᠯᠵᠠᠢ ᠁ ᠺᠢᠨᠤ᠋ ᠶ᠋ᠢᠨ 154 ᠮᠢᠨᠦ᠋ᠲ᠎ᠦᠨ ᠬᠡᠰᠡᠭ᠎ᠲᠤ᠂ ᠬᠦᠮᠦᠰ᠎ᠢ ᠤᠶᠠᠷᠠᠭᠤᠯᠤᠨ ᠲᠤᠭᠳᠤᠯᠤᠭᠤᠯᠤᠭᠰᠠᠨ ᠦᠵᠡᠭᠳᠡᠯ ᠤᠯᠠᠨ ᠳᠠᠬᠢᠨ ᠢᠯᠡᠷᠡᠵᠠᠢ᠃
ᠤᠶᠠᠷᠠᠯ ᠲᠤᠭᠳᠤᠯᠤᠯ᠎ᠤᠨ ᠬᠡᠰᠡᠭ᠎ᠲᠤ ᠬᠠᠮᠤᠭ ᠮᠠᠷᠲᠠᠭ᠍ᠳᠠᠰᠢ ᠦᠭᠡᠢ ᠨᠢ ᠳᠠᠢᠨ᠎ᠤ ᠬᠠᠮᠤᠭ ᠡᠴᠦᠰ᠎ᠦᠨ ᠴᠠᠭ ᠮᠥᠴᠡ ᠪᠤᠯᠬᠤ ᠶᠤᠮ᠃ ᠳᠠᠢᠨ ᠵᠣᠭ᠍ᠰᠣᠬᠤ ᠬᠡᠯᠡᠯᠴᠡᠭᠡᠷ ᠳᠠᠭᠤᠰᠴᠤ ᠨᠢᠭᠡ ᠴᠡᠷᠢᠭ ᠶᠡᠬᠡ ᠫᠤᠤ᠎ᠶ᠋ᠢᠨ ᠭᠠᠯᠯᠠᠭ᠎ᠠ᠎ᠶ᠋ᠢ ᠰᠥᠷᠴᠦ᠍ ᠳᠠᠢᠨ ᠵᠣᠭ᠍ᠰᠣᠬᠤ ᠴᠢᠮᠡᠭᠡ᠎ᠶ᠋ᠢ ᠡᠮᠦᠨ᠎ᠡ ᠹᠷᠣᠨᠲ᠎ᠲᠤ ᠬᠦᠷᠭᠡᠵᠡᠢ᠂ ᠴᠢᠮᠡᠭᠡ᠎ᠶ᠋ᠢ ᠬᠦᠷᠭᠡᠮᠡᠭ᠌ᠴᠡ ᠲᠡᠷᠡ ᠵᠤᠯ ᠪᠤᠰᠤ ᠪᠡᠷ ᠪᠡᠶ᠎ᠡ ᠦᠷᠡᠭ᠌ᠳᠡᠪᠡ᠂ ᠲᠡᠭᠡᠬᠦ ᠳᠤ ᠳᠠᠢᠨ᠎ᠤ ᠭᠠᠯ ᠵᠤᠭᠰᠤᠬᠤ ᠡᠴᠡ ᠬᠣᠶᠠᠷᠬᠠᠨ ᠴᠠᠭ ᠤᠨ ᠡᠮᠦᠨ᠎ᠡ ᠪᠠᠢᠪᠠ ᠃ ᠬᠠᠮᠤᠭ ᠰᠡᠭᠦᠯ ᠦᠨ ᠬᠣᠶᠠᠷ ᠴᠠᠭ ᠲᠤ᠂ ᠬᠣᠶᠠᠷ ᠲᠠᠯ᠎ᠠ᠎ᠪᠠᠷ ᠢᠶᠠᠨ ᠰᠤᠮᠤ ᠳᠠᠷᠢ ᠪᠠᠢᠬᠤ᠎ᠶ᠋ᠢᠨ ᠴᠢᠨᠡᠭᠡ ᠪᠡᠷ᠎ᠢᠶᠡᠨ ᠭᠠᠯᠯᠠᠵᠦ᠂ ᠨᠢᠭᠡ ᠪᠠᠨ ᠦᠵᠡᠵᠦ ᠨᠡᠬᠡᠢ ᠪᠠᠨ ᠤᠷᠠᠯᠴᠠᠵᠠᠢ᠃ ᠳᠠᠢᠨ ᠵᠣᠭ᠍ᠰᠣᠬᠤ ᠲᠡᠷᠡ ᠮᠥᠴᠡ ᠡᠴᠦᠰ᠎ᠲᠡᠬᠡᠨ ᠬᠦᠷᠴᠦ᠍ ᠢᠷᠡᠯ᠎ᠡ᠂ ᠲᠡᠷᠡ ᠪᠣᠯ ᠮᠢᠩᠭ᠎ᠠ ᠲᠦᠮᠡᠨ ᠠᠷᠠᠳ ᠲᠦᠮᠡᠨ ᠵᠢᠴᠢ ᠴᠡᠷᠢᠭ ᠠᠩᠭᠢ ᠶ᠋ᠢᠨ ᠬᠦᠰᠡᠯ ᠪᠠᠷᠠᠯᠠᠯ ᠭᠤᠷᠪᠠᠨ ᠵᠢᠯ ᠬᠤᠵᠢᠭᠳᠠᠵᠦ ᠢᠷᠡᠭᠰᠡᠨ ᠪᠠᠢᠯ᠎ᠠ᠃ ᠲᠡᠷᠡ ᠮᠥᠴᠡ᠎ᠳᠦ᠂ ᠵᠢᠭᠠᠬᠠᠨ ᠴᠤ᠌ ᠴᠢᠮᠡᠭᠡ ᠠᠨᠢᠷ᠎ᠦᠭᠡᠢ᠂ ᠬᠠᠴᠢᠨ ᠨᠠᠮ ᠬᠦᠮ ᠪᠠᠢᠭᠰᠠᠨ᠎ᠢᠶᠡᠨ ᠬᠣᠶᠠᠷ ᠡᠲᠡᠭᠡᠳ᠎ᠢᠶᠡᠷ᠎ᠢᠶᠡᠨ ᠲᠣᠯᠣᠭᠠᠢ ᠲᠤᠯᠤᠭᠠᠢ᠎ᠪᠠᠨ ᠪᠤᠯᠲᠠᠢᠯᠭᠠᠭᠰᠠᠨ᠎ᠢᠶᠡᠨ ᠪᠦᠬᠦᠳᠡᠭᠡᠷ ᠪᠠᠶᠠᠷᠯᠠᠯᠳᠤᠨ ᠤᠤᠬᠠᠢᠯᠠᠵᠦ᠂ ᠬᠠᠷᠢᠯᠴᠠᠨ ᠪᠡᠯᠡᠭ ᠬᠦᠷᠭᠡᠯᠴᠠᠵᠦ ᠬᠦᠰᠡᠵᠦ ᠤᠳᠠᠭᠰᠠᠨ ᠰᠠᠢᠨ ᠴᠢᠮᠡᠭᠡ ᠰᠤᠨᠤᠰᠤᠭᠰᠠᠨ᠎ᠢᠶᠡᠨ ᠪᠡᠯᠭᠡᠯᠡᠵᠡᠭᠡᠵᠡᠢ᠂ ᠲᠡᠳᠡ ᠬᠣᠭᠣᠷᠣᠨᠳᠣ᠎ᠪᠠᠨ ᠦᠬᠦᠵᠦ ᠰᠡᠬᠡᠬᠦ ᠪᠠᠨ ᠦᠵᠡᠯᠴᠡᠵᠦ ᠪᠠᠢᠭᠰᠠᠨ᠂ ᠬᠠᠨᠳᠤᠭᠰᠠᠨ ᠵᠤᠷᠢᠯᠳᠠ ᠤᠨᠳᠤᠤ ᠪᠠᠢᠭᠰᠠᠨ᠂ ᠦᠭᠡ ᠬᠡᠯᠡ ᠨᠡᠪᠲᠡᠷᠡᠯᠴᠡᠬᠦ᠌ ᠦᠭᠡᠢ ᠪᠠᠢᠭᠰᠠᠨ᠎ᠴᠤ ᠲᠡᠳᠡ ᠪᠦᠷ ᠡᠩᠬᠡ ᠲᠠᠢᠪᠤᠩ᠎ᠢ ᠮᠡᠳᠡᠨ᠎ᠠ᠂ ᠡᠩᠬᠡ ᠲᠠᠢᠪᠤᠩ᠎ᠢ ᠬᠦᠰᠡᠨ᠎ᠡ᠃