— ᠱᠤᠭ ᠵᠢᠷᠤᠭ᠍ᠴᠢᠨ ᠪ᠊·ᠪᠢᠯᠢᠭ᠎ᠤᠨ ᠳᠡᠯᠡᠬᠡᠢ᠎ᠶ᠋ᠢᠨ ᠤᠷᠤᠯᠳᠤᠭᠠᠨ᠎ᠳᠤ ᠲᠤᠳᠤᠷᠠᠭ᠍ᠰᠠᠨ ᠲᠡᠷᠢᠭᠦᠨ ᠱᠠᠩᠨᠠᠯᠲᠤ ᠪᠦᠲᠦᠭᠡᠯ ᠪᠠ ᠪᠤᠰᠤᠳ 4 ᠪᠦᠲᠦᠭᠡᠯ᠎ᠢ ᠰᠣᠨᠢᠷᠬᠠᠭᠠᠳ

ᠤᠷᠠᠨ ᠪᠦᠲᠦᠭᠡᠯ᠎ᠤᠨ ᠡᠨᠡ ᠬᠦ᠌ ᠥᠷᠭᠡᠨ ᠵᠠᠬ᠎ᠠ᠎ᠲᠠᠢ ᠨᠣᠮᠢᠨ ᠨᠠᠭᠤᠷ ᠨᠠᠮᠵᠢᠭᠤᠨ ᠪᠠᠢᠨ᠎ᠠ᠂ ᠵᠠᠬ᠎ᠠ ᠬᠦᠪᠡᠭᠡᠳᠡᠵᠦ᠍ ᠪᠠᠢᠨ᠎ᠠ ᠭᠡᠳᠡᠭ᠎ᠤᠨ ᠨᠢᠭᠡᠨ ᠢᠯᠡᠷᠡᠯ᠎ᠨᠢ ᠤᠷᠠᠨ ᠪᠦᠲᠦᠭᠡᠯ᠎ᠤᠨ ᠲᠤᠬᠠᠢ ᠱᠤᠤᠬᠢᠵᠦ᠍ ᠶᠠᠷᠢᠯᠴᠠᠬᠤ ᠦᠵᠡᠭ᠌ᠴᠢ ᠤᠩᠱᠢᠭ᠍ᠴᠢ ᠴᠥᠭᠡᠷᠡᠯᠡ᠂ ᠱᠤᠤᠬᠢᠭᠤᠯᠵᠤ ᠳᠣᠷᠭᠢᠭᠤᠯᠬᠤ ᠴᠢᠮᠪᠠᠢ ᠪᠦᠲᠦᠭᠡᠯ ᠴᠤ᠌ ᠬᠤᠮᠰᠠᠳᠠᠯᠠ ᠭᠡᠵᠦ᠍ ᠣᠢᠯᠠᠭᠠᠵᠤ ᠪᠣᠯᠬᠤ ᠪᠠᠢᠬ᠎ᠠ᠃ ᠭᠡᠪᠡᠴᠦ᠍ ᠬᠠᠶᠠ ᠬᠤᠢ ᠰᠠᠯᠬᠢ ᠳᠡᠭ᠌ᠳᠡᠨ ᠨᠠᠮᠵᠢᠭᠤᠨ ᠪᠠᠢᠳᠠᠯ ᠡᠪᠳᠡᠭ᠌ᠳᠡᠵᠦ᠍ ᠡᠨᠡ ᠬᠦ᠌ ᠨᠣᠮᠢᠨ ᠨᠠᠭᠤᠷ᠎ᠲᠤ ᠳᠠᠪᠠᠯᠭ᠎ᠠ ᠪᠤᠰᠭᠤ᠎ᠶ᠋ᠢ ᠦᠭᠡᠢᠰᠭᠡᠬᠦ᠌ ᠦᠬᠡᠢ᠃ ᠡᠨᠡ ᠮᠡᠲᠦ ᠳᠠᠪᠠᠯᠭ᠎ᠠ ᠪᠤᠰᠭᠠᠵᠤ ᠱᠤᠤᠬᠢᠶᠠᠨ ᠲᠠᠲᠠᠳᠠᠭ᠎ᠤᠨ ᠨᠢᠭᠡ᠎ᠨᠢ ᠶᠠᠷᠢᠶᠠᠨ ᠦᠭᠡᠢ ᠱᠤᠭ ᠵᠢᠷᠤᠭ᠍ᠴᠢᠨ ᠪ᠊·ᠪᠢᠯᠢᠭ ᠪᠣᠯᠣᠨ᠎ᠠ᠃ ᠦᠨᠦ ᠵᠢᠯ ᠲᠡᠭᠦᠨ᠎ᠤ ᠱᠤᠭ ᠵᠢᠷᠤᠭ᠎ᠨᠢ ᠮᠦᠨ ᠲᠡᠯᠡᠬᠡᠢ᠎ᠶ᠋ᠢᠨ ᠲᠡᠷᠢᠭᠦᠨ ᠱᠠᠩ᠎ᠢᠶᠠᠷ ᠮᠢᠯᠢᠶᠠᠯᠭᠠᠯ᠎ᠠ ᠭᠡᠰᠡᠨ ᠬᠠᠯᠠᠭᠤᠨ ᠰᠤᠷᠠᠭ ᠣᠷᠣᠨ ᠠᠢᠮᠠᠭᠤᠨᠰᠣᠨᠢᠨ ᠰᠡᠳᠬᠦᠯ᠂ ᠵᠢᠷᠭᠢᠶ᠎ᠡ᠂ ᠰᠦᠯᠵᠢᠶ᠎ᠡ᠂ ᠴᠤᠤᠷᠢᠶ᠎ᠠ ᠵᠡᠷᠬᠡ ᠳᠠᠪᠴᠠᠩ᠎ᠢᠶᠠᠷ ᠳᠠᠮᠵᠢᠭ᠍ᠳᠠᠵᠤ᠂ ᠣᠯᠠᠨ᠎ᠤ ᠠᠩᠬᠠᠷᠤᠯ᠎ᠳᠤ ᠬᠦᠷᠴᠦ᠍ ᠪᠢᠯᠡ᠃ ᠡᠨᠡ ᠤᠳᠠᠭᠠᠨ᠎ᠤ ᠤᠷᠤᠯᠳᠤᠭᠠᠨ᠎ᠳᠤ ᠲᠡᠪᠱᠢᠭᠦᠯᠦᠭ᠌ᠰᠡᠨ ᠲᠡᠭᠦᠨ᠎ᠤ ᠱᠤᠭ ᠵᠢᠷᠤᠭ᠎ᠤᠨ ᠲᠤᠬᠠᠢ ᠨᠢᠭᠡ ᠦᠵᠡᠭ᠌ᠴᠢ ᠤᠩᠱᠢᠭ᠍ᠴᠢ᠎ᠶ᠋ᠢᠨ ᠬᠠᠷᠠᠭ᠎ᠠ᠎ᠪᠠᠷ ᠬᠢᠷᠢ᠎ᠳᠤ᠎ᠪᠠᠨ ᠰᠣᠨᠢᠷᠬᠠᠭ᠍ᠰᠠᠨᠢᠶᠠᠨ ᠬᠤᠪᠢᠶᠠᠯᠴᠠᠶ᠎ᠠ ᠭᠡᠵᠦ᠍ ᠵᠣᠷᠢᠭ᠍ᠰᠠᠨ ᠶᠤᠮ᠃
ᠰᠧᠷᠪᠢᠶᠡ ᠤᠯᠤᠰ᠎ᠤᠨ ᠱᠤᠭ ᠵᠢᠷᠤᠭ᠎ᠤᠨ ᠬᠤᠯᠪᠤᠭᠠᠨ᠎ᠠᠴᠠ ᠵᠣᠬᠢᠶᠠᠨ ᠪᠠᠢᠭᠤᠯᠵᠤ ᠶᠠᠪᠤᠭ᠍ᠳᠠᠭᠤᠯᠤᠭ᠍ᠰᠠᠨ《2021 ᠣᠯᠠᠨ ᠤᠯᠤᠰ᠎ᠤᠨ ᠠᠮᠢᠲᠠᠨ᠎ᠤ ᠰᠡᠳᠦᠪᠲᠦ ᠱᠤᠭ ᠵᠢᠷᠤᠭ᠎ᠤᠨ ᠤᠷᠤᠯᠳᠤᠭᠠᠨ》ᠳ᠋ᠥ ᠱᠤᠭ ᠵᠢᠷᠤᠭ᠍ᠴᠢᠨ ᠪ᠊· ᠪᠢᠯᠢᠭ ᠮᠠᠨᠢ ᠲᠡᠪᠤᠨ ᠪᠦᠲᠦᠭᠡᠯ ᠳᠡᠪᠰᠢᠭᠦᠯᠵᠦ᠂ ᠡᠴᠦᠰ᠎ᠤᠨ ᠱᠢᠢᠳᠪᠦᠷᠢᠲᠦ ᠲᠡᠮᠡᠴᠡᠭᠡᠨ᠎ᠳᠤ ᠨᠢᠭᠡ ᠪᠦᠲᠦᠭᠡᠯ᠎ᠨᠢ ᠨᠡᠷ᠎ᠡ ᠳᠡᠪᠱᠢᠵᠤ᠂ ᠨᠥᠭᠦᠭᠡ ᠪᠦᠲᠦᠭᠡᠯ᠎ᠨᠢ ᠲᠡᠷᠢᠭᠦᠨ ᠨᠡᠷᠡᠳᠤ ᠲᠣᠳᠤᠷᠠᠵᠠᠢ᠃ ᠣᠳᠣ ᠪᠣᠯᠬᠤ᠎ᠳᠤ ᠪ᠊·ᠪᠢᠯᠢᠭ ᠲᠡᠯᠡᠬᠡᠢ᠎ᠶ᠋ᠢᠨ ᠱᠤᠭ ᠵᠢᠷᠤᠭ᠎ᠤᠨ ᠤᠷᠤᠯᠳᠤᠭᠠᠨ᠎ᠳᠤ ᠶᠢᠰᠦᠳᠡᠬᠢ ᠤᠳᠠᠭ᠎ᠠ᠎ᠪᠠᠨ ᠲᠡᠷᠢᠭᠦᠨ ᠱᠠᠩᠨᠠᠯ ᠳᠣᠰᠴᠤ᠌ ᠪᠠᠢᠭ᠎ᠠ ᠠᠵᠢ᠃
ᠪ᠊·ᠪᠢᠯᠢᠭ᠎ᠤᠨ ᠤᠷᠠᠨ ᠪᠦᠲᠦᠭᠡᠯ᠎ᠢ ᠲᠤᠳᠤᠭᠠᠲᠤ ᠠᠭᠤᠯᠤᠬ᠍ᠳᠠᠬᠤᠨᠤ ᠬᠢᠨᠢ ᠲᠠᠯ᠎ᠠ᠎ᠠᠴᠠ ᠵᠠᠳᠠᠯᠤᠨ ᠰᠣᠨᠢᠷᠬᠠᠬᠤ᠎ᠳᠤ ᠬᠦᠷᠪᠠᠯ᠂ ᠬᠡᠳᠦᠢᠪᠡᠷ ᠪᠠᠶᠠᠯᠢᠭ ᠣᠯᠠᠨ ᠱᠢᠨᠵᠢ᠎ᠶ᠋ᠢ ᠬᠠᠳᠠᠭᠠᠯᠠᠬᠤ ᠪᠣᠯᠪᠠᠴᠤ᠌ ᠬᠦᠮᠦᠨ᠎ᠤ ᠬᠠᠯᠠᠮᠵᠢᠯᠠᠯ᠂ ᠪᠠᠢᠭᠠᠯᠢ᠎ᠪᠠᠨ ᠳᠡᠭᠡᠳᠦᠯᠡᠬᠦ᠌ ᠤᠬᠠᠮᠰᠠᠷ ᠤᠷᠠᠨ ᠪᠦᠲᠦᠭᠡᠯ᠎ᠤᠨ ᠬᠢᠨᠢ ᠳᠤᠲᠤᠷᠠᠬᠢ ᠨᠢᠭᠡᠨ ᠭᠤᠣᠯ ᠱᠢᠵᠢᠮ ᠪᠣᠯᠵᠤ ᠳᠣᠷᠠᠢᠨᠠ᠃ ᠲᠡᠭᠦᠨ᠎ᠤ ᠲᠤᠰ ᠤᠳᠠᠭᠠᠨ᠎ᠤ ᠤᠷᠤᠯᠳᠤᠭᠠᠨ᠎ᠳᠦ ᠳᠡᠪᠰᠢᠭᠦᠯᠦᠭᠰᠡᠨ ᠲᠠᠪᠤᠨ ᠪᠦᠲᠦᠭᠡᠯ᠎ᠳᠤᠨᠢ ᠬᠦᠮᠦᠨ ᠪᠠᠢᠭᠠᠯᠢ᠎ᠳᠤ ᠢᠪᠢᠯᠦᠭ᠌ᠰᠡᠨ ᠠᠤᠭ᠎ᠠ ᠬᠠᠢᠷ᠎ᠠ ᠭᠤᠣᠯ ᠬᠦᠭ ᠪᠣᠯᠵᠤ᠂ ᠢᠷᠠᠭᠤ ᠡᠭᠡᠱᠢᠭ ᠴᠢᠪᠬᠠᠳᠠᠵᠠᠢ᠃
ᠤᠷᠤᠯᠳᠤᠭᠠᠨ᠎ᠤ ᠲᠡᠷᠢᠭᠦᠨ ᠱᠠᠩᠨᠠᠯ᠎ᠢ ᠱᠢᠭᠦᠷᠦᠭ᠌ᠰᠡᠨ ᠪᠦᠲᠦᠭᠡᠯ — ᠱᠢᠷ᠎ᠠ᠂ ᠤᠯᠠᠭᠠᠨ ᠬᠤᠶᠠᠷ ᠬᠤᠷᠤᠭᠤ ᠦᠷᠭᠡᠨ ᠵᠢᠷᠤᠭᠠᠰᠤᠲᠠᠢ ᠪᠠᠭᠠᠨ᠎ᠠ ᠪᠡᠶᠡᠲᠤ ᠲᠡᠪᠵᠢᠶᠠ ᠳᠡᠭᠡᠷ᠎ᠡ ᠣᠴᠣᠢᠨ ᠰᠠᠭᠤᠵᠤ ᠪᠠᠢᠭ᠎ᠠ ᠥᠳᠭᠡᠨ ᠤᠷᠲᠤ ᠵᠤᠭ᠍ᠳᠤᠷ᠎ᠲᠠᠢ ᠠᠷᠰᠯᠠᠨ ᠠᠮᠠ᠎ᠪᠠᠨ ᠠᠩᠭᠠᠢᠵᠤ ᠪᠠᠢᠨ᠎ᠠ᠃ ᠠᠮᠠᠨ ᠬᠥᠨᠳᠡᠢ᠎ᠳᠤᠨᠢ ᠮᠠᠰᠢ ᠰᠣᠴᠢᠭ᠍ᠰᠠᠨ ᠨᠢᠳᠦ᠍᠎ᠪᠠᠷ ᠬᠠᠷᠠᠵᠤ ᠪᠠᠢᠭ᠎ᠠ ᠬᠤᠶᠠᠷ ᠬᠦᠮᠦᠨ᠎ᠤ ᠲᠣᠯᠣᠭᠠᠢ ᠪᠤᠢ᠃ ᠼᠢᠷᠺᠴᠢᠨᠤᠪᠠᠨ ᠬᠤᠪᠴᠠᠰᠤ᠎ᠲᠠᠢ ᠰᠤᠷᠭᠠᠭ᠍ᠴᠢ ᠡᠨᠡ ᠠᠷᠰᠯᠠᠨ᠎ᠤ ᠡᠮᠦᠨ᠎ᠡ ᠵᠣᠭ᠍ᠰᠤᠭᠠᠳ ᠠᠮᠠᠨᠳᠤᠨᠢ ᠲᠣᠯᠣᠭᠠᠢ᠎ᠪᠠᠨ ᠣᠷᠣᠭᠤᠯᠬᠤ᠎ᠶ᠋ᠢᠨ ᠵᠡᠷᠭᠡᠴᠡᠭᠡ ᠦᠨᠦ᠍ ᠬᠤᠶᠠᠷ ᠬᠦᠮᠦᠨ᠎ᠤ ᠲᠣᠯᠣᠭᠠᠢ᠎ᠶ᠋ᠢ ᠭᠠᠢᠬᠠᠱᠢᠷᠠᠨ ᠬᠠᠷᠠᠵᠤ ᠪᠠᠢᠭ᠎ᠠ᠎ᠪᠠᠷ ᠵᠢᠷᠤᠵᠠᠢ᠃ ᠦᠵᠡᠭ᠌ᠴᠢ᠎ᠶ᠋ᠢᠨ ᠬᠤᠪᠢ᠎ᠳᠤ᠂ ᠡᠨᠡ ᠳᠦᠭ᠌ᠰᠢᠭᠦᠷᠢᠲᠦ ᠦᠢᠯᠡ᠎ᠶ᠋ᠢ ᠬᠠᠷᠠᠭᠠᠳ ᠰᠤᠷᠭᠠᠭ᠍ᠴᠢ᠎ᠶ᠋ᠢᠨ ᠤᠬᠠᠭᠠᠨ ᠴᠢᠳᠠᠪᠤᠷᠢ᠂ ᠵᠣᠷᠢᠭ ᠰᠦᠰᠦ᠎ᠶ᠋ᠢ ᠪᠢᠱᠢᠷᠡᠬᠦ᠌ ᠪᠣᠯᠪᠠᠴᠤ᠌ ᠲᠡᠭᠦᠨ᠎ᠤ ᠡᠮᠦᠨ᠎ᠡ᠎ᠠᠴᠠ ᠰᠡᠳᠭᠢᠯ ᠳᠦᠭ᠌ᠰᠢᠬᠦ᠌ ᠦᠭᠡᠢ ᠪᠠᠢᠵᠤ ᠴᠢᠳᠠᠬᠤ ᠦᠬᠡᠢ ᠶᠤᠮ᠃ ᠶᠠᠭᠤᠨ᠎ᠤ ᠡᠮᠦᠨ᠎ᠡ᠂ ᠠᠷᠰᠯᠠᠨ᠎ᠨᠢ ᠵᠡᠷᠯᠢᠭ ᠳᠣᠭ᠍ᠰᠢᠨ ᠠᠮᠢᠲᠡᠨ ᠪᠣᠯᠬᠤ᠎ᠶ᠋ᠢᠨ ᠬᠤᠪᠢ᠎ᠳᠤ᠂ ᠲᠡᠬᠦᠨ᠎ᠤ ᠵᠡᠷᠯᠢᠭ ᠴᠢᠨᠠᠷ ᠬᠡᠵᠢᠶᠡᠳᠡ᠎ᠪᠠᠨ ᠠᠷᠢᠯᠴᠢᠬᠠᠨ᠎ᠠ ᠭᠡᠰᠡᠨ ᠶᠠᠪᠤᠳᠠᠯ ᠪᠢᠰᠢ᠂ ᠬᠦᠮᠦᠨ᠎ᠤ ᠡᠷᠬᠡ᠎ᠪᠠᠷ ᠤᠤᠭᠠᠯ ᠴᠢᠨᠠᠷ᠎ᠨᠢ ᠬᠠᠷᠱᠢᠯᠠᠭ᠍ᠳᠠᠬᠤ ᠲᠤᠳᠤᠮ ᠵᠡᠷᠯᠢᠭ ᠴᠢᠨᠠᠷ᠎ᠨᠢ ᠠᠯᠢ ᠨᠢᠭᠡᠨ ᠴᠠᠭ᠎ᠲᠤ ᠢᠯᠡᠷᠡᠨ᠎ᠡ ᠭᠡᠰᠡᠨ ᠪᠣᠯᠣᠯᠴᠠᠭ᠎ᠠ ᠲᠠᠯᠪᠢᠭ᠍ᠳᠠᠵᠠᠢ᠃ ᠳᠠᠷᠠᠭᠠᠯᠠᠪᠠᠯ᠂ ᠰᠤᠷᠭᠠᠭ᠍ᠴᠢ ᠬᠡᠳᠦᠢᠪᠡᠷ ᠨᠢᠭᠡᠨ ᠴᠠᠭ᠎ᠢᠶᠠᠷ ᠠᠷᠰᠯᠠᠨᠢ ᠰᠤᠷᠭᠠᠵᠤ ᠴᠢᠳᠠᠭ᠍ᠰᠠᠨ ᠪᠣᠯᠪᠠᠴᠤ᠌ ᠠᠵᠠ ᠦᠭᠡᠢᠳᠡᠪᠡᠯ ᠠᠷᠰᠯᠠᠨ᠎ᠤ ᠠᠮᠠᠨ ᠬᠥᠨᠳᠡᠢ᠎ᠳᠠᠬᠢ ᠭᠤᠷᠪᠠᠳᠡᠬᠢ ᠪᠣᠯᠵᠤ ᠮᠡᠳᠡᠨ᠎ᠡ ᠭᠡᠵᠦ᠍ᠰᠠᠷᠡᠮᠵᠢᠯᠡᠭᠦᠯᠵᠡᠢ᠃ ᠳᠡᠪᠵᠢᠶ᠎ᠡ᠎ᠶ᠋ᠢᠨ ᠱᠢᠷ᠎ᠠ ᠵᠢᠷᠤᠭᠠᠰᠤ᠎ᠨᠢ ᠰᠡᠷᠡᠮᠵᠢ᠎ᠲᠠᠢ ᠪᠠᠢᠬᠤ᠎ᠶ᠋ᠢ ᠰᠡᠷᠡᠭ᠌ᠳᠡᠭᠦᠯᠵᠦ᠍᠂ ᠤᠯᠠᠭᠠᠨ ᠵᠢᠷᠤᠭᠠᠰᠤ᠎ᠨᠢ ᠰᠡᠷᠡᠮᠵᠢ᠎ᠪᠠᠨ ᠠᠯᠳᠠᠪᠠᠯ ᠠᠮᠢ᠎ᠪᠠᠨ ᠠᠯᠲᠠᠬᠤ᠎ᠳᠤ ᠬᠦᠷᠦᠨ᠎ᠡ ᠭᠡᠳᠡᠭ᠎ᠢ ᠢᠯᠡᠳᠭᠡᠭ᠌ᠰᠡᠨ ᠪᠠᠢᠨ᠎ᠠ᠃ ᠡᠭᠦᠨ᠎ᠠᠴᠠ ᠬᠦᠮᠦᠨ᠎ᠤ ᠬᠠᠯᠠᠮᠵᠢᠯᠠᠯ᠎ᠢ ᠣᠯᠵᠤ ᠬᠠᠷᠠᠨ᠎ᠠ᠃ ᠲᠠᠬᠢᠪᠡᠯ᠂ ᠬᠦᠮᠦᠨ ᠲᠥᠷᠥᠯᠬᠢᠲᠡᠨ᠂ ᠠᠮᠢᠲᠡᠨ ᠭᠤᠣᠯᠲᠡᠨᠢ ᠪᠣᠯᠣᠮᠵᠢ᠎ᠶ᠋ᠢᠨ ᠬᠢᠷᠢ᠎ᠪᠠᠷ ᠵᠠᠬᠢᠷᠬᠤ ᠲᠤᠳᠤᠮ ᠣᠷᠣᠱᠢᠯ ᠲᠣᠭ᠍ᠲᠠᠨᠢᠯ᠎ᠢᠶᠠᠨ ᠬᠤᠬᠢᠷᠠᠭᠤᠯᠬᠤ ᠪᠣᠯᠣᠨ᠎ᠠ ᠭᠡᠳᠡᠭ᠎ᠢ ᠳᠠᠮ ᠲᠣᠬᠢᠵᠠᠢ᠃ ᠰᠠᠭᠦᠯ᠎ᠳᠤᠨᠢ᠂ ᠬᠦᠮᠦᠨ ᠲᠥᠷᠥᠯᠬᠢᠲᠡᠨ ᠪᠠ ᠶᠡᠭᠡ ᠪᠠᠢᠭᠠᠯᠢ᠎ᠶ᠋ᠢᠨ ᠬᠠᠷᠢᠴᠠᠭᠠᠨ᠎ᠠᠴᠠ ᠦᠵᠡᠪᠡᠯ᠂ ᠬᠦᠮᠦᠨ ᠬᠢᠷᠢ ᠵᠡᠷᠭᠡ ᠤᠬᠠᠭᠠᠨ ᠴᠢᠳᠠᠪᠤᠷᠢ᠎ᠲᠠᠢ ᠪᠣᠯᠤᠯ᠎ᠠ ᠭᠡᠳ ᠠᠷᠳᠠᠭ ᠪᠠᠢᠭᠠᠯᠢ᠎ᠶ᠋ᠢ ᠪᠦᠷᠢᠨ ᠡᠷᠬᠡᠱᠢᠶᠡᠨᠡ ᠭᠡᠳᠡᠭ ᠪᠣᠯ ᠪᠠᠢᠵᠤ ᠪᠣᠯᠣᠰᠢ ᠦᠭᠡᠢ ᠶᠤᠮ᠃ ᠶᠡᠭᠡ ᠪᠠᠢᠭᠠᠯᠢ᠎ᠶ᠋ᠢᠨ ᠡᠮᠦᠨ᠎ᠡ ᠬᠦᠮᠦᠨ᠎ᠤ ᠬᠦᠴᠦᠨ ᠴᠢᠳᠠᠯ ᠪᠣᠯ ᠥᠴᠦᠬᠡᠨ᠎ᠠᠴᠠ ᠥᠴᠦᠬᠡᠨ ᠠᠵᠢ᠃ ᠡᠢᠮᠦ᠍ ᠪᠣᠯᠬᠤᠷ ᠬᠦᠮᠦᠨ ᠲᠥᠷᠥᠯᠬᠢᠲᠡᠨ ᠪᠠᠢᠭᠠᠯᠢ᠎ᠶ᠋ᠢᠨ ᠵᠢᠮ᠎ᠡ᠎ᠶ᠋ᠢ ᠳᠠᠭᠠᠬᠤ ᠦᠬᠡᠢ ᠪᠠᠢᠵᠤ ᠴᠢᠳᠠᠬᠤ ᠦᠭᠡᠢ ᠭᠡᠳᠡᠭ ᠦᠷ᠎ᠡ ᠳ᠋ᠦᠩ᠎ᠳᠤ ᠬᠦᠷᠬᠦ᠌ ᠪᠣᠯᠣᠨ᠎ᠠ᠃
ᠪ᠊·ᠪᠢᠯᠢᠭ᠎ᠤᠨ ᠤᠷᠤᠯᠳᠤᠭᠠᠨ᠎ᠳᠤ ᠳᠡᠪᠱᠢᠭᠦᠯᠦᠭ᠌ᠰᠡᠨ ᠪᠠᠰᠠ ᠨᠢᠭᠡᠨ ᠪᠦᠲᠦᠭᠡᠯ᠎ᠨᠢ ᠱᠢᠢᠳᠪᠦᠷᠢᠲᠦ ᠲᠡᠮᠡᠴᠡᠭᠡᠨ᠎ᠳᠤ ᠨᠡᠷ᠎ᠡ ᠳᠡᠪᠱᠢᠵᠦ᠍᠂ ᠤᠷᠤᠯᠳᠤᠭᠠᠨ᠎ᠤ ᠡᠯᠧᠺᠲ᠋ᠷᠣᠨ ᠵᠢᠷᠤᠭ᠎ᠤᠨ ᠳᠣᠪᠬᠢᠮᠠᠯᠳᠤ ᠰᠣᠩᠭᠤᠭ᠍ᠳᠠᠵᠠᠢ᠃ ᠠᠵᠢᠭ᠍ᠯᠠᠪᠠᠯ᠄ ᠥᠭᠡᠳᠡ ᠥᠭ᠌ᠰᠦᠭ᠌ᠰᠡᠨ ᠳᠡᠭ᠌ᠳᠡᠷᠯᠢᠭ ᠱᠠᠲᠤᠨ᠎ᠤ ᠰᠠᠭᠤᠷᠢ ᠲᠠᠯ᠎ᠠ᠎ᠶ᠋ᠢᠨ ᠬᠤᠶᠠᠷ ᠬᠠᠵᠠᠭᠤ᠎ᠳᠤ᠂ ᠭᠤᠷᠪᠠᠨ ᠳᠠᠪᠬᠤᠷ ᠴᠢᠯᠠᠭᠤᠨ ᠰᠠᠭᠤᠷᠢ ᠳᠡᠭᠡᠷ᠎ᠡ ᠰᠠᠭᠤᠭ᠎ᠠ ᠰᠦᠷᠯᠢᠭ ᠲᠥᠷᠬᠦ᠌᠎ᠲᠠᠢ ᠠᠷᠰᠯᠠᠨ᠎ᠤ ᠱᠤᠭᠤᠮᠠᠯ ᠪᠠᠢᠨ᠎ᠠ᠃ ᠵᠠᠩᠭᠢᠶ᠎ᠠ ᠵᠠᠭᠦᠵᠦ᠍᠂ ᠺᠤᠰᠲ᠋ᠢᠶᠤᠮ ᠬᠡᠳᠦᠷᠡᠭᠡᠳ ᠣᠷᠲᠤ ᠬᠤᠩᠱᠢᠶᠠᠷᠲᠤ ᠱᠠᠬᠠᠢ ᠢᠰᠭᠦᠯᠵᠦ᠍᠂ ᠠᠯᠪᠠᠨ ᠪᠤᠭ᠍ᠴᠤ ᠪᠠᠷᠠᠭᠤᠨ ᠭᠠᠷ᠎ᠲᠤ᠎ᠪᠠᠨ ᠪᠠᠷᠢᠭ᠍ᠰᠠᠨ ᠡᠷᠬᠢᠮᠰᠦᠭ ᠬᠦᠮᠦᠨ ᠠᠳᠡ ᠢᠷᠡᠭᠡᠳ ᠬᠡᠨᠡᠳᠲᠡ ᠱᠤᠭᠤᠮᠠᠯ ᠠᠷᠰᠯᠠᠨ᠎ᠨᠢ ᠠᠮᠢᠲᠤ ᠪᠠᠢᠨ᠎ᠠ ᠭᠡᠵᠦ᠍ ᠰᠠᠨᠠᠭᠠᠳ ᠰᠡᠮᠡᠭᠡᠷᠬᠡᠨ ᠠᠲᠠᠯ᠎ᠠ ᠱᠠᠯᠠᠮᠠᠭ ᠵᠠᠢᠯᠠᠬᠤ᠎ᠳᠤᠨᠢ ᠺᠤᠰᠲ᠋ᠢᠶᠤᠮᠤᠨ ᠬᠢᠨᠢ ᠬᠤᠷᠮᠦᠢ ᠢᠷᠠᠭ᠍ᠳᠠᠵᠤ ᠪᠤᠢ᠃ ᠬᠦᠮᠦᠨ ᠲᠥᠷᠥᠯᠬᠢᠲᠡᠨ᠎ᠤ ᠠᠷᠰᠯᠠᠨ᠎ᠳᠤ ᠬᠠᠨᠳᠤᠬᠤ ᠣᠪᠤᠷ ᠪᠣᠯ ᠬᠤᠶᠠᠷᠳᠠᠮᠠᠯ ᠴᠢᠨᠠᠷᠲᠠᠢ ᠪᠠᠢᠳᠠᠭ᠃ ᠨᠢᠭᠡ ᠲᠠᠯ᠎ᠠ᠎ᠪᠠᠷ ᠠᠷᠰᠯᠠᠨᠢ ᠠᠮᠢᠲᠡᠨᠤ ᠬᠠᠭᠠᠨ ᠬᠡᠮᠡᠨ ᠴᠣᠯᠠᠯᠠᠵᠤ᠂ ᠲᠡᠭᠦᠨ᠎ᠤ ᠰᠦᠷ ᠰᠦᠯᠳᠡ᠂ ᠬᠦᠴᠦᠨ ᠴᠢᠳᠠᠯ᠎ᠢ ᠲᠣᠭ᠎ᠤᠨ ᠪᠢᠱᠢᠷᠡᠵᠦ᠍ ᠪᠠᠢᠳᠠᠭ᠃ ᠶᠡᠷᠦ᠍᠎ᠶ᠋ᠢᠨ ᠪᠠᠢᠳᠠᠯ᠎ᠳᠤ᠂ ᠠᠷᠰᠯᠠᠨ᠎ᠤ ᠱᠤᠭᠤᠮᠠᠯ᠎ᠢ ᠭᠤᠣᠯ ᠪᠠᠷᠢᠯᠭ᠎ᠠ᠎ᠶ᠋ᠢᠨ ᠡᠭᠦᠳᠡᠨ᠎ᠤ ᠬᠤᠶᠠᠷ ᠲᠠᠯ᠎ᠠ᠎ᠳᠤ ᠪᠤᠰᠭᠠᠵᠤ᠂ ᠴᠢᠳᠬᠦᠷ ᠱᠢᠮᠨᠤᠰ᠂ ᠭᠠᠢ ᠪᠠᠷᠴᠢᠳ᠎ᠤᠨ ᠳᠠᠷᠤᠯᠭ᠎ᠠ ᠪᠣᠯᠭᠠᠨ ᠲᠠᠯᠪᠢᠳᠠᠭ᠃ ᠪᠠᠰᠠ ᠠᠶᠤᠯ ᠲᠦᠭ᠌ᠰᠢᠭᠦᠷᠢ᠎ᠶ᠋ᠢ ᠤᠷᠢᠳᠴᠢᠯᠠᠨ ᠮᠡᠳᠡᠭᠡᠯᠡᠬᠦ᠌ ᠪᠤᠶᠤ ᠡᠵᠡᠨ ᠬᠦᠮᠦᠨ᠎ᠤ ᠡᠷᠬᠡ ᠰᠦᠷ᠎ᠢ ᠬᠠᠷᠠᠭᠤᠯᠳᠠᠭ ᠭᠡᠵᠦ᠍ ᠦᠵᠡᠳᠡᠭ ᠪᠠᠢᠨ᠎ᠠ᠃ ᠭᠡᠬᠦ᠌᠎ᠳᠤ᠎ᠪᠠᠨ ᠬᠦᠮᠦᠨ᠎ᠤ ᠲᠣᠭᠤᠵᠤ ᠪᠢᠱᠢᠷᠡᠳᠡᠭ ᠠᠷᠰᠯᠠᠨ᠎ᠨᠢ ᠪᠠᠢᠭᠠᠯᠢ᠎ᠳᠤ᠎ᠪᠠᠨ ᠲᠠᠪᠠ᠎ᠪᠠᠷ᠎ᠢᠶᠠᠨ ᠠᠮᠢᠳᠤᠷᠠᠭ᠎ᠠ ᠠᠮᠢᠲᠡᠨ ᠪᠢᠰᠢ ᠬᠠᠷᠢᠨ ᠠᠷᠰᠯᠠᠨ᠎ᠤ ᠵᠢᠷᠤᠭ ᠪᠤᠶᠤ ᠱᠤᠭᠤᠮᠠᠯ ᠪᠠᠢᠵᠠᠢ᠃ ᠬᠡᠷᠪᠡ ᠶᠠᠮᠠᠷ ᠨᠢᠭᠡᠨ ᠳᠣᠬᠢᠶᠠᠯᠳᠣᠯ᠎ᠳᠤ ᠦᠨᠡᠨ ᠠᠷᠰᠯᠠᠨ ᠲᠠᠭᠠᠷᠠᠯᠳᠤᠬᠤ᠎ᠳᠤ ᠬᠦᠷᠪᠡᠯ ᠣᠭ᠍ᠲᠤ ᠳᠠᠭᠤ ᠴᠢᠮᠡᠭᠡ ᠭᠠᠷᠭᠠᠯ ᠦᠭᠡᠢ᠂ ᠰᠡᠮᠡᠭᠡᠷ ᠭᠤᠳ ᠲᠤᠳᠠᠭᠠᠬᠤ᠎ᠠᠴᠠ ᠥᠭᠡᠷ᠎ᠡ ᠵᠠᠮ ᠦᠭᠡᠢ ᠶᠤᠮ᠃ ᠠᠷᠰᠯᠠᠨᠢ ᠲᠣᠭᠤᠵᠤ ᠪᠢᠱᠢᠷᠡᠬᠦ᠌ ᠭᠡᠳᠡᠭ᠎ᠨᠢ ᠬᠦᠮᠦᠨ᠂ ᠥᠪᠡᠷ᠎ᠢ᠎ᠪᠠᠨ ᠥᠮᠥᠭ᠌ᠯᠡᠭᠦᠯᠬᠦ᠂ ᠥᠪᠡᠷ᠎ᠤᠨ ᠶᠠᠮᠠᠷ ᠨᠢᠭᠡᠨ ᠬᠦᠰᠡᠯ᠎ᠢᠶᠠᠨ ᠪᠡᠶᠡᠯᠡᠭᠦᠯᠬᠦ᠌ ᠭᠡᠰᠡᠨ ᠭᠤᠷᠢᠳᠠᠯ ᠪᠠᠢᠵᠠᠢ᠃ ᠳᠡᠷᠤᠢ ᠠᠮᠢ᠎ᠪᠠᠨ ᠪᠦᠭᠡᠴᠡᠢᠯᠡᠵᠦ᠍ ᠠᠱᠢᠭ ᠬᠠᠷᠠᠬᠤ ᠨᠢᠳᠦ᠍᠎ᠪᠠᠷ ᠠᠷᠰᠯᠠᠨ᠎ᠢᠶᠠᠨ ᠰᠣᠨᠵᠢᠭ᠍ᠰᠠᠨ ᠶᠠᠪᠤᠳᠠᠯ ᠮᠦᠨ᠃
ᠭᠤᠷᠪᠠᠳᠡᠬᠢ ᠵᠢᠷᠤᠭ᠎ᠢ ᠠᠵᠢᠭ᠍ᠯᠠᠪᠠᠯ᠂ ᠬᠠᠨᠠᠨ ᠳᠡᠭᠡᠷ᠎ᠡ ᠡᠯᠭᠦᠭ᠌ᠰᠡᠨ ᠠᠷᠰᠯᠠᠨ᠎ᠤ ᠲᠣᠯᠣᠭᠠᠢ᠎ᠶ᠋ᠢᠨ ᠱᠤᠭᠤᠮᠠᠯ᠎ᠢ ᠬᠦᠷᠢᠶᠡᠯᠡᠭᠡᠳ ᠣᠯᠠᠨ ᠠᠮᠢᠲᠡᠨᠤ ᠱᠤᠭᠤᠮᠠᠯ ᠲᠥᠷᠬᠦ᠌ ᠡᠯᠭᠦᠭᠡᠰᠦᠲᠡᠢ ᠪᠠᠢᠨ᠎ᠠ᠃ ᠪᠠᠢᠷᠢᠱᠢᠭᠤᠯᠤᠯᠲᠠ᠎ᠠᠴᠠ ᠦᠵᠡᠪᠡᠯ᠂ ᠠᠷᠰᠯᠠᠨ ᠭᠤᠸᠠᠢ ᠠᠮᠢᠲᠡᠨᠤ ᠬᠠᠭᠠᠨ ᠭᠡᠰᠡᠨᠢᠶᠠᠷᠢᠶᠠᠨ ᠭᠤᠣᠯ ᠲᠦᠪ᠎ᠢ ᠡᠵᠡᠯᠡᠵᠡᠢ᠃ ᠠᠷᠰᠯᠠᠨ᠎ᠤ ᠲᠣᠯᠣᠭᠠᠢ᠎ᠶ᠋ᠢᠨ ᠳᠣᠣᠷ᠎ᠠ ᠬᠠᠪᠢ᠎ᠳᠤ᠂ ᠬᠠᠨ᠎ᠠ ᠳᠦᠱᠢᠭᠦᠯᠦᠨ ᠵᠤᠵᠠᠭᠠᠨ ᠣᠯᠪᠤᠭ᠎ᠲᠠᠢ ᠰᠠᠨᠳᠠᠯᠢ ᠲᠠᠯᠪᠢᠵᠠᠢ᠃ ᠰᠠᠨᠳᠠᠯᠢ᠎ᠶ᠋ᠢᠨ ᠵᠡᠭᠦᠨ ᠲᠠᠯ᠎ᠠ᠎ᠶ᠋ᠢᠨ ᠵᠢᠵᠢᠭ ᠬᠤᠷᠭᠤᠨ ᠳᠡᠭᠡᠷ᠎ᠡ ᠠᠷᠢᠬᠢ ᠪᠠ ᠴᠣᠮᠣ ᠲᠠᠯᠪᠢᠵᠦ᠍᠂ ᠪᠠᠷᠠᠭᠤᠨ ᠲᠠᠯ᠎ᠠ᠎ᠶ᠋ᠢᠨ ᠵᠢᠵᠢᠭ ᠬᠤᠷᠭᠤ ᠳᠡᠭᠡᠷ᠎ᠡ ᠴᠠᠬᠢᠯᠭᠠᠨ ᠳ᠋ᠧᠩ ᠪᠠ ᠬᠠᠪᠲᠠᠰᠤᠲᠤ ᠨᠤᠮ ᠲᠠᠯᠪᠢᠵᠠᠢ᠃ ᠨᠥᠭᠦᠬᠡ ᠲᠠᠯ᠎ᠠ᠎ᠳᠤ ᠪᠠᠢᠭ᠎ᠠ ᠠᠪᠳᠠᠷ᠎ᠠ ᠳᠡᠭᠡᠷ᠎ᠡ ᠪᠠᠰᠠ ᠯᠣᠩᠬᠤ᠎ᠲᠠᠢ ᠴᠡᠴᠡᠭ ᠲᠠᠯᠪᠢᠵᠠᠢ᠃ ᠰᠣᠷᠲᠣᠭᠤᠲᠠᠢ ᠥᠷᠥᠭᠡ ᠪᠣᠯᠬᠤ᠎ᠨᠢ ᠦᠵᠡᠳᠡᠯ᠎ᠡ ᠢᠯᠡ᠃ ᠭᠡᠬᠦ᠌᠎ᠳᠤ ᠵᠥᠭᠡᠯᠡᠨ ᠰᠠᠨᠳᠠᠯᠢ᠎ᠠᠴᠠ ᠬᠡᠨᠡᠳᠲᠡ ᠪᠤᠰᠤᠭ᠍ᠰᠠᠨ ᠬᠡᠮᠡᠷ ᠤᠨᠳᠠᠯᠭ᠎ᠠ᠎ᠶ᠋ᠢᠨ ᠬᠤᠪᠴᠠᠰᠤ ᠡᠮᠦᠰᠦᠭ᠌ᠰᠡᠨ ᠯᠠᠷᠵᠠ᠎ᠲᠠᠢ ᠡᠵᠡᠨ ᠥᠨᠥ᠍ ᠬᠠᠨ᠎ᠠ ᠤᠷᠤᠭᠤ᠎ᠪᠠᠨ ᠠᠩᠬᠠᠷᠤᠯ᠎ᠲᠠᠢ ᠭᠠᠢᠬᠠᠨ ᠱᠢᠷᠲᠡᠵᠦ᠍ ᠪᠠᠢᠨ᠎ᠠ᠃ ᠨᠢᠷᠤᠭᠤ᠎ᠪᠠᠨ ᠪᠦᠭ᠌ᠳᠦᠢᠯᠭᠡᠨ᠂ ᠬᠤᠶᠠᠷ ᠭᠠᠷ᠎ᠢᠶᠠᠨ ᠠᠯᠲᠠᠯᠠᠩᠬᠠᠨ᠂ ᠠᠷᠪᠠᠨ ᠬᠤᠷᠤᠭᠤ᠎ᠪᠠᠨ ᠰᠠᠷᠪᠠᠢᠯᠭᠠᠵᠤ ᠰᠠᠨᠳᠤᠷᠤᠭ᠍ᠰᠠᠨ ᠬᠠᠷᠠᠴᠠ᠎ᠪᠠᠷ ᠱᠢᠷᠲᠡᠵᠦ᠍ ᠪᠠᠢᠬᠤ᠎ᠨᠢ ᠲᠡᠭᠦᠨ᠎ᠳᠤ ᠶᠠᠮᠠᠷ ᠨᠢᠭᠡᠨ ᠵᠦᠩ ᠰᠣᠪᠢᠩ ᠪᠠᠭᠤᠵᠤ ᠢᠷᠡᠭ᠌ᠰᠡᠨ ᠪᠠᠢᠵᠤ ᠲᠠᠭᠠᠷᠠᠨ᠎ᠠ᠃ ᠲᠡᠷᠡ᠂ ᠥᠪᠡᠷ᠎ᠤᠨ ᠦᠢᠯᠡᠳᠦᠭ᠌ᠰᠡᠨ ᠬᠡᠷᠡᠭ᠎ᠲᠤ᠎ᠪᠠᠨ ᠰᠡᠵᠢᠭ ᠲᠥᠷᠥᠵᠦ᠍ ᠪᠠᠢᠨ᠎ᠠ᠃ ᠠᠮᠢᠲᠡᠨᠢ ᠪᠢᠱᠢᠷᠡᠵᠦ᠍ ᠰᠦᠵᠢᠭ᠌ᠯᠡᠬᠦ᠌ ᠨᠡᠷ᠎ᠡ᠎ᠪᠠᠷ ᠬᠤᠣᠷᠯᠠᠵᠤ ᠬᠥᠨᠥᠭᠡᠬᠦ᠌ᠨᠢ ᠨᠢᠭᠦᠯᠲᠦ ᠶᠠᠪᠤᠳᠠᠯ ᠮᠦᠨ᠃ ᠲᠡᠷᠡ ᠮᠦᠷᠲᠡᠬᠡᠨ ᠡᠨᠡ ᠬᠦ᠌ ᠨᠢᠭᠦᠯ᠎ᠢᠶᠠᠨ ᠬᠡᠵᠢᠶ᠎ᠡ ᠨᠢᠭᠡᠨ ᠴᠠᠭ᠎ᠲᠤ ᠠᠮᠰᠠᠬᠤ ᠪᠣᠯᠣᠨ᠎ᠠ ᠭᠡᠬᠦ᠌᠎ᠠᠴᠠ ᠠᠶᠤᠨ ᠡᠮᠢᠶᠡᠵᠦ᠍᠂ ᠪᠠᠯᠭᠠᠷᠳᠠᠨ ᠰᠠᠨᠳᠤᠷᠴᠤ᠌ ᠪᠠᠢᠬᠤ ᠠᠵᠢ᠃
ᠳᠦᠷᠪᠡᠳᠡᠬᠢ ᠵᠢᠷᠤᠭ᠎ᠢ ᠠᠵᠢᠭ᠍ᠯᠠᠪᠠᠯ᠂ ᠭᠤᠣᠯ ᠪᠠᠷᠢᠯᠭ᠎ᠠ᠎ᠶ᠋ᠢᠨ ᠡᠭᠦᠳᠡᠨ᠎ᠡ ᠲᠠᠯᠪᠢᠭ᠍ᠳᠠᠳᠠᠭ ᠭᠠᠨᠳᠢᠭ ᠰᠠᠭᠤᠷᠢ᠎ᠲᠠᠢ ᠠᠷᠰᠯᠠᠨ᠎ᠤ ᠪᠤᠰᠤᠭ᠎ᠠ ᠱᠤᠭᠤᠮᠠᠯ ᠪᠠᠢᠨ᠎ᠠ᠃ ᠡᠨᠡ ᠠᠷᠰᠯᠠᠨᠢ ᠨᠢᠭᠤᠷᠯᠠᠭᠠᠳ ᠹᠷᠠᠨᠼᠢ᠎ᠶ᠋ᠢᠨ ᠷᠤᠳᠢᠨᠤ 《ᠪᠤᠳᠤᠯᠭᠠᠲᠠᠨ》 ᠭᠡᠳᠡᠭ ᠠᠯᠳᠠᠷᠲᠤ ᠱᠤᠭᠤᠮᠠᠯ᠎ᠤᠨ ᠲᠦᠷᠢ ᠲᠥᠯᠥᠪ᠎ᠢ ᠲᠡᠷᠡ ᠶᠠᠩᠵᠤ᠎ᠪᠠᠷ᠎ᠨᠢ ᠭᠠᠷᠭᠠᠨ ᠰᠠᠭᠤᠭ᠍ᠰᠠᠨ ᠠᠮᠢᠲᠡᠨᠤ ᠰᠤᠷᠭᠠᠭ᠍ᠴᠢ᠎ᠶ᠋ᠢᠨ ᠱᠤᠭᠤᠮᠠᠯ ᠪᠤᠢ᠃ ᠲᠡᠷᠡ ᠰᠤᠷᠭᠠᠭ᠍ᠴᠢ ᠲᠣᠭ᠍ᠯᠠᠯᠲᠠ᠎ᠶ᠋ᠢᠨ ᠡᠮᠦᠰᠭᠡᠯ᠎ᠢᠶᠠᠨ ᠡᠮᠦᠰᠴᠦ᠍᠂ ᠵᠠᠭᠦᠨ ᠭᠠᠷ᠎ᠲᠤ᠎ᠪᠠᠨ ᠲᠣᠭ᠍ᠯᠠᠬᠤ ᠪᠠᠭᠠᠵᠢ᠎ᠨᠢ ᠪᠣᠯᠬᠤ ᠴᠠᠭᠠᠷᠢᠭ ᠪᠠᠷᠢᠵᠠᠢ᠃ ᠡᠨᠡ ᠱᠤᠭ ᠵᠢᠷᠤᠭᠲᠤ᠌᠂ ᠰᠤᠷᠭᠠᠭ᠍ᠴᠢ ᠭᠤᠸᠠᠢ᠎ᠶ᠋ᠢ 《ᠪᠣᠳᠣᠯᠭᠠᠲᠠᠨ》 (ᠱᠤᠭᠤᠮᠠᠯ)᠎ᠤ᠋ ᠲᠦᠷᠢ ᠲᠥᠯᠥᠪ ᠲᠠᠢ ᠱᠤᠭᠤᠭ᠍ᠰᠠᠨᠨᠢ ᠤᠷᠠᠨ ᠳᠠᠭᠠᠵᠢᠩᠨᠠᠯ ᠪᠣᠯᠬᠤ ᠪᠦᠭᠡᠳ ᠬᠤᠱᠣᠩᠨᠡᠯᠤᠨ ᠴᠠᠭᠠᠨ᠎ᠠ ᠦᠭᠡ᠎ᠪᠠᠨ ᠳᠠᠷᠤᠵᠤ ᠲᠠᠯᠪᠢᠵᠠᠢ᠃ ᠷᠣᠳᠢᠨᠤ 《ᠪᠤᠳᠤᠯᠭᠠᠲᠠᠨ》 ᠪᠣᠯ ᠬᠦᠮᠦᠨ ᠲᠥᠷᠥᠯᠬᠢᠲᠡᠨ᠎ᠤ ᠬᠤᠪᠢ ᠵᠠᠶᠠᠭᠠᠨ᠎ᠳᠤ ᠪᠤᠳᠤᠯᠭᠠᠱᠢᠷᠠᠵᠤ ᠪᠠᠢᠭ᠎ᠠ ᠦᠵᠡᠯ ᠰᠠᠨᠠᠭᠠᠲᠠᠨᠤ ᠳᠦᠷᠢ ᠮᠦᠨ᠃ ᠲᠡᠷᠡ ᠲᠤᠷᠤᠭ᠍ᠰᠢ ᠱᠢᠷᠲᠡᠵᠦ᠍ ᠪᠠᠢᠭ᠎ᠠ᠎ᠨᠢ ᠨᠡᠢᠭᠡᠮ᠎ᠤᠨ ᠳᠡᠭ᠌ᠰᠢ ᠪᠤᠰᠤ᠂ ᠪᠠᠷᠠᠭᠠᠨ ᠬᠠᠷᠠᠩᠭᠤᠢ᠎ᠶ᠋ᠢ ᠠᠵᠢᠭ᠍ᠯᠠᠨ ᠪᠠᠢᠭ᠎ᠠ ᠭᠡᠳᠡᠭ᠃ ᠡᠨᠡᠬᠦ᠌ ᠨᠡᠢᠭᠡᠮ᠎ᠤᠨ 《ᠪᠤᠳᠤᠯᠭᠠᠲᠠᠨ》᠎ᠲᠠᠢ ᠼᠢᠷᠺ᠎ᠤᠨ 《ᠪᠤᠳᠤᠯᠭᠠᠲᠠᠨ》 (ᠰᠤᠷᠭᠠᠭ᠍ᠴᠢ) ᠮᠠᠨᠢ ᠮᠠᠰᠢ ᠲᠤᠳᠤ ᠬᠠᠷᠢᠴᠠᠭᠤᠯᠤᠯ ᠪᠣᠯᠵᠤ ᠪᠤᠢ᠃ ᠵᠠᠬ᠎ᠠ ᠳᠡᠯᠭᠡᠭᠦᠷᠴᠢᠯᠡᠯᠤᠨ ᠡᠨᠡ ᠡᠷᠢᠨ᠎ᠳᠤ᠂ ᠼᠢᠷᠺ᠎ᠤᠨ 《ᠪᠤᠳᠤᠯᠭᠠᠲᠠᠨ》 ᠮᠠᠨᠢ ᠬᠠᠵᠠᠭᠤ᠎ᠳᠤᠨᠢ ᠪᠠᠢᠭ᠎ᠠ ᠡᠨᠡ ᠬᠦ᠌ ᠱᠤᠭᠤᠮᠠᠯ ᠠᠷᠰᠯᠠᠨᠢ ᠬᠡᠷᠬᠢᠨ ᠼᠢᠷᠺᠵᠢᠭᠦᠯᠬᠦ᠌ ᠭᠡᠳᠡᠭ ᠠᠰᠠᠭᠤᠳᠠᠯ ᠳᠡᠭᠡᠷ᠎ᠡ ᠲᠠᠷᠢᠬᠢ᠎ᠪᠠᠨ ᠭᠠᠱᠢᠯᠭᠠᠵᠤ ᠪᠤᠳᠤᠯ᠎ᠳᠤ ᠵᠢᠪᠴᠠᠢ᠃ ᠠᠯᠠᠭ ᠴᠠᠭᠠᠷᠢᠭ᠎ᠨᠢ ᠶᠧᠯᠸᠢ᠎ᠲᠠᠢ ᠪᠠᠢᠭ᠍ᠰᠠᠨ ᠴᠤ᠌ ᠪᠣᠯᠣᠭᠠᠰᠠᠢ ᠭᠡᠵᠦ᠍ ᠭᠠᠷ᠎ᠲᠤ᠎ᠪᠠᠨ ᠵᠠᠭᠤᠷᠠᠭᠠᠳ ᠲᠠᠯᠪᠢᠬᠤ ᠦᠭᠡᠢ ᠪᠠᠢᠨ᠎ᠠ᠃
ᠤᠷᠤᠯᠳᠤᠭᠠᠨ᠎ᠳᠤ ᠳᠡᠪᠱᠢᠭᠦᠯᠦᠭ᠌ᠰᠡᠨ ᠲᠠᠪᠤᠨ ᠱᠤᠭ ᠵᠢᠷᠤᠭ᠎ᠤᠨ ᠲᠤᠲᠤᠷ᠎ᠠ ᠱᠤᠭᠤᠮᠠᠯ ᠳᠦᠷᠢ᠎ᠪᠠᠷ ᠪᠢᠰᠢ᠂ ᠤᠤᠯ ᠪᠡᠶ᠎ᠡ᠎ᠪᠠᠷ᠎ᠨᠢ ᠵᠢᠷᠤᠭ᠍ᠰᠠᠨ ᠨᠢᠭᠡ ᠠᠷᠰᠯᠠᠨ ᠪᠤᠢ᠃ ᠠᠵᠢᠭ᠍ᠯᠠᠪᠠᠯ᠄ ᠡᠨᠡ ᠵᠢᠷᠤᠭᠲᠤ᠌᠂ ᠴᠡᠴᠡᠷᠯᠢᠭ᠎ᠤᠨ ᠰᠠᠷᠠᠯᠵᠢ᠎ᠶ᠋ᠢᠨ ᠲᠣᠲᠤᠷ᠎ᠠ ᠬᠤᠷᠢᠭ᠍ᠳᠠᠨ ᠲᠡᠵᠢᠭᠡᠭ᠌ᠳᠡᠵᠦ᠍ ᠪᠠᠢᠭ᠎ᠠ ᠠᠷᠰᠯᠠᠨ᠎ᠤ ᠪᠤᠳᠤᠯ ᠮᠥᠷᠥᠭᠡᠳᠦᠯ᠎ᠢ ᠳᠦᠷᠰᠦᠯᠢᠭ᠎ᠢᠶᠠᠷ ᠦᠵᠡᠭᠦᠯᠵᠡᠢ᠃ ᠥᠩᠭᠡ᠎ᠲᠠᠢ ᠱᠢᠯ ᠵᠡᠭᠦᠵᠦ᠍ ᠣᠴᠣᠢᠨ ᠰᠠᠭᠤᠭ᠍ᠰᠠᠨ ᠠᠷᠰᠯᠠᠨ ᠮᠠᠨᠢ᠂ ᠬᠡᠭᠡᠷ᠎ᠡ ᠬᠦᠲᠡᠭᠡ ᠠᠩᠨᠠᠵᠤ ᠪᠠᠢᠭ᠍ᠰᠠᠨ ᠡᠷᠢᠶᠡᠨᠲᠠᠬᠢᠪᠠᠨ ᠪᠤᠳᠤᠨ᠎ᠠ᠃ ᠴᠡᠴᠡᠷᠯᠢᠭ᠎ᠲᠤ ᠬᠡᠳᠦᠢᠪᠡᠷ ᠳᠤᠯᠠᠭᠠᠨ ᠪᠦᠯᠢᠶᠡᠨ᠂ ᠢᠳᠡᠬᠦ᠌ ᠤᠤᠭᠤᠬᠤ᠎ᠨᠢ ᠲᠤᠲᠠᠬᠤ ᠦᠭᠡᠢ ᠴᠤ᠌᠂ ᠵᠣᠭᠤᠭ᠎ᠤᠨ ᠬᠢᠨᠢ ᠨᠢᠭᠡ ᠠᠮᠲᠠ ᠪᠣᠯᠣᠭ᠍ᠰᠠᠨ ᠡᠷᠢᠶᠡᠨᠲᠠᠬᠢᠪᠠᠨ ᠰᠠᠨᠠᠵᠤ ᠪᠠᠢᠭ᠎ᠠ ᠠᠵᠢ᠃ ᠠᠮᠢᠲᠠᠨ ᠭᠤᠣᠯᠲᠡᠨᠳᠤ ᠥᠪᠡᠷ᠎ᠤᠨ ᠬᠢᠨᠢ ᠡᠷᠬᠡ ᠵᠢᠷᠭᠠᠯ ᠪᠤᠢ᠃ ᠡᠨᠡ ᠬᠦ᠌ ᠡᠷᠬᠡ ᠵᠢᠷᠭᠠᠯ᠎ᠨᠢ ᠬᠠᠰᠤᠭ᠍ᠳᠠᠵᠤ ᠬᠢᠵᠠᠭᠠᠷᠯᠠᠭ᠍ᠳᠠᠬᠤ᠎ᠳᠤ ᠬᠦᠷᠪᠡᠯ ᠬᠡᠳᠦᠢ ᠪᠠᠶᠠᠨ ᠲᠠᠩᠰᠤᠭ ᠠᠮᠢᠳᠤᠷᠠᠯ᠎ᠠ ᠴᠤ᠌ ᠭᠡᠰᠡᠨ᠂ ᠪᠤᠰᠤᠳ᠎ᠤᠨ ᠲᠠᠭᠠᠱᠢᠶᠠᠯ ᠰᠣᠨᠢᠷᠬᠠᠯ᠎ᠢ ᠬᠡᠳᠦᠢ ᠬᠦᠷᠲᠡᠯ᠎ᠡ ᠴᠤ᠌ ᠭᠡᠰᠡᠨ ᠭᠦᠢᠴᠡᠳ ᠪᠠᠶᠠᠷᠯᠠᠵᠤ ᠴᠡᠩᠭᠡᠵᠦ᠍ ᠴᠢᠳᠠᠬᠤ ᠦᠭᠡᠢ ᠠᠵᠢ᠃ ᠡᠢᠮᠦ᠍᠎ᠳᠤ᠂ ᠪᠠᠢᠭᠠᠯᠢ ᠪᠣᠯ ᠲᠡᠲᠡᠨ᠎ᠤ ᠵᠢᠩᠬᠢᠨᠢ ᠡᠷᠬᠡ ᠴᠢᠯᠦᠭᠡᠨ᠎ᠤ ᠭᠡᠷ ᠣᠷᠣᠨ ᠮᠦᠨ᠃ ᠥᠩᠭᠡᠳᠦ ᠱᠢᠯ ᠵᠡᠭᠦᠭ᠌ᠰᠡᠨ ᠠᠷᠰᠯᠠᠨ ᠮᠠᠨᠢ᠂ ᠬᠦᠮᠦᠨ ᠲᠥᠷᠥᠯᠬᠢᠲᠡᠨ᠎ᠳᠤ ᠥᠩᠭᠡ᠎ᠲᠠᠢ ᠬᠠᠷᠠᠴᠠ᠎ᠪᠠᠷ 《ᠪᠢᠲᠡᠨ》᠎ᠢ᠋ ᠪᠢᠲᠡᠬᠡᠢ ᠬᠠᠷᠠᠭᠠᠰᠠᠢ ᠬᠡᠮᠡᠨ ᠵᠠᠬᠢᠨ ᠱᠠᠭᠠᠷᠳᠠᠵᠤ ᠪᠠᠢᠭ᠎ᠠ ᠪᠢᠯᠡ᠃
ᠡᠨᠡ ᠲᠠᠪᠤᠨ ᠱᠤᠭ ᠵᠢᠷᠤᠭᠲᠤ ᠬᠦᠮᠦᠨ᠎ᠤ ᠬᠠᠯᠠᠮᠵᠢᠯᠠᠯ᠂ ᠪᠠᠢᠭᠠᠯᠢ᠎ᠶ᠋ᠢᠨ ᠵᠣᠬᠢᠴᠠᠯ ᠭᠡᠳᠡᠭ ᠰᠠᠨᠠᠭ᠎ᠠ ᠨᠡᠢᠲᠡᠮ ᠲᠤᠭᠤᠱᠢᠯᠠᠭ᠍ᠳᠠᠵᠠᠢ ᠃