2021 ᠣᠨ᠎ᠤ 12 ᠰᠠᠷ᠎ᠠ᠎ᠠᠴᠠ ᠡᠬᠢᠯᠡᠵᠦ᠍ ᠬᠡᠷᠡᠭ᠌ᠵᠢᠬᠦᠯᠬᠦ᠌ ᠤᠯᠤᠰ᠎ᠤᠨ ᠱᠢᠨ᠎ᠡ ᠲᠣᠭ᠍ᠲᠠᠭᠠᠯ᠎ᠤᠳ
2021-12-03 09:37:45
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶ᠋ᠢᠨ ᠬᠦᠷᠢᠶᠡᠨ᠎ᠳᠠᠬᠢ ᠬᠠᠤᠯᠢ᠎ᠠᠴᠠ ᠵᠥᠷᠢᠴᠡᠭ᠌ᠰᠡᠨ ᠬᠦᠨᠳᠦ ᠴᠢᠬᠤᠯᠠ ᠦᠢᠯᠡ ᠠᠵᠢᠯᠯᠠᠭ᠎ᠠ᠎ᠶ᠋ᠢ ᠢᠯᠡᠴᠢᠯᠡᠨ ᠮᠡᠳᠡᠭᠦᠯᠪᠡᠯ ᠬᠠᠮᠤᠭ᠎ᠤᠨ ᠶᠡᠬᠡ᠎ᠳᠡᠭᠡᠨ 100 ᠲᠦᠮᠡᠨ ᠲᠥᠭᠦᠷᠢᠭ᠎ᠢᠶᠠᠷ ᠱᠠᠩᠨᠠᠨ᠎ᠠ

《ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶ᠋ᠢᠨ ᠬᠦᠷᠢᠶᠡᠨ᠎ᠳᠠᠬᠢ ᠬᠠᠤᠯᠢ᠎ᠠᠴᠠ ᠵᠥᠷᠢᠴᠡᠭ᠌ᠰᠡᠨ ᠬᠦᠨᠳᠦ ᠴᠢᠬᠤᠯᠠ ᠦᠢᠯᠡ ᠠᠵᠢᠯᠯᠠᠭ᠎ᠠ᠎ᠶ᠋ᠢ ᠢᠯᠡᠴᠢᠯᠡᠨ ᠮᠡᠳᠡᠭᠦᠯᠬᠦ᠌ ᠲᠦᠷ ᠬᠡᠷᠡᠭ᠌ᠵᠢᠭᠦᠯᠬᠦ᠌ ᠠᠷᠭ᠎ᠠ》 ᠶ᠋ᠢ 12 ᠰᠠᠷ᠎ᠠ᠎ᠶ᠋ᠢᠨ 1 ᠡᠴᠡ ᠡᠬᠢᠯᠡᠵᠦ᠍ ᠬᠡᠷᠡᠭ᠌ᠵᠢᠬᠦᠯᠦᠨ᠎ᠡ᠃ ᠢᠯᠡᠴᠢᠯᠡᠨ ᠮᠡᠳᠡᠬᠦᠯᠬᠦ᠌ ᠱᠠᠩᠨᠠᠯ᠎ᠢ ᠭᠤᠷᠪᠠᠨ ᠳᠡᠰ ᠲᠤᠬ᠍ᠳᠠᠭᠠᠵᠦ᠍᠂ ᠬᠡᠷᠡᠭ ᠪᠦᠷᠢ᠎ᠶ᠋ᠢᠨ ᠢᠯᠡᠴᠢᠯᠡᠨ ᠮᠡᠳᠡᠬᠦᠯᠬᠦ᠌ ᠱᠠᠩᠨᠠᠯ᠎ᠤᠨ ᠮᠥᠩᠭᠦ᠌ ᠨᠢ ᠬᠠᠮᠤᠭ᠎ᠤᠨ ᠦᠨᠳᠦᠷ ᠳᠡᠭᠡᠨ100 ᠲᠦᠮᠡᠨ ᠲᠥᠭᠦᠷᠢᠭ ᠪᠤᠯᠤᠨ᠎ᠠ᠃

ᠬᠤᠲᠠ᠎ᠶ᠋ᠢᠨ ᠵᠢᠮᠲᠦ ᠵᠠᠮ ᠬᠠᠷᠢᠯᠴᠠᠭᠠᠨ᠎ᠤ ᠮᠠᠱᠢᠨ ᠲᠡᠭᠡᠷ᠎ᠡ ᠲᠠᠮᠠᠬᠢ ᠲᠠᠲᠠᠬᠤ᠎ᠶ᠋ᠢ ᠴᠢᠩᠭ᠎ᠠ ᠴᠠᠭᠠᠵᠠᠯᠠᠨ᠎ᠠ

《ᠬᠤᠲᠠ᠎ᠶ᠋ᠢᠨ ᠵᠢᠮᠲᠦ ᠵᠠᠮ ᠬᠠᠷᠢᠯᠴᠠᠭᠠᠨ᠎ᠤ ᠠᠮᠤᠷ ᠲᠦᠪᠱᠢᠨ ᠎ᠤ ᠬᠠᠮᠢᠶᠠᠷᠤᠯᠲᠠ》 ᠵᠢᠨ ᠤᠯᠤᠰ᠎ᠤᠨ ᠪᠠᠷᠢᠮᠵᠢᠶ᠎ᠠ᠎ᠶ᠋ᠢ 12 ᠰᠠᠷ᠎ᠠ᠎ᠶ᠋ᠢᠨ 1 ᠎ᠠᠴᠠ ᠡᠬᠢᠯᠡᠨ ᠬᠡᠷᠡᠭ᠌ᠵᠢᠬᠦᠯᠦᠨ᠎ᠡ᠃ ᠬᠤᠲᠠ᠎ᠶ᠋ᠢᠨ ᠵᠢᠮᠲᠦ ᠵᠠᠮ ᠬᠠᠷᠢᠯᠴᠠᠭᠠᠨ᠎ᠤ ᠮᠠᠱᠢᠨ᠎ᠳᠤ ᠲᠠᠮᠠᠬᠢ ᠳᠠᠲᠠᠬᠤ᠎ᠶ᠋ᠢ ᠴᠢᠩᠭ᠎ᠠ ᠴᠠᠭᠠᠵᠠᠯᠠᠵᠦ᠍ ᠂ ᠢᠯᠡ ᠲᠣᠳᠣ ᠰᠡᠷᠡᠮᠵᠢ᠎ᠶ᠋ᠢᠨ ᠲᠡᠮᠳᠡᠭ ᠲᠠᠯᠪᠢᠬᠤ ᠬᠡᠷᠡᠭ᠌ᠲᠡᠶ᠃

ᠭᠠᠵᠠᠷ ᠳᠤᠤᠷᠠᠬᠢ ᠤᠰᠤᠨ᠎ᠤ ᠬᠠᠮᠠᠭᠠᠯᠠᠯᠲᠠ ᠪᠠ ᠪᠣᠬᠢᠷᠲᠤᠯ᠎ᠢ ᠰᠡᠷᠭᠡᠢᠯᠡᠨ ᠵᠠᠰᠠᠬᠤ᠎ᠶ᠋ᠢ ᠴᠢᠩᠭᠠᠳᠭᠠᠨ᠎ᠠ

《ᠭᠠᠵᠠᠷ ᠳᠤᠤᠷᠠᠬᠢ ᠤᠰᠤᠨ᠎ᠤ ᠬᠠᠮᠢᠶᠠᠷᠤᠯᠲᠠ᠎ᠶ᠋ᠢᠨ ᠲᠦᠷᠢᠮ》᠎ᠢ 12 ᠰᠠᠷ᠎ᠠ᠎ᠶ᠋ᠢᠨ 1 ᠡᠴᠠ ᠡᠬᠢᠯᠡᠨ ᠬᠡᠷᠡᠭ᠌ᠵᠢᠭᠦᠯᠦᠨ᠎ᠡ᠃ ᠲᠦᠷᠢᠮ᠎ᠳᠤ ᠭᠠᠵᠠᠷ ᠳᠤᠤᠷᠠᠬᠢ ᠪᠠᠷᠢᠯᠭ᠎ᠠ ᠭᠠᠵᠠᠷ ᠳᠤᠤᠷᠠᠬᠢ ᠤᠰᠤᠨ᠎ᠤ ᠤᠷᠤᠰᠭᠠᠯ᠂ ᠤᠰᠤ ᠨᠥᠬᠦᠪᠥᠷᠢᠯᠡᠬᠦ᠂ ᠤᠰᠤ ᠭᠠᠳᠠᠭ᠍ᠰᠢᠯᠠᠭᠤᠯᠬᠤ ᠵᠡᠷᠭᠡ ᠎ᠳᠤ ᠬᠦᠨᠳᠦ ᠶᠡᠭᠡ ᠮᠠᠭᠤ ᠨᠥᠯᠥᠭᠡ ᠭᠠᠷᠭᠠᠪᠠᠯ᠂ ᠬᠠᠮᠤᠭ᠎ᠤᠨ ᠦᠨᠳᠦᠷ ᠳᠡᠭᠡᠨ 50 ᠲᠦᠮᠡᠨ ᠲᠥᠭᠦᠷᠢᠭ᠎ᠢᠶᠠᠷ ᠲᠣᠷᠭᠠᠨ᠎ᠠ ᠭᠡᠵᠦ᠍ ᠲᠤᠬ᠍ᠳᠠᠭᠠᠵᠠᠢ ᠃

ᠱᠢᠨ᠎ᠡ ᠡᠮ ᠡᠷᠬᠡᠪᠰᠢ ᠠᠮᠤᠷ ᠲᠦᠪᠱᠢᠨ᠎ᠤ ᠮᠡᠳᠡᠭᠦᠯᠦᠯᠲᠡ ᠲᠡᠪᠱᠢᠬᠦᠯᠬᠦ᠌ ᠬᠡᠷᠡᠭ᠌ᠳᠡᠢ

 《ᠡᠮ᠎ᠤᠨ ᠪᠦᠲᠦᠭᠡᠭ᠌ᠳᠡᠬᠦᠨ᠎ᠤ ᠴᠢᠨᠠᠷ ᠴᠢᠨᠰᠠᠭ᠎ᠠ᠎ᠶ᠋ᠢ ᠰᠡᠷᠡᠮᠵᠢᠯᠡᠬᠦᠯᠬᠦ᠌ ᠬᠠᠮᠢᠶᠠᠷᠤᠯᠲᠠ᠎ᠶ᠋ᠢᠨ ᠵᠢᠷᠤᠮᠵᠢᠯ》 ᠎ᠢ 12 ᠰᠠᠷ᠎ᠠ᠎ᠶ᠋ᠢᠨ 1ᠡᠴᠡ ᠡᠬᠢᠯᠡᠵᠦ᠍ ᠬᠡᠷᠡᠭ᠌ᠵᠢᠭᠦᠯᠦᠨ᠎ᠡ᠃ ᠱᠢᠨ᠎ᠡ ᠪᠡᠷ ᠨᠠᠢᠷᠠᠭᠤᠯᠤᠭᠰᠠᠨ ᠡᠮ ᠪᠠ ᠥᠭᠡᠷᠡᠴᠢᠯᠡᠨ ᠨᠠᠢᠷᠠᠭᠤᠯᠤᠭ᠍ᠰᠠᠨ ᠱᠢᠨ᠎ᠡ ᠡᠮ᠎ᠨᠢ ᠵᠥᠪᠱᠢᠶᠡᠷᠡᠭ᠌ᠰᠡᠨ ᠭᠡᠷᠡᠴᠢᠯᠡᠯ᠎ᠤᠨ ᠪᠢᠴᠢᠭ ᠮᠠᠲ᠋ᠧᠷᠢᠶᠠᠯ᠎ᠢ ᠣᠯᠤᠭ᠍ᠰᠠᠨ ᠡᠳᠦᠷ᠎ᠠᠴᠠ ᠪᠠᠨ ᠡᠬᠢᠯᠡᠨ ᠪᠦᠬᠦᠯᠢ 1 ᠵᠢᠯ ᠪᠣᠯᠬᠤ ᠪᠦᠷᠢ ᠡᠷᠬᠡᠪᠰᠢ ᠨᠢᠭᠡ ᠤᠳᠠᠭ᠎ᠠ ᠠᠮᠤᠷ ᠲᠦᠪᠱᠢᠨ᠎ᠤ ᠱᠢᠨᠡᠴᠢᠯᠡᠯᠲᠡ᠎ᠶ᠋ᠢᠨ ᠮᠡᠳᠡᠭᠦᠯᠦᠯᠲᠡ ᠲᠤᠱᠢᠶᠠᠬᠤ ᠬᠡᠷᠡᠭ᠌ᠲᠡᠶ᠃

ᠵᠣᠴᠢᠳ᠎ᠤᠨ ᠪᠠᠭᠤᠳᠠᠯ᠂ ᠬᠤᠳᠠᠯᠳᠤᠭᠠᠨ᠎ᠤ ᠲᠠᠯᠠᠪᠤᠷ ᠵᠡᠷᠭᠡ ᠭᠠᠵᠠᠷ ᠠᠮᠤᠷ ᠲᠦᠪᠱᠢᠨ᠎ᠢᠶᠡᠷ ᠵᠠᠢᠯᠠᠭᠤᠯᠬᠤ ᠪᠠᠭᠠᠵᠢ ᠬᠡᠷᠡᠭ᠌ᠰᠡᠯ ᠲᠤᠬᠢᠷᠠᠭᠤᠯᠬᠤ ᠬᠡᠷᠡᠭ᠌ᠳᠡᠢ

《ᠬᠦᠮᠦᠨ ᠬᠠᠷ᠎ᠠ ᠤᠯᠠᠨ ᠴᠤᠬ᠍ᠯᠠᠷᠠᠬ᠍ᠰᠠᠨ ᠲᠠᠯᠠᠪᠦᠷ ᠭᠠᠵᠠᠷ᠎ᠤᠨ ᠠᠮᠤᠷ ᠲᠦᠪᠱᠢᠨ᠎ᠤ ᠬᠠᠮᠢᠶᠠᠷᠤᠯᠳᠠ》 ᠵᠢᠨ ᠤᠯᠤᠰ᠎ᠤᠨ ᠪᠠᠷᠢᠮᠵᠢᠶ᠎ᠠ᠎ᠶ᠋ᠢ 12 ᠰᠠᠷ᠎ᠠ᠎ᠶ᠋ᠢᠨ 1 ᠡᠴᠠ ᠡᠬᠢᠯᠡᠨ ᠬᠡᠷᠡᠭ᠌ᠵᠢᠬᠦᠯᠦᠨ᠎ᠡ᠃ ᠵᠣᠴᠢᠳ᠎ᠤᠨ ᠪᠠᠭᠤᠳᠠᠯ᠂ ᠬᠤᠳᠠᠯᠳᠤᠭᠠᠨ᠎ᠤ ᠲᠠᠯᠠᠪᠤᠷ᠂ ᠡᠮᠨᠡᠯᠬᠡ ᠵᠡᠷᠭᠡ ᠭᠠᠵᠠᠷ᠎ᠤᠨ ᠡᠯ᠎ᠡ ᠲᠠᠪᠬᠤᠷᠯᠢᠭ᠎ᠲᠤ ᠠᠮᠤᠷ ᠲᠦᠪᠱᠢᠨ᠎ᠢᠶᠡᠷ ᠵᠠᠢᠯᠠᠬᠤ ᠵᠠᠮ ᠱᠤᠭᠤᠮ᠎ᠢ ᠵᠢᠭᠠᠬ᠍ᠰᠠᠨ ᠬᠠᠢᠷᠴᠠᠭ᠎ᠢ ᠢᠯᠡ ᠲᠠᠯᠪᠢᠵᠦ᠍᠂ ᠠᠮᠢᠰᠭᠤᠬᠤ ᠪᠠᠭᠠᠵᠢ᠂ ᠠᠯᠴᠢᠭᠤᠷ ᠵᠡᠷᠬᠡ ᠠᠮᠤᠷ ᠲᠦᠪᠱᠢᠨ᠎ᠢᠶᠠᠷ ᠲᠠᠷᠬᠠᠵᠦ᠍ ᠵᠠᠢᠯᠠᠬᠤ᠎ᠳᠤ ᠲᠤᠰᠠᠯᠠᠬᠤ ᠵᠦᠢᠯᠡᠰ᠎ᠢ ᠪᠡᠯᠡᠳᠭᠡᠵᠦ᠍ ᠲᠠᠯᠪᠢᠬᠤ ᠬᠡᠷᠡᠭ᠌ᠳᠡᠢ᠃

ᠮᠠᠨ᠎ᠤ ᠤᠷᠤᠨ ᠬᠠᠮᠤᠭ᠎ᠤᠨ ᠲᠤᠤᠷ᠎ᠠ ᠴᠠᠯᠢᠩ᠎ᠤᠨ ᠪᠠᠷᠢᠮᠵᠢᠶ᠎ᠠ᠎ᠳᠤ ᠲᠤᠬᠢᠷᠠᠭᠤᠯᠤᠯᠳᠠ ᠬᠢᠨ᠎ᠡ

《ᠬᠠᠮᠤᠭ᠎ᠤᠨ ᠲᠤᠤᠷ᠎ᠠ ᠴᠠᠯᠢᠩ᠎ᠤᠨ ᠪᠠᠷᠢᠮᠵᠢᠶ᠎ᠠ ᠵᠢᠴᠢ ᠪᠦᠬᠦᠯᠢ ᠡᠳᠦᠷ᠎ᠤᠨ ᠲᠦᠷᠢᠮᠳᠦ ᠪᠤᠰᠦ ᠠᠵᠢᠯᠯᠠᠬᠤ ᠴᠠᠭ᠎ᠤᠨ ᠬᠠᠮᠤᠭ᠎ᠤᠨ ᠲᠤᠤᠷ᠎ᠠ ᠴᠠᠯᠢᠩ᠎ᠤᠨ ᠪᠠᠷᠢᠮᠵᠢᠶ᠎ᠠ᠎ᠶ᠋ᠢ ᠲᠤᠬᠢᠷᠠᠭᠤᠯᠬᠤ ᠲᠤᠬᠠᠢ ᠮᠡᠳᠡᠭ᠌ᠳᠡᠯ》 ᠎ᠢ 12 ᠰᠠᠷ᠎ᠠ᠎ᠶ᠋ᠢᠨ 1 ᠡᠴᠠ ᠡᠬᠢᠯᠡᠨ ᠬᠡᠷᠡᠭ᠌ᠵᠢᠬᠦᠯᠦᠨ᠎ᠡ᠃ ᠨᠢᠬᠡᠳᠦᠬᠡᠷ ᠲᠦᠷᠦᠯ ᠎ᠤᠨ ᠭᠠᠵᠠᠷ ᠤᠷᠤᠨ᠎ᠤ ᠬᠠᠮᠤᠭ᠎ᠤᠨ ᠲᠤᠤᠷ᠎ᠠ ᠴᠠᠯᠢᠩ᠎ᠤᠨ ᠪᠠᠷᠢᠮᠵᠢᠶ᠎ᠠ᠎ᠶ᠋ᠢ ᠰᠠᠷ᠎ᠠ ᠪᠦᠷᠢ 1980 ᠲᠦᠭᠦᠷᠢᠭ᠂ ᠬᠤᠶᠠᠳᠤᠭᠠᠷ ᠲᠦᠷᠦᠯ᠎ᠤᠨ ᠭᠠᠵᠠᠷ ᠤᠷᠤᠨ᠎ᠤ ᠬᠠᠮᠤᠭ᠎ᠤᠨ ᠲᠤᠤᠷ᠎ᠠ ᠴᠠᠯᠢᠩ᠎ᠤᠨ ᠪᠠᠷᠢᠮᠵᠢᠶ᠎ᠠ᠎ᠶ᠋ᠢ ᠰᠠᠷ᠎ᠠ ᠪᠦᠷᠢ 1910 ᠲᠦᠭᠦᠷᠢᠭ᠂ ᠭᠤᠷᠪᠠᠳᠤᠭᠠᠷ ᠲᠦᠷᠦᠯ᠎ᠤᠨ ᠭᠠᠵᠠᠷ ᠤᠷᠤᠨ᠎ᠤ ᠬᠠᠮᠤᠭ᠎ᠤᠨ ᠲᠤᠤᠷ᠎ᠠ ᠴᠠᠯᠢᠩ᠎ᠤᠨ ᠪᠠᠷᠢᠮᠵᠢᠶ᠎ᠠ᠎ᠶ᠋ᠢ ᠰᠠᠷ᠎ᠠ ᠪᠦᠷᠢ 1850  ᠲᠦᠭᠦᠷᠢᠭ᠎ᠢᠶᠠᠷ ᠲᠤᠬ᠍ᠳᠠᠭᠠᠪᠠ᠃


QQ截图20211203094257.png

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号