ᠠᠯᠠᠱᠠ ᠵᠡᠭᠦᠨ ᠬᠤᠱᠢᠭᠤ ᠪᠣᠳᠠᠰ᠎ᠤᠨ ᠪᠤᠰᠤ ᠰᠣᠶᠣᠯ᠎ᠤᠨ ᠥᠪ᠎ᠢ ᠴᠢᠨᠠᠷ ᠰᠠᠢᠳᠠᠢ ᠬᠦᠭ᠌ᠵᠢᠬᠦᠯᠵᠤ ᠪᠠᠢᠨ᠎ᠠ
2021-03-10 09:53:07
ᠵᠣᠬᠢᠶᠠᠭ᠍ᠴᠢ᠄
ᠪᠤᠤ ᠰᠠᠷᠠᠭᠤᠯ
ᠣᠩᠱᠢᠭ᠍ᠰᠠᠨ ᠣᠳᠠᠭ᠎ᠠ᠄
★★★☆☆

ᠣᠢᠷ᠎ᠠ᠎ᠶ᠋ᠢᠨ ᠵᠢᠯ᠎ᠳᠤ᠂ ᠠᠯᠠᠱᠠ ᠠᠢᠮᠠᠭ᠎ᠤᠨ ᠠᠯᠠᠱᠠ ᠵᠡᠭᠦᠨ ᠬᠤᠱᠢᠭᠤ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠬᠤ ᠠᠵᠢᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ᠂ ᠱᠢᠯᠢᠳᠡᠭ ᠰᠣᠶᠣᠯ᠎ᠤᠨ ᠥᠪ᠎ᠢ ᠤᠯᠠᠮᠵᠢᠯᠠᠨ ᠪᠠᠳᠠᠷᠠᠭᠤᠯᠬᠤ᠎ᠶ᠋ᠢ ᠪᠠᠷᠢᠮᠲᠠᠯᠠᠨ᠂ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠬᠤ ᠲᠣᠭ᠍ᠲᠠᠴᠠ᠎ᠶ᠋ᠢ ᠲᠠᠰᠤᠷᠠᠯᠲᠠ ᠥᠬᠡᠶ ᠲᠡᠭᠦᠯᠳᠡᠷᠵᠢᠭᠦᠯᠵᠦ᠍᠂ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠵᠤ ᠤᠯᠠᠮᠵᠢᠯᠠᠨ ᠵᠠᠯᠭᠠᠮᠵᠢᠯᠠᠬᠤ ᠱᠢᠰᠲ᠋ᠧᠮ᠎ᠢ ᠬᠦᠴᠦᠯᠡᠨ ᠪᠠᠢᠭᠤᠯᠤᠭ᠍ᠰᠠᠨ᠎ᠠᠴᠠ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠬᠤ ᠠᠵᠢᠯ ᠢᠯᠡᠳᠲᠡ ᠦᠷ᠎ᠡ ᠪᠦᠲᠦᠮᠵᠢ ᠤᠯᠪᠠ᠃

ᠪᠣᠳᠠᠰ᠎ᠤᠨ ᠪᠤᠰᠤ ᠰᠤᠶᠤᠯ᠎ᠤᠨ ᠦᠪ᠎ᠤᠨ ᠪᠣᠯᠪᠠᠰᠤᠷᠠᠯ᠎ᠤᠨ ᠭᠠᠵᠠᠷ᠎ᠲᠤ᠌᠂ ᠡᠳᠦᠷ ᠪᠦᠷᠢ 20 ᠭᠠᠷᠤᠶ ᠤᠷᠠᠨ ᠳᠠᠷᠬᠠᠨ ᠢᠷᠡᠵᠦ᠍ ᠲᠠᠩᠺᠠ ᠬᠢᠳᠡᠭ᠃ ᠪᠣᠳᠠᠰ᠎ᠤᠨ ᠪᠤᠰᠤ ᠰᠣᠶᠣᠯ᠎ᠤᠨ ᠥᠪ᠎ᠤᠨ ᠮᠦᠽᠧᠶ᠂ ᠲᠠᠩᠺᠠ᠂ ᠮᠣᠩᠭᠤᠯ ᠬᠠᠳᠭᠤᠮᠠᠯ ᠵᠡᠷᠭᠡ ᠠᠮᠢᠳᠤᠯᠢᠭ ᠰᠠᠢᠬᠠᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠪᠦᠲᠦᠭᠡᠯ᠎ᠤᠳ᠎ᠨᠢ ᠬᠥᠮᠦᠰ᠎ᠤᠨ ᠪᠠᠭ᠍ᠠᠷᠬᠠᠯ᠎ᠢ ᠳᠠᠳᠠᠭ᠍ᠰᠠᠨ ᠪᠠᠢᠨ᠎ᠠ᠃ ᠮᠦᠽᠧᠶ᠎ᠳᠤ 300 ᠭᠠᠷᠤᠶ ᠲᠠᠩᠺᠠ᠎ᠶ᠋ᠢᠨ ᠪᠦᠲᠦᠭᠡᠯ᠂ ᠨᠢᠭᠡ ᠢᠵᠢ ᠮᠣᠩᠭᠤᠯ ᠬᠡᠪᠯᠡᠯ᠎ᠤᠨ ᠭᠠᠨᠵᠤᠤᠷ ᠪᠠ 3000 ᠭᠠᠷᠤᠶ ᠳᠡᠪᠲᠡᠷ ᠠᠯᠠᠱᠠ ᠬᠤᠱᠤᠳ᠎ᠤᠨ ᠮᠣᠩᠭᠤᠯ ᠬᠡᠯᠡᠨ᠎ᠤ ᠲᠡᠦᠬᠡ᠎ᠶ᠋ᠢᠨ ᠲᠠᠩᠰᠠ ᠡᠪᠬᠡᠮᠡᠯ᠂ ᠡᠪᠡᠰᠦᠨ ᠡᠮ᠎ᠤᠨ ᠲᠣᠪᠴᠢ ᠵᠡᠷᠭᠡ ᠲᠡᠦᠬᠡ᠂ ᠰᠣᠶᠣᠯ᠂ ᠱᠠᠱᠢᠨ ᠰᠤᠷᠲᠠᠬᠤᠨ᠂ ᠡᠮ ᠡᠮᠨᠡᠯᠭᠡ ᠵᠡᠷᠭᠡ ᠡᠯ᠎ᠡ ᠲᠥᠷᠥᠯ᠎ᠤᠨ ᠨᠣᠮ ᠪᠢᠴᠢᠭ᠎ᠢ ᠬᠠᠳᠠᠭᠠᠯᠠᠵᠤ ᠪᠣᠶ᠃

ᠤᠢ᠍ᠢᠷ᠎ᠠ᠎ᠶ᠋ᠢᠨ ᠵᠢᠯ᠎ᠳᠤ᠂ ᠠᠯᠠᠱᠠ ᠵᠡᠭᠦᠨ ᠬᠤᠱᠢᠭᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠷᠥᠯ ᠵᠦᠶᠯ ᠵᠢᠴᠢ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠷᠥᠯ  ᠵᠦᠢᠯ᠎ᠤᠨ ᠵᠠᠯᠭᠠᠮᠵᠢᠯᠠᠭ᠍ᠴᠢ᠎ᠶ᠋ᠢ ᠭᠤᠶᠤᠴᠢᠯᠠᠨ ᠮᠡᠳᠡᠭᠦᠯᠬᠦ᠌ ᠠᠵᠢᠯ᠎ᠢ ᠢᠳᠡᠪᠬᠢᠲᠡᠶ ᠥᠷᠨᠢᠭᠦᠯᠵᠦ᠍᠂ ᠤᠯᠠᠮᠵᠢᠯᠠᠨ ᠵᠠᠯᠭᠠᠮᠵᠢᠯᠠᠭ᠍ᠴᠢ᠎ᠶ᠋ᠢ ᠵᠣᠬᠢᠶᠠᠨ ᠪᠠᠢᠭᠤᠯᠤᠨ ᠡᠯ᠎ᠡ ᠲᠥᠷᠥᠯ᠎ᠤᠨ ᠳᠡᠯᠭᠡᠨ ᠦᠵᠡᠭᠦᠯᠬᠦ᠌ ᠠᠵᠢᠯᠯᠠᠭ᠎ᠠ᠎ᠳᠤ ᠣᠷᠣᠯᠴᠠᠭᠤᠯᠤᠭ᠍ᠰᠠᠨ ᠪᠥᠭᠡᠳ ᠪᠣᠳᠠᠰ᠎ᠤᠨ ᠪᠤᠰᠤ ᠰᠣᠶᠣᠯ᠎ᠤᠨ ᠥᠪ᠎ᠢ ᠦᠵᠡᠮᠵᠢ᠎ᠶ᠋ᠢᠨ ᠣᠷᠣᠨ᠎ᠳᠤ ᠣᠷᠣᠭᠤᠯᠬᠤ᠂ ᠨᠡᠢᠭᠡᠮ ᠲᠣᠭᠤᠷᠢᠭ᠎ᠲᠤ ᠣᠷᠣᠭᠤᠯᠬᠤ᠂ ᠭᠠᠴᠠᠭ᠎ᠠ ᠲᠤᠰᠭᠤᠨ᠎ᠳᠤ ᠣᠷᠣᠭᠤᠯᠬᠤ ᠤᠬᠠᠭᠤᠯᠭ᠎ᠠ ᠦᠵᠡᠭᠦᠯᠭᠡ᠎ᠶ᠋ᠢᠨ ᠠᠵᠢᠯᠯᠠᠭ᠎ᠠ ᠣᠯᠠᠨ ᠤᠳᠠᠭ᠎ᠠ ᠥᠷᠨᠢᠭᠦᠯᠵᠦ᠍᠂ ᠤᠯᠠᠮᠵᠢᠯᠠᠨ ᠵᠠᠯᠭᠠᠮᠵᠢᠯᠠᠭ᠍ᠴᠢ᠎ᠶ᠋ᠢᠨ ᠨᠡᠷ᠎ᠡ ᠠᠯᠳᠠᠷ᠎ᠢ ᠳᠡᠭᠡᠭ᠌ᠰᠢᠯᠡᠭᠦᠯᠪᠡ᠃ ᠡᠭᠦᠨ᠎ᠤ ᠬᠠᠮᠲᠤ᠌᠂ ᠪᠣᠳᠠᠰ᠎ᠤᠨ ᠪᠤᠰᠤ ᠰᠣᠶᠣᠯ᠎ᠤᠨ ᠥᠪ᠎ᠢ ᠴᠤᠭ᠍ᠯᠠᠭᠤᠯᠬᠤ᠂ ᠡᠮᠬᠢᠯᠡᠬᠦ᠌ ᠵᠢᠴᠢ ᠠᠭᠤᠳᠠᠯᠬᠤ ᠠᠵᠢᠯ᠎ᠢ ᠢᠳᠡᠪᠬᠢᠲᠡᠶ ᠥᠷᠨᠢᠭᠦᠯᠵᠦ᠍᠂ ᠳᠠᠩᠰᠠ ᠡᠪᠬᠡᠮᠡᠯ ᠪᠠᠢᠭᠤᠯᠤᠨ᠂ ᠲᠥᠷᠥᠯ ᠵᠦᠢᠯ ᠨᠢᠭᠡᠪᠦᠷᠢ᠎ᠶ᠋ᠢᠨ ᠦᠰᠦᠭ ᠪᠢᠴᠢᠭ᠂ ᠳᠠᠭᠤ ᠱᠢᠩᠭᠡᠭᠡᠯᠲᠡ᠂ ᠳᠦᠷᠰᠦ ᠱᠢᠩᠭᠡᠭᠡᠯᠲᠡ ᠵᠢᠴᠢ ᠭᠡᠷᠡᠯ ᠵᠢᠷᠤᠭ᠎ᠤᠨ ᠮᠠᠲ᠋ᠧᠷᠢᠶᠠᠯ᠎ᠢ ᠲᠠᠰᠤᠷᠠᠯᠲᠠ ᠤᠢ᠍ᠭᠡᠢ ᠲᠡᠭᠦᠯᠳᠡᠷᠵᠢᠭᠦᠯᠵᠦ᠍᠂ ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠨ ᠵᠠᠯᠭᠠᠮᠵᠢᠯᠠᠬᠤ ᠪᠠ ᠬᠠᠮᠠᠭᠠᠯᠠᠬᠤ᠎ᠳᠤ ᠪᠠᠲᠤ ᠪᠠᠬᠢ ᠰᠠᠭᠤᠷᠢ᠎ᠶ᠋ᠢ ᠳᠠᠯᠪᠢᠵᠠᠢ᠃

ᠠᠯᠠᠱᠠ ᠵᠡᠭᠦᠨ ᠬᠤᠱᠢᠭᠤᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠨ ᠬᠠᠮᠠᠭᠠᠯᠠᠬᠤ ᠠᠵᠢᠯ ᠢᠯᠡᠳᠲᠡ ᠠᠮᠵᠢᠯᠲᠠ ᠣᠯᠵᠤ᠂ ᠣᠳᠣᠬᠠᠨ᠎ᠳᠤ᠂ ᠠᠯᠠᠱᠠ ᠵᠡᠭᠦᠨ ᠬᠤᠱᠢᠭᠤᠨ᠎ᠤ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠷᠥᠯ  ᠵᠦᠢᠯ 6᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠲᠥᠷᠥᠯ ᠵᠦᠶᠯ 26᠂ ᠠᠢᠮᠠᠭ᠎ᠤᠨ ᠲᠠᠰ᠎ᠤᠨ ᠲᠥᠷᠥᠯ ᠵᠦᠶᠯ 70᠂ ᠬᠤᠱᠢᠭᠤᠨ᠎ᠤ ᠲᠠᠰ᠎ᠤᠨ ᠲᠥᠷᠥᠯ  ᠵᠦᠢᠯ 83 ᠪᠠᠢᠵᠤ᠂ ᠤᠯᠤᠰ᠎ᠤᠨ ᠲᠠᠰ᠎ᠤᠨ ᠤᠯᠠᠮᠵᠢᠯᠠᠭ᠍ᠴᠢ 6 ᠬᠥᠮᠦᠨ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠤᠯᠠᠮᠵᠢᠯᠠᠭ᠍ᠴᠢ 44 ᠬᠥᠮᠦᠨ᠂ ᠠᠢᠮᠠᠭ᠎ᠤᠨ ᠲᠠᠰ᠎ᠤᠨ ᠤᠯᠠᠮᠵᠢᠯᠠᠭ᠍ᠴᠢ 115 ᠬᠥᠮᠦᠨ᠂ ᠬᠤᠱᠢᠭᠤᠨ᠎ᠤ ᠲᠠᠰ᠎ᠤᠨ ᠤᠯᠠᠮᠵᠢᠯᠠᠭ᠍ᠴᠢ 250 ᠬᠥᠮᠦᠨ ᠪᠣᠶ᠃ 2020 ᠣᠨ᠎ᠳᠤ ᠠᠯᠠᠱᠠ ᠵᠡᠭᠦᠨ ᠬᠤᠱᠢᠭᠤᠨ᠎ᠤ ᠰᠣᠶᠣᠯ᠎ᠤᠨ ᠣᠷᠳᠣᠨ ᠪᠡ ᠵᠠᠷᠢᠮ ᠬᠤᠪᠢ ᠬᠦᠮᠦᠨ 《ᠪᠥᠬᠦ᠌ ᠣᠷᠣᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠬᠠᠮᠠᠭᠠᠯᠠᠯᠲᠠ᠎ᠶ᠋ᠢᠨ ᠠᠵᠢᠯ᠎ᠤᠨ ᠲᠡᠷᠢᠭᠦᠨ᠎ᠤ ᠬᠠᠮᠲᠤ》 ᠪᠠ 《ᠪᠥᠬᠦ᠌ ᠣᠷᠣᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠬᠠᠮᠠᠭᠠᠯᠠᠯᠲᠠ᠎ᠶ᠋ᠢᠨ ᠠᠵᠢᠯ᠎ᠤᠨ ᠲᠡᠷᠢᠭᠦᠨ᠎ᠤ ᠬᠤᠪᠢ ᠬᠥᠮᠦᠨ》 ᠵᠡᠷᠭᠡ ᠴᠣᠯᠠ᠎ᠶ᠋ᠢ ᠭᠥᠷᠳᠡᠭ᠌ᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号