ᠲᠤᠮᠳᠠᠳᠤ᠎ᠶ᠋ᠢᠨ ᠦᠨᠳᠦᠰᠦᠳᠡᠨ᠎ᠤ ᠱᠢᠯᠢᠳᠡᠭ ᠰᠤᠶᠤᠯ᠎ᠢ ᠤᠯᠠᠮᠵᠢᠯᠠᠵᠤ ᠬᠦᠭ᠌ᠵᠢᠭᠦᠯᠦᠭ᠌ᠰᠡᠨ ᠪᠠᠰᠠ ᠨᠢᠭᠡᠨ ᠪᠠᠶᠠᠷᠳᠤ ᠮᠡᠳᠡᠭᠡ —
ᠵᠠᠩᠭᠠᠷᠴᠢ ᠪᠠᠲ᠋ᠠᠢ ᠪᠤᠯ ᠱᠢᠨᠵᠢᠶᠠᠩ᠎ᠤᠨ ᠤᠢᠭᠤᠷ᠎ᠤᠨ ᠥᠪᠡᠷᠲᠡᠭᠡᠨ ᠵᠠᠰᠠᠬᠤ ᠣᠷᠣᠨ᠎ᠤ ᠬᠠᠷᠬᠤᠰᠤᠨ ᠬᠤᠲᠠ᠎ᠶ᠋ᠢᠨ ᠲᠠᠪᠢᠯᠬᠠᠢ᠎ᠲᠤ ᠮᠣᠩᠭᠤᠯ ᠦᠨᠳᠦᠰᠦᠲᠡᠨ᠎ᠤ ᠰᠤᠮᠤ᠎ᠶ᠋ᠢᠨ ᠣᠮᠤᠭ ᠲᠣᠰᠭᠤᠨ᠎ᠤ ᠬᠦᠮᠦᠨ ᠮᠦᠨ᠃ ᠥᠪᠥᠷ ᠮᠣᠩᠭᠤᠯ᠎ᠤᠨ ᠶᠡᠭᠡ ᠰᠤᠷᠭᠠᠭᠤᠯᠢ᠎ᠶ᠋ᠢᠨ 《ᠵᠠᠩᠭᠠᠷ》 ᠰᠤᠳᠤᠯᠤᠯ᠎ᠤᠨ ᠲᠥᠪ᠎ᠠᠴᠠ ᠵᠣᠬᠢᠶᠠᠨ ᠪᠠᠢᠭᠤᠯᠤᠭ᠍ᠰᠠᠨ ᠬᠡᠭᠡᠷ᠎ᠡ᠎ᠶ᠋ᠢᠨ ᠱᠢᠨᠵᠢᠯᠡᠭᠡᠨ᠎ᠤ ᠠᠩᠭᠢ 2018 ᠣᠨ᠎ᠤ 8 ᠰᠠᠷ᠎ᠠ᠎ᠶ᠋ᠢᠨ 25 ᠠᠴᠠ 27 ᠤ ᠡᠳᠤᠷ ᠪᠠᠲ᠋ᠠᠢ ᠵᠠᠩᠭᠠᠷᠴᠢ᠎ᠶ᠋ᠢ ᠠᠩᠬ᠎ᠠ ᠰᠤᠷᠪᠤᠯᠵᠢᠯᠠᠬᠤ᠎ᠳᠤ᠂ ᠳᠡᠷᠡ᠎ᠪᠠᠷ 3 ᠡᠳᠥᠷ᠎ᠤᠨ ᠳᠣᠲᠣᠷ᠎ᠠ ᠳᠠᠪᠬᠤᠴᠠᠬᠤ ᠦᠭᠡᠢ ᠲᠤᠭ᠎ᠠ᠎ᠪᠠᠷ 35 ᠪᠥᠯᠥᠭ᠎ᠢ ᠴᠡᠭᠡᠵᠢ᠎ᠪᠠᠷ ᠨᠡᠢᠳᠡ 21 ᠴᠠᠭ ᠬᠠᠢᠯᠠᠵᠤ᠂ ᠤᠬᠤᠷ ᠬᠤᠭᠤᠴᠠᠭᠠᠨ᠎ᠳᠤ ᠣᠯᠠᠨ ᠪᠥᠯᠥᠭ 《ᠵᠠᠩᠭᠠᠷ》 ᠬᠠᠢᠯᠠᠭ᠍ᠰᠠᠨ ᠳᠡᠯᠡᠭᠡᠢ᠎ᠶ᠋ᠢᠨ ᠱᠢᠨ᠎ᠡ ᠲᠡᠮᠳᠡᠭ᠌ᠯᠡᠯ᠎ᠢ ᠡᠭᠦᠳᠦᠭ᠌ᠰᠡᠨ ᠪᠢᠯᠠ᠃

ᠤᠢᠷ᠎ᠠ᠎ᠳᠤ ᠵᠠᠩᠭᠠᠷᠴᠢ ᠪᠠᠲ᠋ᠠᠢ ᠦᠪᠦᠷ ᠮᠤᠩᠭᠤᠯ᠎ᠤᠨ ᠤᠯᠠᠭᠠᠨᠬᠠᠳᠠ ᠬᠤᠳᠠᠨ᠎ᠠ ᠤᠷᠢᠭ᠍ᠳᠠᠨ ᠬᠦᠷᠴᠤ᠌ 《ᠵᠠᠩᠭᠠᠷ》 ᠬᠠᠢᠯᠠᠭᠠᠳ ᠳᠠᠬᠢᠨᠳᠠ ᠤᠯᠠᠨ᠎ᠢ ᠪᠢᠱᠢᠷᠡᠬᠦᠯᠦᠭ᠌ᠰᠡᠨ ᠪᠢᠯᠠ᠃ ᠳᠡᠷᠡ᠎ᠪᠠᠷ ᠦᠪᠦᠷ ᠮᠤᠩᠭᠤᠯ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠭᠡᠪᠯᠡᠯ᠎ᠤᠨ ᠬᠤᠷᠢᠶᠠᠨ᠎ᠤ ᠤᠷᠢᠯᠭ᠎ᠠ᠎ᠪᠠᠷ ᠤᠯᠠᠭᠠᠨᠬᠠᠳᠠ ᠬᠤᠳᠠ᠎ᠶ᠋ᠢᠨ ᠠᠵᠢᠨᠠᠢ ᠪᠢᠴᠢᠭ ᠵᠢᠷᠤᠭ ᠪᠠᠷᠯᠠᠵᠤ ᠤᠷᠠᠯᠠᠬᠤ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠎ᠶ᠋ᠢᠨ ᠳᠠᠭᠤ ᠱᠢᠩᠭᠡᠭᠡᠯᠳᠡ᠎ᠶ᠋ᠢᠨ ᠳᠠᠰᠤᠭ᠎ᠲᠤ 2021 ᠤᠨ᠎ᠤ 3 ᠰᠠᠷ᠎ᠠ᠎ᠶ᠋ᠢᠨ 22 ᠤᠨ ᠡᠳᠦᠷ᠎ᠠᠴᠠ 4 ᠰᠠᠷ᠎ᠠ᠎ᠶ᠋ᠢᠨ 7 ᠤ ᠡᠳᠦᠷ ᠪᠤᠯᠳᠠᠯ᠎ᠠ 《ᠬᠦᠭᠡ ᠳᠠᠯ᠎ᠠ · ᠰᠤᠨᠤᠰᠳᠠᠭ ᠨᠤᠮ ᠳᠠᠪᠴᠠᠩ》 ᠢ ᠴᠤᠭ᠍ᠴᠠᠯᠠᠨ ᠪᠠᠢᠭᠤᠯᠬᠤ᠂ ᠳᠤᠮᠳᠠᠳᠤ᠎ᠶ᠋ᠢᠨ ᠦᠨᠳᠦᠰᠦᠳᠡᠨ᠎ᠤ ᠱᠢᠯᠢᠳᠡᠭ ᠰᠤᠶᠤᠯ᠎ᠢ ᠤᠯᠠᠮᠵᠢᠯᠠᠨ ᠪᠠᠳᠠᠷᠠᠭᠤᠯᠬᠤ᠂ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ 《ᠵᠠᠩᠭᠠᠷ》 ᠤᠨ ᠬᠠᠢᠯᠠᠯᠭ᠎ᠠ᠎ᠶ᠋ᠢ ᠠᠪᠤᠷᠠᠯᠳᠠ᠎ᠶ᠋ᠢᠨ ᠱᠢᠨᠵᠢ᠎ᠲᠠᠢ ᠰᠡᠬᠦᠳᠡᠷᠯᠡᠨ ᠦᠢᠯᠡᠳᠭᠦ᠌ ᠠᠵᠢᠯ᠎ᠳᠤ 56 ᠪᠦᠯᠦᠭ 《ᠵᠠᠩᠭᠠᠷ》 ᠢ 85 ᠴᠠᠭ ᠬᠠᠢᠯᠠᠵᠤ ᠲᠤᠮᠳᠠᠳᠤ᠎ᠶ᠋ᠢᠨ ᠦᠨᠳᠦᠰᠦᠳᠡᠨ᠎ᠤ ᠱᠢᠯᠢᠳᠡᠭ ᠰᠤᠶᠤᠯ᠎ᠢ ᠬᠠᠮᠠᠭᠠᠯᠠᠬᠤ ᠪᠠ ᠤᠯᠠᠮᠵᠢᠯᠠᠬᠤ᠎ᠳᠤ ᠦᠯᠡᠮᠵᠢ᠎ᠶ᠋ᠢᠨ ᠬᠦᠴᠦᠨ ᠵᠢᠳᠬᠦᠯ᠎ᠢᠶᠠᠨ ᠦᠵᠡᠬᠦᠯᠦᠭ᠌ᠰᠡᠨ᠎ᠢᠶᠠᠷ ᠦᠯᠦ᠍ ᠪᠠᠷᠠᠨ 2018 ᠤᠨ᠎ᠤ 《ᠵᠠᠩᠭᠠᠷ》 ᠬᠠᠢᠯᠠᠯᠭ᠎ᠠ᠎ᠶ᠋ᠢᠨ ᠳᠡᠯᠡᠭᠡᠢ᠎ᠶ᠋ᠢᠨ ᠳᠡᠮᠳᠡᠭ᠌ᠯᠡᠯ᠎ᠢᠶᠠᠨ ᠳᠠᠬᠢᠨ ᠱᠢᠨᠡᠳᠭᠡᠪᠡ᠃
ᠨᠢᠭᠡ᠂ ᠬᠠᠮᠤᠭ᠎ᠤᠨ ᠤᠯᠠᠨ ᠪᠦᠯᠦᠭ᠎ᠤᠨ ᠬᠠᠢᠯᠠᠯᠭ᠎ᠠ᠎ᠶ᠋ᠢᠨ ᠳᠡᠮᠳᠡᠭ᠌ᠯᠡᠯᠢ ᠱᠢᠨᠡᠳᠭᠡᠪᠡ᠃ ᠵᠠᠩᠭᠠᠷᠴᠢ ᠪᠠᠲ᠋ᠠᠢᠪᠠᠷ ᠳᠤᠰ ᠤᠳᠠᠭ᠎ᠠ ᠳᠠᠪᠬᠤᠴᠠᠬᠤ ᠦᠭᠡᠢ ᠲᠤᠭ᠎ᠠ᠎ᠪᠠᠷ ᠨᠡᠢᠳᠡ 56 ᠪᠦᠯᠦᠭ᠎ᠢ ᠴᠡᠭᠡᠵᠢ᠎ᠪᠠᠷ ᠬᠠᠢᠯᠠᠵᠤ᠂ 2018 ᠤᠨ᠎ᠤ 8 ᠰᠠᠷ᠎ᠠ᠎ᠳᠤ ᠡᠭᠦᠳᠦᠭ᠌ᠰᠡᠨ 35 ᠪᠥᠯᠥᠭ 《ᠵᠠᠩᠭᠠᠷ》 ᠬᠠᠢᠯᠠᠯᠭ᠎ᠠ᠎ᠶ᠋ᠢᠨ ᠲᠡᠮᠳᠡᠭ᠌ᠯᠡᠯ ᠳᠡᠭᠡᠷ᠎ᠡ᠎ᠪᠠᠨ 21 ᠪᠦᠯᠦᠭ᠎ᠤᠨ ᠬᠠᠢᠯᠠᠯᠭ᠎ᠠ᠎ᠶ᠋ᠢ ᠱᠢᠨ᠎ᠡ᠎ᠪᠠᠷ ᠨᠡᠮᠡᠭ᠌ᠰᠡᠨ ᠪᠠᠢᠨ᠎ᠠ᠃
ᠬᠤᠶᠠᠷ᠂ ᠬᠠᠮᠤᠭ᠎ᠤᠨ ᠣᠯᠠᠨ ᠪᠥᠯᠥᠭ᠎ᠤᠨ ᠠᠶᠠᠰᠯᠠᠭ᠍ᠰᠠᠨ ᠬᠠᠢᠯᠠᠯᠭ᠎ᠠ᠎ᠶ᠋ᠢᠨ ᠳᠡᠮᠳᠡᠭ᠌ᠯᠡᠯᠢ ᠳᠠᠬᠢᠨ ᠡᠭᠦᠳᠪᠠ᠃ ᠦᠩᠭᠡᠷᠡᠭ᠌ᠰᠡᠨ ᠳᠡᠮᠳᠡᠭ᠌ᠯᠡᠯᠢ ᠦᠨᠳᠦᠰᠦᠯᠡᠪᠡᠯ᠂ ᠣᠯᠠᠨ ᠪᠥᠯᠥᠭ 《ᠵᠠᠩᠭᠠᠷ》 ᠢ ᠠᠶᠠᠰᠯᠠᠨ ᠬᠠᠢᠯᠠᠳᠠᠭ ᠵᠠᠩᠭᠠᠷᠴᠢ ᠬᠠᠷᠢᠴᠠᠩᠭᠤᠢ ᠴᠦᠭᠡᠨ ᠪᠠᠢᠳᠠᠭ᠃ ᠭᠡᠳᠡᠯ᠎ᠡ ᠵᠠᠩᠭᠠᠷᠴᠢ ᠪᠠᠲ᠋ᠠᠢ ᠳᠤᠰ ᠤᠳᠠᠭ᠎ᠠ᠎ᠶ᠋ᠢᠨ ᠬᠠᠢᠯᠠᠯᠭᠠᠳᠤᠪᠠᠨ 2018 ᠤᠨ᠎ᠤ 35 ᠪᠦᠯᠦᠭ᠎ᠠᠴᠠ 2 ᠪᠦᠯᠦᠭ᠎ᠢ ᠯᠡ ᠳᠤᠪᠱᠢᠭᠤᠷᠤᠨ ᠬᠠᠪᠰᠤᠷᠤᠯᠭ᠎ᠠ᠎ᠲᠠᠢ ᠠᠶᠠᠰᠯᠠᠨ ᠬᠠᠢᠯᠠᠭ᠍ᠰᠠᠨ ᠳᠡᠮᠳᠡᠭ᠌ᠯᠡᠯ᠎ᠢᠶᠠᠨ ᠡᠪᠳᠡᠵᠤ᠂ 56 ᠪᠦᠯᠦᠭ 《ᠵᠠᠩᠭᠠᠷ》 ᠢ ᠴᠦᠮ ᠲᠣᠪᠱᠢᠭᠤᠷ᠎ᠤᠨ ᠬᠠᠪᠰᠤᠷᠤᠯᠭ᠎ᠠ᠎ᠲᠠᠢ ᠠᠶᠠᠰᠯᠠᠨ ᠬᠠᠢᠯᠠᠭ᠍ᠰᠠᠨ ᠱᠢᠨ᠎ᠠ ᠳᠡᠮᠳᠡᠭ᠌ᠯᠡᠯᠢ ᠳᠠᠭᠢᠨᠳᠠ ᠡᠭᠦᠳᠪᠠ᠃
ᠭᠤᠷᠪᠠ᠂ ᠨᠢᠭᠡᠨ ᠪᠦᠯᠦᠭ᠎ᠤᠨ ᠬᠠᠮᠤᠭ ᠤᠷᠲᠤ ᠴᠠᠭ᠎ᠤᠨ ᠬᠠᠢᠯᠠᠯᠭ᠎ᠠ᠎ᠶ᠋ᠢᠨ ᠳᠡᠮᠳᠡᠭ᠌ᠯᠡᠯᠢ ᠱᠢᠨᠡᠳᠭᠡᠪᠡ᠃ 《ᠳᠣᠭ᠍ᠰᠢᠨ ᠱᠢᠷ᠎ᠠ ᠬᠦᠷᠭᠦᠦᠶ᠋ᠢᠨ ᠪᠦᠯᠦᠭ》 ᠪᠣᠯ ᠱᠢᠨᠵᠢᠶᠠᠩ᠂ ᠬᠠᠯᠢᠮᠠᠭ ᠵᠡᠷᠭᠡ ᠭᠠᠵᠠᠷ ᠣᠷᠣᠨ᠎ᠢᠶᠠᠷ ᠥᠷᠭᠡᠨ ᠳᠡᠯᠭᠡᠷᠡᠭ᠌ᠰᠡᠨ 《ᠵᠠᠩᠭᠠᠷ》 ᠤᠨ ᠲᠥᠯᠥᠭᠡᠯᠡᠬᠦ᠌ ᠴᠢᠨᠠᠷᠲᠠᠢ ᠪᠥᠯᠥᠭ ᠪᠠᠢᠵᠤ᠂ ᠥᠩᠭᠡᠷᠡᠭ᠌ᠰᠡᠨ᠎ᠳᠤ ᠱᠢᠨᠵᠢᠶᠠᠩ ᠬᠠᠯᠢᠮᠠᠭ ᠵᠡᠷᠭᠡ ᠭᠠᠵᠠᠷ ᠣᠷᠣᠨ᠎ᠤ ᠵᠠᠩᠭᠠᠷᠴᠢᠳ᠎ᠠᠴᠠ ᠲᠤᠰ ᠪᠥᠯᠥᠭ᠎ᠢ ᠬᠠᠮᠤᠭ ᠤᠷᠳᠤ᠎ᠳᠠᠭᠠᠨ ᠴᠠᠭ ᠭᠠᠷᠤᠢ ᠬᠠᠢᠯᠠᠳᠠᠭ ᠵᠢᠱ᠌ᠢᠶ᠎ᠠ᠎ᠲᠠᠢ ᠪᠠᠢᠯ᠎ᠠ᠃ ᠵᠠᠩᠭᠠᠷᠴᠢ ᠪᠠᠲ᠋ᠠᠢᠠᠴᠠ 2018 ᠤᠨ᠎ᠳᠤ 3 ᠴᠠᠭ 20 ᠮᠢᠨᠦ᠋ᠲ ᠬᠠᠢᠯᠠᠵᠤ 《ᠳᠣᠭ᠍ᠰᠢᠨ ᠱᠢᠷ᠎ᠠ ᠬᠦᠷᠭᠦᠦᠶ᠋ᠢᠨ ᠪᠦᠯᠦᠭ》 ᠤᠨ ᠬᠠᠮᠤᠭ ᠤᠷᠲᠤ ᠴᠠᠭ᠎ᠤᠨ ᠬᠠᠢᠯᠠᠯᠭ᠎ᠠ᠎ᠶ᠋ᠢᠨ ᠲᠡᠮᠳᠡᠭ᠌ᠯᠡᠯ᠎ᠢ ᠡᠭᠦᠳᠦᠭ᠌ᠰᠡᠨ ᠪᠤᠯ᠂ ᠳᠤᠰ ᠤᠳᠠᠭ᠎ᠠ 7 ᠴᠠᠭ 20 ᠮᠢᠨᠦ᠋ᠲ (440 ᠮᠢᠨᠦ᠋ᠲ) ᠬᠠᠢᠯᠠᠵᠤ ᠦᠩᠭᠡᠷᠡᠭ᠌ᠰᠡᠨ ᠬᠠᠢᠯᠠᠯᠭ᠎ᠠ᠎ᠶ᠋ᠢᠨ ᠬᠢᠨᠢ ᠬᠤᠶᠠᠷ ᠳᠠᠬᠢᠨ ᠤᠷᠳᠤ ᠪᠤᠯᠤᠭ᠍ᠰᠠᠨ ᠪᠤᠯᠬᠤᠷ ᠤᠤᠯ᠎ᠤᠨ ᠳᠡᠮᠳᠡᠭ᠌ᠯᠡᠯ᠎ᠢᠶᠠᠨ ᠳᠠᠬᠢᠨ᠎ᠢᠶᠠᠷ ᠱᠢᠨᠡᠳᠭᠡᠪᠡ᠃
ᠦᠩᠭᠡᠷᠡᠭ᠌ᠰᠡᠨ᠎ᠤ ᠵᠠᠩᠭᠠᠷᠴᠢᠳ᠎ᠤᠨ ᠬᠠᠮᠤᠭ ᠤᠯᠠᠨ᠎ᠳᠠᠭᠠᠨ 30 ᠪᠦᠯᠦᠭ ᠬᠠᠢᠯᠠᠳᠠᠭ ᠳᠡᠮᠳᠡᠭ᠌ᠯᠡᠯ᠎ᠲᠠᠢ ᠬᠠᠷᠢᠴᠠᠭᠤᠯᠪᠠᠯ᠂ ᠤᠬᠤᠷᠬᠠᠨ ᠭᠤᠷᠪᠠᠨ ᠵᠢᠯ᠎ᠤᠨ ᠬᠤᠭᠤᠴᠠᠭᠠᠨ᠎ᠳᠤ ᠵᠠᠩᠭᠠᠷᠴᠢ ᠪᠠᠲ᠋ᠠᠢ 35 ᠪᠦᠯᠦᠭ᠎ᠠᠴᠠ᠎ᠪᠠᠨ 56 ᠪᠦᠯᠦᠭ 《ᠵᠠᠩᠭᠠᠷ》 ᠢ ᠴᠦᠮ ᠳᠤᠪᠱᠢᠭᠤᠷᠤᠨ ᠬᠠᠪᠰᠤᠷᠤᠯᠭ᠎ᠠ᠎ᠲᠠᠢ ᠴᠡᠭᠡᠵᠢ᠎ᠪᠠᠷ ᠬᠠᠢᠯᠠᠳᠠᠭ ᠪᠤᠯᠤᠭ᠍ᠰᠠᠨ ᠪᠦᠭᠡᠳ ᠳᠤᠰ ᠤᠳᠠᠭᠠᠨ᠎ᠤ ᠬᠠᠢᠯᠠᠯᠭ᠎ᠠ᠎ᠳᠤ ᠬᠠᠭᠠᠰ ᠴᠠᠭ᠎ᠠᠴᠠ ᠳᠡᠭᠡᠭ᠌ᠰᠢ ᠬᠠᠢᠯᠠᠭ᠍ᠰᠠᠨ 《ᠵᠠᠩᠭᠠᠷ》 50 ᠪᠦᠯᠦᠭ ᠪᠠᠢᠪᠠ᠃ ᠡᠬᠦᠨ᠎ᠤ ᠳᠤᠳᠤᠷ᠎ᠠ 1 ᠴᠠᠭ᠎ᠠᠴᠠ ᠳᠡᠭᠡᠭ᠌ᠰᠢ ᠬᠠᠢᠯᠠᠭ᠍ᠰᠠᠨ 《ᠵᠠᠩᠭᠠᠷ》 ᠨᠢ 28 ᠪᠦᠯᠦᠭ᠂ 2 ᠴᠠᠭ᠎ᠠᠴᠠ ᠳᠡᠭᠡᠭ᠌ᠰᠢ ᠬᠠᠢᠯᠠᠭ᠍ᠰᠠᠨ 《ᠵᠠᠩᠭᠠᠷ》 ᠨᠢ 10 ᠪᠦᠯᠦᠭ ᠪᠤᠯᠤᠨ᠎ᠠ᠃ ᠤᠳᠤᠬᠠᠨ᠎ᠠ ᠤᠯᠤᠰ ᠤᠨ ᠳᠤᠳᠤᠭᠠᠳᠤ ᠭᠠᠳᠠᠭᠠᠳᠤ ᠳᠤ 《ᠵᠠᠩᠭᠠᠷ》 ᠤᠨ ᠪᠦᠯᠦᠭ ᠨᠢᠭᠡᠪᠤᠷᠢ᠎ᠪᠠᠨ ᠬᠠᠭᠠᠰ ᠴᠠᠭ᠎ᠠᠴᠠ ᠳᠡᠭᠡᠭ᠌ᠰᠢ ᠬᠠᠢᠯᠠᠳᠠᠭ ᠵᠠᠩᠭᠠᠷᠴᠢ ᠮᠠᠰᠢ ᠴᠦᠭᠡᠨ ᠪᠠᠢᠳᠠᠭ᠃ ᠡᠢᠨ ᠬᠦ᠌ ᠵᠠᠩᠭᠠᠷᠴᠢ ᠪᠠᠲ᠋ᠠᠢᠶ᠋ᠢᠨ ᠣᠯᠠᠨ᠎ᠠᠴᠠ ᠣᠨᠴᠠᠭᠠᠢᠷᠠᠭ᠍ᠰᠠᠨ ᠴᠡᠭᠡᠵᠢᠯᠡᠬᠦ᠌ ᠴᠢᠳᠠᠪᠦᠷᠢ᠂ ᠠᠪᠤᠷᠭᠤ ᠲᠣᠮᠣ 《ᠵᠠᠩᠭᠠᠷ》 ᠤᠨ ᠨᠦᠭᠡᠴᠨ᠎ᠨᠢ ᠤᠯᠠᠨ᠎ᠤ ᠪᠠᠭ᠍ᠠᠷᠤᠯ ᠪᠢᠱᠢᠷᠡᠯ᠎ᠢ ᠤᠯᠵᠤ ᠪᠤᠢ᠃
ᠵᠠᠩᠭᠠᠷᠴᠢ ᠪᠠᠲ᠋ᠠᠢᠶ᠋ᠢᠨ ᠳᠤᠰ ᠣᠳᠠᠭᠠᠨ᠎ᠤ 《ᠵᠠᠩᠭᠠᠷ》 ᠬᠠᠢᠯᠠᠯᠭ᠎ᠠ᠎ᠨᠢ ᠦᠪᠡᠷ᠎ᠤᠨ᠎ᠢᠶᠠᠨ 2018 ᠤᠨ᠎ᠤ 《ᠵᠠᠩᠭᠠᠷ》 ᠬᠠᠢᠯᠠᠯᠭ᠎ᠠ᠎ᠶ᠋ᠢᠨ ᠳᠡᠤᠭᠡᠨ ᠳᠡᠮᠳᠡᠭ᠌ᠯᠡᠯᠢ ᠤᠯᠠᠨ ᠳᠠᠯ᠎ᠠ᠎ᠪᠠᠷ ᠱᠢᠨᠡᠳᠭᠡᠭ᠌ᠰᠡᠨ᠎ᠢᠶᠠᠷ ᠦᠯᠦ᠍ ᠪᠠᠷᠠᠨ 《ᠵᠠᠩᠭᠠᠷ》 ᠤᠨ ᠬᠠᠮᠤᠭ ᠤᠯᠠᠨ ᠪᠦᠯᠦᠭ᠎ᠤᠨ ᠬᠠᠢᠯᠠᠯᠭ᠎ᠠ᠂ ᠳᠡᠷᠡ ᠳᠤᠰᠤᠮ᠎ᠢᠶᠠᠨ ᠬᠠᠮᠤᠭ ᠤᠯᠠᠨ ᠪᠦᠯᠦᠭ᠎ᠤᠨ ᠠᠶᠠᠰᠯᠠᠭ᠍ᠰᠠᠨ ᠬᠠᠢᠯᠠᠯᠭ᠎ᠠ ᠪᠠ ᠬᠠᠮᠤᠭ᠎ᠤᠨ ᠤᠷᠳᠤ ᠴᠠᠭ᠎ᠤᠨ ᠬᠠᠢᠯᠠᠯᠭ᠎ᠠ᠎ᠶ᠋ᠢᠨ ᠳᠡᠯᠡᠭᠡᠢ ᠶ᠋ᠢᠨ ᠱᠢᠨ᠎ᠠ ᠳᠡᠮᠳᠡᠭ᠌ᠯᠡᠯ ᠢ ᠳᠠᠬᠢᠨ ᠡᠬᠦᠳᠪᠠ᠃ ᠢᠷᠡᠭᠡᠳᠦᠢ ᠳᠤ ᠠᠯᠳᠠᠷᠲᠤ ᠵᠠᠩᠭᠠᠷᠴᠢ ᠪᠠᠲ᠋ᠠᠢ ᠵᠢᠴᠢ ᠳᠡᠬᠦᠨ᠎ᠤ ᠬᠠᠢᠯᠠᠭ᠍ᠰᠠᠨ 《ᠵᠠᠩᠭᠠᠷ》 ᠢ ᠨᠡᠢᠭᠡᠮ ᠨᠡᠢᠲᠡ᠎ᠪᠠᠷ᠎ᠢᠶᠠᠨ ᠠᠩᠬᠠᠷᠤᠯ᠎ᠳᠤ᠎ᠪᠠᠨ ᠠᠪᠴᠤ᠌ ᠬᠠᠯᠠᠭᠤᠨ᠎ᠢᠶᠠᠷ ᠵᠤᠷᠢᠭ᠍ᠵᠢᠭᠤᠯᠤᠨ ᠬᠦᠬᠢᠬᠦᠯᠬᠦ᠌᠎ᠶ᠋ᠢᠨ ᠵᠡᠷᠭᠡᠴᠡᠭᠡ᠎ᠪᠠᠷ ᠭᠡᠪᠯᠡᠵᠤ ᠨᠡᠢᠳᠡᠯᠡᠬᠦ᠌ ᠵᠢᠴᠢ ᠰᠤᠳᠤᠯᠤᠨ ᠱᠢᠨᠵᠢᠯᠡᠬᠦ᠌ ᠠᠵᠢᠯ ᠪᠠᠴᠢᠮ ᠱᠠᠭᠠᠷᠳᠠᠭ᠍ᠳᠠᠵᠤ ᠪᠠᠢᠨ᠎ᠠ᠃ ᠮᠦᠨ ᠤᠯᠤᠰ᠎ᠤᠨ ᠳᠤᠳᠤᠭᠠᠳᠤ ᠭᠠᠳᠠᠭᠠᠳᠤ᠎ᠶ᠋ᠢᠨ ᠵᠠᠯᠠᠭᠤ ᠨᠢᠭᠡ ᠦᠶ᠎ᠡ᠎ᠶ᠋ᠢᠨ ᠵᠠᠩᠭᠠᠷᠴᠢᠳ ᠵᠠᠩᠭᠠᠷᠴᠢ ᠪᠠᠲ᠋ᠠᠢᠠᠴᠠ ᠰᠤᠷᠤᠯᠴᠠᠵᠤ᠂ 《ᠵᠠᠩᠭᠠᠷ》 ᠤᠨ ᠤᠯᠠᠮᠵᠢᠯᠠᠯ᠎ᠢ ᠪᠦᠷᠢᠨ ᠬᠦᠢᠴᠡᠳ᠎ᠢᠶᠠᠷ ᠵᠠᠯᠭᠠᠮᠵᠢᠯᠠᠨ ᠤᠯᠠᠮᠵᠢᠯᠠᠬᠤ᠎ᠶ᠋ᠢ ᠬᠦᠰᠡᠨ ᠵᠦᠩᠨᠡᠵᠤ ᠪᠠᠢᠨ᠎ᠠ᠃

ᠦᠪᠦᠷ ᠮᠤᠩᠭᠤᠯ ᠤᠨ ᠱᠢᠨᠵᠢᠯᠡᠬᠦ᠌ ᠤᠬᠠᠭᠠᠨ᠎ᠤ ᠲᠧᠭ᠌ᠨᠢᠭ ᠮᠡᠷᠭᠡᠵᠢᠯ᠎ᠤᠨ ᠭᠡᠪᠯᠡᠯ ᠤᠨ ᠬᠤᠷᠢᠶᠠᠨ᠎ᠤ᠎ᠬᠢᠨ ᠵᠠᠩᠭᠠᠷᠴᠢ ᠪᠠᠲ᠋ᠠᠢᠳᠤ ᠭᠠᠷᠳᠠᠭᠤᠯᠤᠭ᠍ᠰᠠᠨ ᠦᠨᠡᠮᠯᠡᠯ