ᠣᠢᠷ᠎ᠠ᠎ᠳᠤ᠂ ᠦᠪᠣᠷ ᠮᠣᠩᠭᠤᠯ᠎ᠤᠨ ᠬᠠᠭᠤᠴᠢ ᠰᠣᠳᠣᠯᠣᠯ᠎ᠤᠨ ᠠᠵᠢᠯᠳᠠᠳ ᠲᠦᠩᠯᠢᠶᠣᠣ᠎ᠶ᠋ᠢᠨ ᠬᠤᠷᠴᠢᠨ ᠵᠡᠬᠦᠨ ᠭᠠᠷᠣᠨ ᠲᠣᠮᠳᠠᠳᠣ ᠬᠤᠱᠢᠭᠤᠨ᠎ᠤ ᠪᠠᠭ᠎ᠠ ᠬᠦᠬᠡᠬᠡᠷᠤᠨ ᠪᠠᠭᠤᠷᠢ᠎ᠠᠴᠠ ᠠᠳᠣᠭᠤᠨ ᠰᠣᠶᠣᠯ᠎ᠤᠨ ᠬᠠᠮᠢᠶᠠᠳᠠᠢ ᠣᠯᠠᠨ ᠲᠡᠣᠭᠡ᠎ᠶ᠋ᠢᠨ ᠲᠣᠷᠠᠰᠭᠠᠯᠳᠣ ᠵᠦᠢᠯᠡᠰ᠎ᠢ ᠢᠯᠡᠷᠡᠬᠦᠯᠵᠡᠢ᠃ ᠮᠠᠯᠳᠠᠵᠦ᠍ ᠭᠠᠷᠭᠠᠬ᠍ᠰᠠᠨ ᠸᠠᠭᠠᠷ ᠬᠡᠷᠡᠭ᠌ᠰᠡᠯ ᠲᠡᠭᠡᠷ᠎ᠡ ᠮᠠᠰᠢ ᠣᠯᠠᠨ ᠮᠣᠷᠢᠨ ᠲᠠᠮᠠᠭ᠎ᠠ᠎ᠶ᠋ᠢᠨ ᠮᠦᠷ ᠪᠣᠢ᠃ ᠡᠬᠦᠨ᠎ᠠᠴᠠ ᠭᠠᠳᠠᠨ᠎ᠠ ᠪᠠᠰᠠ ᠮᠣᠷᠢᠨ ᠲᠣᠯᠣᠭᠠᠢ᠎ᠶ᠋ᠢᠨ ᠶᠠᠰᠣ᠂ ᠬᠠᠪᠢᠷᠭᠠᠨ ᠶᠠᠰᠣ᠂ ᠮᠦᠴᠢ᠎ᠶ᠋ᠢᠨ ᠶᠠᠰᠣ ᠵᠡᠷᠭᠡ᠎ᠶ᠋ᠢ ᠢᠯᠡᠷᠡᠬᠦᠯᠵᠡᠢ᠂ ᠣᠨᠴᠠᠭᠠᠢᠯᠠᠨ ᠡᠨᠡ ᠮᠣᠷᠢᠨ ᠲᠠᠬ᠎ᠠ᠎ᠶ᠋ᠢᠨ ᠬᠠᠳᠠᠭᠠᠰᠣ᠎ᠶ᠋ᠢ ᠣᠯᠣᠰ᠎ᠤᠨ ᠲᠣᠳᠣᠭᠠᠳᠣ᠎ᠳᠤ ᠢᠯᠡᠷᠡᠬᠦᠯᠦᠭ᠌ᠰᠡᠨ ᠬᠠᠮᠤᠭ᠎ᠤᠨ ᠡᠷᠳᠡᠨ᠎ᠤ ᠮᠣᠷᠢᠨ ᠲᠠᠬ᠎ᠠ ᠬᠡᠷᠡᠭ᠌ᠯᠡᠵᠦ᠍ ᠪᠠᠢᠬ᠍ᠰᠠᠨ ᠪᠣᠳᠠᠰ᠎ᠤᠨ ᠬᠡᠷᠡᠴᠢ ᠪᠣᠯᠵᠠᠢ ᠬᠡᠵᠦ᠍ ᠲᠣᠰᠭᠠᠢ ᠮᠡᠷᠭᠡᠵᠢᠯᠳᠠᠨ ᠲᠦᠰᠦᠭᠡᠯᠡᠵᠦ᠍ ᠪᠠᠢᠨ᠎ᠠ᠃
《ᠵᠣᠪᠠᠯ ᠵᠦᠳᠡᠬᠦᠷᠢ᠎ᠶ᠋ᠢ ᠲᠡᠰᠪᠦᠷᠢᠯᠡᠨ᠂ ᠴᠣᠴᠠᠯᠳᠠ ᠦᠬᠡᠢ ᠣᠷᠣᠭ᠍ᠰᠢᠯᠠᠵᠦ᠍᠂ ᠵᠣᠷᠢᠬ᠍ᠰᠠᠨᠳᠠᠭᠠᠨ ᠵᠠᠪᠠᠯ ᠬᠦᠷᠬᠦ᠌》 ᠮᠣᠩᠭᠤᠯ ᠮᠣᠷᠢᠨ᠎ᠤ ᠵᠣᠷᠢᠭ ᠰᠠᠨᠠᠭ᠎ᠠ᠎ᠨᠢ ᠦᠪᠣᠷ ᠮᠣᠩᠭᠤᠯ᠎ᠤᠨ ᠡᠯ᠎ᠡ ᠦᠨᠳᠣᠰᠣᠳᠠᠨ᠎ᠤ ᠬᠦᠪᠡᠬᠦᠳ ᠦᠬᠢᠳ᠎ᠲᠤ ᠣᠶᠣᠨ ᠰᠠᠨᠠᠭᠠᠨ᠎ᠤ ᠬᠦᠴᠦᠨ ᠬᠠᠩᠭᠠᠵᠦ᠍ ᠦᠭ᠌ᠬᠦᠭ᠌ᠰᠡᠨ ᠮᠦᠷᠳᠡᠭᠡᠨ ᠪᠠᠰᠠ ᠮᠠᠨ᠎ᠤ ᠣᠯᠣᠰ᠎ᠤᠨ ᠡᠯ᠎ᠡ ᠦᠨᠳᠣᠰᠣᠳᠠᠨ᠎ᠤ ᠬᠦᠪᠡᠬᠦᠳ ᠦᠬᠢᠳ᠎ᠤᠨ ᠠᠳᠠᠯ ᠦᠢᠯᠡᠰ ᠪᠣᠰᠭᠠᠬᠤ᠎ᠳᠤ ᠣᠶᠣᠨ ᠰᠠᠨᠠᠭᠠᠨ᠎ᠤ ᠬᠦᠴᠦᠨ ᠬᠠᠩᠭᠠᠵᠠᠢ᠃ ᠪᠠᠭ᠎ᠠ ᠬᠦᠬᠡᠬᠡᠷᠤᠨ ᠪᠠᠭᠤᠷᠢ᠎ᠶ᠋ᠢᠨ ᠴᠠᠭ ᠦᠶ᠎ᠡ᠎ᠨᠢ ᠵᠡᠬᠦᠨ ᠬᠠᠨ ᠣᠯᠣᠰ᠎ᠠᠴᠠ ᠪᠠᠷᠠᠭᠤᠨ᠎ᠶ᠋ᠢᠨ ᠣᠯᠣᠰ᠎ᠤᠨ ᠦᠶ᠎ᠡ ᠪᠣᠯᠳᠠᠯᠠᠬᠢ ᠦᠶ᠎ᠡ ᠪᠣᠯᠣᠨ᠎ᠠ᠂ ᠱᠢᠶᠠᠨᠪᠸᠢᠶ᠋ᠢᠨ ᠡᠷᠳᠡᠨ᠎ᠤ ᠦᠯᠡᠳᠡᠭ᠌ᠳᠡᠯ ᠪᠣᠯᠣᠨ᠎ᠠ᠃ ᠲᠡᠭᠡᠷ᠎ᠠ ᠵᠠᠭᠤᠨ᠎ᠳᠤ᠂ ᠠᠳᠡ᠎ᠠᠴᠠ ᠬᠡᠳᠦᠨ ᠺᠢᠯᠦᠮᠧᠲᠷ ᠵᠠᠢᠲᠠᠢ ᠵᠢᠷᠭᠤᠭᠠᠨ ᠬᠡᠷ᠎ᠤᠨ ᠱᠢᠶᠠᠨᠪᠸᠢᠶ᠋ᠢᠨ ᠣᠩᠭᠤᠨ᠎ᠠᠴᠠ ᠮᠣᠷᠢᠨ ᠵᠢᠷᠤᠭ᠎ᠲᠠᠢ ᠠᠯᠳᠠᠨ ᠫᠠᠢᠰᠠ᠎ᠶ᠋ᠢᠨ ᠵᠠᠰᠠᠯ ᠵᠡᠷᠭᠡ᠎ᠶ᠋ᠢ ᠮᠠᠯᠳᠠᠵᠦ᠍ ᠭᠠᠷᠭᠠᠵᠠᠢ᠃ ᠦᠪᠣᠷ ᠮᠣᠩᠭᠤᠯ᠎ᠤᠨ ᠬᠠᠮᠤᠭ᠎ᠤᠨ ᠡᠷᠳᠡᠨ᠎ᠤ ᠢᠯᠡᠷᠡᠬᠦᠯᠦᠭ᠌ᠰᠡᠨ ᠮᠣᠷᠢᠨ᠎ᠤ ᠬᠠᠮᠢᠶᠠᠳᠠᠢ ᠲᠡᠮᠳᠡᠭ᠌ᠯᠡᠯ ᠬᠡᠪᠡᠯ ᠱᠢᠨ᠎ᠠ ᠴᠢᠯᠠᠭᠤᠨ ᠵᠡᠪᠰᠡᠭ᠎ᠤᠨ ᠦᠶ᠎ᠡ᠎ᠶ᠋ᠢᠨ ᠣᠯᠠᠭᠠᠨᠬᠠᠳᠠ ᠬᠤᠳᠠ᠎ᠶ᠋ᠢᠨ ᠯᠢᠨᠰᠢ ᠱᠢᠶᠠᠨ᠎ᠤ ᠱᠠ ᠸᠧ ᠽᠢ ᠪᠠᠭᠤᠷᠢ ᠪᠣᠯᠣᠨ ᠪᠣᠭᠤᠳᠣ ᠬᠤᠳᠠ᠎ᠶ᠋ᠢᠨ ᠵᠣᠸᠠᠨ ᠯᠦᠩ ᠽᠠᠩ᠎ᠤᠨ ᠪᠠᠭᠤᠷᠢ᠎ᠶ᠋ᠢᠨ ᠴᠢᠯᠠᠭᠤᠨ ᠲᠡᠭᠡᠷ᠎ᠡ ᠰᠡᠢᠯᠦᠭ᠌ᠰᠡᠨ ᠮᠣᠷᠢ ᠲᠠᠱᠢᠭᠤᠷᠳᠠᠵᠦ᠍ ᠪᠠᠢᠬ᠍ᠰᠠᠨ ᠬᠦᠮᠦᠨ᠎ᠤ ᠵᠢᠷᠤᠭ ᠪᠣᠯᠣᠨ᠎ᠠ᠃ ᠣᠮᠠᠷᠠᠳᠣ᠎ᠶ᠋ᠢᠨ ᠨᠡᠬᠦᠳᠡᠯᠴᠢᠨ ᠦᠨᠳᠣᠰᠣᠳᠠᠨ᠎ᠤ ᠠᠮᠢᠳᠣᠷᠠᠯ᠎ᠢ ᠲᠣᠰᠭᠠᠬ᠍ᠰᠠᠨ ᠦᠪᠣᠷ ᠮᠣᠩᠭᠤᠯ᠎ᠤᠨ ᠬᠤᠶᠡᠷ ᠪᠣᠭ᠍ᠳᠠ ᠠᠭᠤᠯᠠ᠎ᠶ᠋ᠢᠨ ᠬᠠᠳᠠᠨ ᠵᠢᠷᠤᠭᠲᠤ ᠪᠠᠰᠠ ᠮᠣᠷᠢᠨ ᠮᠡᠷᠭᠡᠵᠢᠯ᠎ᠤᠨ ᠲᠣᠭ᠍ᠯᠠᠯᠳᠠ᠎ᠶ᠋ᠢᠨ ᠮᠣᠷᠢᠨ᠎ᠤ ᠵᠢᠷᠤᠭ ᠲᠦᠷᠰᠦ ᠢᠯᠡᠷᠡᠵᠦ᠍ ᠪᠠᠢᠵᠠᠢ᠃
ᠲᠣᠮᠳᠠᠳᠣ ᠣᠯᠣᠰ᠎ᠤᠨ ᠣᠮᠠᠷᠠᠳᠣ᠎ᠶ᠋ᠢᠨ ᠲᠠᠯ᠎ᠠ ᠨᠣᠳᠤᠭ᠎ᠲᠤ ᠠᠮᠢᠳᠣᠷᠠᠵᠦ᠍ ᠪᠠᠢᠬ᠍ᠰᠠᠨ ᠬᠡᠳᠦᠨ ᠦᠶ᠎ᠡ᠎ᠶ᠋ᠢᠨ ᠡᠯ᠎ᠡ ᠦᠨᠳᠣᠰᠣᠳᠠᠨ᠎ᠤ ᠠᠷᠠᠳ ᠲᠦᠮᠡᠨ᠎ᠳᠤ ᠠᠪᠴᠤ᠌ ᠬᠡᠯᠡᠪᠡᠯ ᠮᠣᠷᠢ ᠪᠣᠯ ᠬᠠᠮᠤᠭ᠎ᠤᠨ ᠴᠢᠬᠤᠯᠠ ᠭᠡᠷ᠎ᠤᠨ ᠲᠡᠵᠢᠭᠡᠪᠦᠷᠢ᠎ᠶ᠋ᠢᠨ ᠨᠢᠬᠡ ᠪᠣᠯᠣᠨ᠎ᠠ᠃ ᠱᠢᠶᠠᠨᠪᠸᠢ ᠪᠣᠯ ᠮᠠᠨ᠎ᠤ ᠣᠯᠣᠰ᠎ᠤᠨ ᠣᠮᠠᠷᠠᠳᠣ᠎ᠶ᠋ᠢᠨ ᠲᠡᠣᠬᠡᠨ ᠲᠡᠭᠡᠷᠡᠬᠢ ᠴᠢᠬᠤᠯᠠ ᠨᠢᠬᠡᠨ ᠦᠨᠳᠣᠰᠣᠳᠠᠨ ᠪᠣᠯᠣᠨ᠎ᠠ᠂ ᠬᠤᠶᠡᠷ ᠬᠠᠨ ᠣᠯᠣᠰ᠂ ᠸᠧᠢ ᠣᠯᠣᠰ᠂ ᠶ᠋ᠢᠨ ᠣᠯᠣᠰ᠎ᠠᠴᠠ ᠣᠮᠠᠷᠠᠳᠣ ᠲᠦᠷᠦ᠍ ᠬᠦᠷᠳᠡᠯᠡᠬᠢ ᠬᠤᠭᠤᠴᠠᠭᠠᠨ᠎ᠳᠤ ᠠᠮᠢᠳᠣᠷᠠᠨ ᠣᠷᠣᠱᠢᠵᠦ᠍ ᠪᠠᠢᠵᠠᠢ᠃ ᠱᠢᠶᠠᠨᠪᠸᠢ ᠶᠡᠭᠡ ᠬᠢᠩᠭᠠᠨ ᠲᠠᠪᠠᠭ᠎ᠠ᠎ᠶ᠋ᠢᠨ ᠬᠤᠩᠬᠢᠯ᠎ᠢ ᠲᠠᠭᠠᠭᠠᠳ ᠪᠠᠷᠠᠭᠤᠨᠰᠢ᠎ᠪᠠᠨ ᠶᠠᠪᠣᠵᠦ᠍ ᠣᠷᠣᠱᠢᠨ ᠰᠠᠭᠤᠬᠤ᠎ᠶ᠋ᠢᠨ ᠲᠠᠭᠠᠣ ᠣᠮᠠᠷᠠᠳᠣ ᠸᠧᠢ ᠣᠯᠣᠰ᠎ᠢ ᠪᠠᠢᠭᠤᠯᠣᠬ᠍ᠰᠠᠨ ᠶᠣᠮ᠂ ᠮᠠᠨ᠎ᠤ ᠣᠯᠣᠰ᠎ᠤᠨ ᠦᠨᠳᠣᠰᠣᠳᠠᠨ᠎ᠤ ᠠᠭᠤᠰᠣᠯᠴᠠᠯ᠎ᠳᠤ ᠯᠣᠳᠣ ᠶᠡᠭᠡ ᠬᠤᠪᠢ ᠨᠡᠮᠡᠷᠢ ᠦᠵᠡᠬᠦᠯᠦᠭ᠌ᠰᠡᠨ ᠶᠣᠮ᠃ ᠪᠠᠭ᠎ᠠ ᠬᠦᠬᠡᠬᠡᠷ ᠪᠠᠭᠤᠷᠢ᠎ᠠᠴᠠ ᠮᠠᠯᠳᠠᠵᠦ᠍ ᠭᠠᠷᠭᠠᠭ᠍ᠰᠠᠨ ᠸᠠᠭᠠᠷ ᠬᠡᠷᠡᠭ᠌ᠰᠡᠯ᠎ᠤᠨ ᠭᠡ ᠤᠭᠠᠯᠵᠠ᠎ᠶ᠋ᠢᠨ ᠠᠭᠤᠯᠭ᠎ᠠ᠎ᠠᠴᠠ ᠦᠵᠡᠪᠡᠯ ᠱᠢᠶᠡᠠ ᠪᠸᠢ ᠦᠨᠳᠣᠰᠣᠳᠠᠨ ᠮᠠᠯ ᠮᠠᠯᠵᠢᠬᠤ᠎ᠪᠠᠷ ᠭᠤᠣᠯᠯᠠᠵᠦ᠍ ᠪᠠᠢᠬ᠍ᠰᠠᠨ ᠠᠵᠦ᠍ ᠠᠬᠤᠢ᠎ᠶ᠋ᠢᠨ ᠣᠨᠴᠠᠯᠢᠬ᠎ᠲᠠᠢ᠂ ᠡᠬᠦᠨ᠎ᠳᠤ ᠮᠠᠰᠢ ᠣᠯᠠᠨ ᠠᠳᠠᠯᠢ ᠪᠣᠰᠣ ᠮᠣᠷᠢᠨ᠎ᠤ ᠵᠢᠷᠤᠭ ᠪᠣᠶᠣ ᠲᠦᠮᠡᠨ ᠠᠬ᠍ᠳᠠ᠎ᠶ᠋ᠢᠨ ᠲᠦᠪᠡᠷᠭᠡᠨᠤ ᠵᠢᠷᠤᠭ᠂ ᠲᠠᠯ᠎ᠠ ᠨᠣᠳᠤᠭ᠎ᠢᠶᠠᠷ ᠵᠣᠷᠴᠢᠵᠦ᠍ ᠪᠠᠢᠬᠤ ᠵᠢᠷᠤᠭ ᠪᠠᠢᠳᠠᠭ᠂ ᠪᠠᠰᠠ ᠢᠰᠡᠭᠡᠢ ᠮᠠᠢᠬᠠᠨ ᠵᠢᠴᠢ ᠨᠠᠷᠠᠨ᠎ᠤ ᠬᠡ ᠣᠭᠠᠯᠵᠠ᠎ᠶ᠋ᠢᠨ ᠵᠢᠷᠤᠭ ᠲᠦᠷᠰᠦ ᠴᠤ᠌ ᠪᠠᠢᠳᠠᠭ᠃ ᠡᠨᠡ᠎ᠨᠢ ᠱᠢᠶᠠᠨᠪᠸᠢ ᠬᠦᠮᠦᠨ᠎ᠤ ᠨᠡᠬᠦᠳᠡᠯ ᠠᠮᠢᠳᠣᠷᠠᠯ᠎ᠤᠨ ᠠᠬᠤᠢ ᠪᠠᠢᠳᠠᠯ᠎ᠢ ᠲᠣᠰᠭᠠᠵᠠᠢ᠃
ᠬᠦᠮᠦᠨ ᠠᠳᠣᠭᠤ ᠬᠠᠷᠢᠯᠴᠠᠨ ᠲᠦᠱᠢᠯᠴᠡᠵᠦ᠍ ᠬᠠᠷᠢᠯᠴᠠᠨ ᠬᠠᠨᠢᠰᠴᠤ᠌ ᠬᠠᠮᠳᠣ᠎ᠪᠠᠷ ᠡᠯᠪᠡᠭ ᠪᠠᠶᠠᠯᠢᠬ ᠠᠳᠣᠭᠤᠨ ᠰᠣᠶᠣᠯ᠎ᠢ ᠡᠬᠦᠳᠦᠨ ᠪᠦᠳᠦᠭᠡᠵᠡᠢ᠃ ᠬᠦᠮᠦᠨ ᠲᠦᠷᠦᠯᠬᠢᠳᠡᠨ ᠮᠣᠷᠢ᠎ᠶ᠋ᠢ ᠭᠠᠷᠱᠢᠭᠤᠯᠵᠦ᠍ ᠡᠳ᠋ᠯᠡᠬᠦ᠌ ᠶᠠᠪᠣᠴᠠ᠎ᠳᠤ ᠡᠯ᠎ᠡ ᠵᠦᠢᠯ᠎ᠤᠨ ᠲᠡᠷᠭᠡ ᠣᠨᠤᠭ᠎ᠠ᠎ᠶ᠋ᠢᠨ ᠬᠡᠷᠡᠭ᠌ᠰᠡᠯ᠎ᠢ ᠡᠬᠦᠳᠦᠭ᠌ᠰᠡᠨ ᠶᠣᠮ᠃ ᠱᠢᠶᠠ ᠵᠢᠶᠠ ᠳ᠋ᠢᠶᠠᠨ᠎ᠤ ᠲᠡᠭᠡᠳᠣ ᠲᠠᠪᠬᠤᠷᠭ᠎ᠠ᠎ᠶ᠋ᠢᠨ ᠰᠣᠶᠣᠯ ᠵᠢᠴᠢ ᠡᠾᠦ᠋ᠩᠨᠣ᠎ᠶ᠋ᠢᠨ ᠦᠶ᠎ᠡ᠎ᠳᠤ ᠢᠯᠡᠷᠡᠬᠦᠯᠦᠭ᠌ᠰᠡᠨ ᠮᠣᠷᠢᠨ ᠬᠡᠷᠡᠭ᠌ᠰᠡᠯ᠎ᠳᠤ ᠭᠤᠣᠯᠳᠠᠭᠤ ᠠᠮᠠᠭᠠᠢ᠂ ᠬᠠᠵᠠᠭᠠᠷ᠂ ᠮᠣᠷᠢᠨ ᠬᠤᠩᠬᠤ᠂ ᠮᠣᠷᠢᠨ ᠵᠠᠰᠠᠯ ᠵᠡᠷᠭᠡ ᠪᠣᠢ᠃ ᠦᠩᠬᠡᠷᠡᠭ᠌ᠰᠡᠨ᠎ᠳᠤ ᠣᠯᠣᠰ᠎ᠤᠨ ᠲᠣᠳᠣᠭᠠᠳᠣ᠎ᠳᠤ ᠱᠢᠶᠠᠨᠪᠸᠢᠠᠴᠠ ᠡᠮᠦᠨ᠎ᠡ ᠮᠣᠷᠢᠨ ᠲᠠᠬ᠎ᠠ ᠬᠡᠷᠡᠭ᠌ᠯᠡᠵᠦ᠍ ᠪᠠᠢᠬ᠍ᠰᠠᠨ ᠬᠡᠷᠡᠴᠢ ᠢᠯᠡᠷᠡᠬᠦᠯᠦᠭᠡᠳᠦᠢ ᠪᠠᠢᠪᠠ᠃
ᠪᠠᠭ᠎ᠠ ᠬᠦᠬᠡᠬᠡᠷᠤᠨ ᠪᠠᠭᠤᠷᠢ᠎ᠠᠴᠠ ᠮᠠᠯᠳᠠᠵᠦ᠍ ᠭᠠᠷᠭᠠᠬ᠍ᠰᠠᠨ ᠮᠣᠷᠢᠨ ᠲᠠᠬ᠎ᠠ᠎ᠶ᠋ᠢᠨ ᠬᠠᠳᠠᠭᠠᠰᠣ ᠪᠣᠯ ᠮᠣᠷᠢᠨ ᠲᠠᠬ᠎ᠠ ᠬᠠᠳᠠᠬᠤ᠎ᠳᠤ ᠬᠡᠷᠡᠭ᠌ᠯᠡᠳᠡᠭ᠂ ᠡᠨᠡ᠎ᠨᠢ ᠱᠢᠶᠠᠨᠪᠸᠢ ᠡᠷᠳᠡᠨ᠎ᠠᠴᠠ ᠡᠬᠢᠯᠡᠨ ᠮᠣᠷᠢᠨ ᠲᠠᠬ᠎ᠠ ᠬᠡᠷᠡᠭ᠌ᠯᠡᠵᠦ᠍ ᠪᠠᠢᠬ᠍ᠰᠠᠨ᠎ᠢ ᠬᠠᠷᠠᠭᠤᠯᠵᠦ᠍ ᠪᠠᠢᠨ᠎ᠠ᠃ ᠦᠪᠣᠷ ᠮᠣᠩᠭᠤᠯ᠎ᠤᠨ ᠨᠡᠢᠬᠡᠮ᠎ᠤᠨ ᠱᠢᠨᠵᠢᠯᠡᠬᠦ᠌ ᠣᠬᠠᠭᠠᠨ᠎ᠤ ᠬᠦᠷᠢᠶᠡᠯᠡᠩ ᠪᠣᠯᠣᠨ ᠦᠪᠣᠷ ᠮᠣᠩᠭᠤᠯ᠎ᠤᠨ ᠲᠡᠣᠬᠡ᠎ᠶ᠋ᠢᠨ ᠲᠣᠷᠠᠰᠭᠠᠯᠳᠣ ᠵᠦᠢᠯᠡᠰ᠎ᠤᠨ ᠬᠠᠭᠤᠴᠢ ᠰᠣᠳᠣᠯᠣᠯ᠎ᠤᠨ ᠰᠣᠳᠣᠯᠬᠤ ᠬᠦᠷᠢᠶᠡᠯᠡᠩ᠎ᠤᠨ ᠲᠣᠰᠭᠠᠢ ᠮᠡᠷᠭᠡᠵᠢᠯᠳᠠᠨ᠎ᠤ ᠲᠦᠰᠦᠭᠡᠯᠡᠭ᠌ᠰᠡᠨᠢ ᠦᠨᠳᠦᠰᠦᠯᠡᠪᠡᠯ᠂ ᠡᠨᠡ ᠪᠠᠭᠤᠷᠢ᠎ᠠᠴᠠ ᠮᠠᠯᠳᠠᠵᠦ᠍ ᠭᠠᠷᠭᠠᠬ᠍ᠰᠠᠨ ᠮᠣᠷᠢᠨ ᠲᠠᠬ᠎ᠠ᠎ᠶ᠋ᠢᠨ ᠬᠠᠳᠠᠭᠠᠰᠣ ᠪᠣᠯ ᠣᠳᠣ ᠪᠣᠯᠳᠠᠯᠠᠬᠢ ᠮᠠᠨ᠎ᠤ ᠣᠯᠣᠰ᠎ᠤᠨ ᠲᠣᠳᠣᠭᠠᠳᠣ᠎ᠳᠤ ᠢᠯᠡᠷᠡᠬᠦᠯᠦᠭ᠌ᠰᠡᠨ ᠮᠣᠷᠢᠨ ᠲᠠᠬ᠎ᠠ ᠬᠡᠷᠡᠭ᠌ᠯᠡᠵᠦ᠍ ᠪᠠᠢᠬ᠍ᠰᠠᠨ ᠬᠠᠮᠤᠭ᠎ᠤᠨ ᠡᠷᠳᠡᠨ᠎ᠤ ᠪᠣᠳᠠᠰ᠎ᠤᠨ ᠬᠡᠷᠡᠴᠢ ᠪᠣᠯᠣᠨ᠎ᠠ᠃
ᠮᠣᠷᠢᠨ ᠲᠠᠬ᠎ᠠ ᠪᠣᠯ ᠮᠣᠷᠢᠨ ᠲᠣᠭᠤᠷᠠᠢ ᠲᠡᠭᠡᠷ᠎ᠡ ᠬᠠᠳᠠᠳᠠᠭ ᠲᠡᠮᠣᠷ᠎ᠢᠶᠠᠷ ᠬᠢᠭ᠌ᠰᠡᠨ ᠲᠣᠭᠤᠷᠠᠢ᠎ᠶ᠋ᠢᠨ ᠬᠡᠯᠪᠡᠷᠢ᠎ᠲᠠᠢ ᠡᠳ᠋ ᠪᠣᠯᠣᠨ᠎ᠠ᠃ ᠭᠤᠣᠯᠳᠠᠭᠤ ᠮᠣᠷᠢᠨ ᠲᠣᠭᠤᠷᠠᠢ᠎ᠶ᠋ᠢ ᠬᠠᠮᠠᠭᠠᠯᠠᠬᠤ᠂ ᠮᠣᠷᠢᠨ ᠲᠣᠭᠤᠷᠠᠢ᠎ᠶ᠋ᠢᠨ ᠡᠯᠡᠭ᠌ᠳᠡᠯᠢ ᠪᠠᠭᠠᠰᠭᠠᠬᠤ᠂ ᠮᠣᠷᠢᠨ᠎ᠤ ᠲᠡᠰᠪᠦᠷᠢ᠎ᠶ᠋ᠢ ᠲᠡᠭᠡᠭ᠌ᠰᠢᠯᠡᠬᠦᠯᠬᠦ᠌᠎ᠳᠤ ᠠᠱᠢᠬ᠍ᠳᠠᠢ᠂ ᠮᠣᠷᠢᠨ ᠲᠠᠬ᠎ᠠ ᠬᠠᠳᠠᠪᠠᠯ ᠮᠣᠷᠢ ᠬᠢᠰᠭᠢᠬᠦ᠌ᠳᠡᠭᠡᠨ ᠴᠤ᠌ ᠬᠦᠴᠦᠳᠡᠢ ᠪᠣᠯᠳᠠᠭ᠃ ᠮᠣᠷᠢᠨ ᠲᠠᠬ᠎ᠠ ᠬᠠᠳᠠᠬᠤ᠎ᠳᠤ ᠮᠣᠷᠢᠨ ᠲᠣᠭᠤᠷᠠᠢ᠎ᠶ᠋ᠢᠨ ᠶᠠᠰᠣ ᠪᠣᠯᠣᠨ ᠪᠦᠳᠦᠴᠡ᠎ᠶ᠋ᠢ ᠣᠢᠯᠠᠭᠠᠬᠤ ᠴᠢᠬᠤᠯᠠᠳᠠᠢ᠂ ᠡᠨᠡ᠎ᠨᠢ ᠲᠣᠬᠠᠢ᠎ᠶ᠋ᠢᠨ ᠬᠦᠮᠦᠰ᠎ᠲᠤ ᠮᠠᠰᠢ ᠶᠡᠭᠡ ᠬᠦᠴᠢᠷᠳᠡᠢ ᠮᠡᠷᠭᠡᠵᠢᠯ᠎ᠤᠨ ᠠᠵᠢᠯ ᠪᠠᠢᠬ᠍ᠰᠠᠨ ᠪᠠᠢᠵᠠᠢ᠃ ᠮᠣᠷᠢᠨ ᠲᠠᠬ᠎ᠠ ᠠᠯᠭᠤᠷ ᠠᠭᠠᠵᠢᠮ᠎ᠢᠶᠠᠷ ᠦᠬᠡᠷᠡᠴᠢᠯᠡᠭ᠌ᠳᠡᠵᠦ᠍ ᠲᠦᠬᠡᠮᠡᠯ ᠬᠡᠷᠡᠭ᠌ᠯᠡᠭ᠌ᠳᠡᠵᠦ᠍ ᠢᠷᠡᠭ᠌ᠰᠡᠨ᠎ᠨᠢ ᠮᠣᠷᠢ᠎ᠶ᠋ᠢ ᠣᠨᠤᠭ᠎ᠠ ᠲᠡᠭᠡᠭᠡᠪᠦᠷᠢ᠎ᠳᠤ ᠬᠡᠷᠡᠭ᠌ᠯᠡᠬᠦ᠌ ᠦᠢᠯᠡᠳᠦᠯ ᠬᠡᠷᠡᠭ᠌ᠴᠡᠭᠡ᠎ᠶ᠋ᠢ ᠠᠬᠢᠭᠤᠯᠣᠬ᠍ᠰᠠᠨ ᠪᠠᠢᠨ᠎ᠠ᠃
ᠣᠷᠳᠣ ᠣᠳᠠᠭᠠᠨ ᠲᠡᠣᠬᠡᠨ ᠠᠶᠠᠨ᠎ᠳᠤ᠂ ᠠᠳᠣᠭᠤ ᠪᠣᠯᠣᠨ ᠬᠦᠮᠦᠨ ᠬᠠᠷᠢᠯᠴᠠᠨ ᠲᠦᠱᠢᠯᠴᠡᠵᠦ᠍ ᠬᠠᠷᠢᠯᠴᠠᠨ ᠠᠮᠢᠳᠣᠷᠠᠨ ᠣᠷᠣᠱᠢᠬ᠍ᠰᠠᠭᠠᠷ ᠢᠷᠡᠭ᠌ᠰᠡᠨ ᠶᠣᠮ᠃ ᠠᠳᠣᠭᠤᠨ ᠰᠣᠶᠣᠯ᠎ᠨᠢ ᠮᠠᠨ᠎ᠤ ᠣᠯᠣᠰ᠎ᠤᠨ ᠡᠯ᠎ᠡ ᠦᠨᠳᠣᠰᠣᠳᠠᠨ᠎ᠤ ᠪᠦᠯᠬᠦᠮᠳᠡᠨ ᠬᠦᠭ᠌ᠵᠢᠭ᠌ᠰᠡᠨ ᠶᠠᠪᠣᠴᠠ᠎ᠳᠤ᠂ ᠲᠣᠮᠳᠠᠳᠣ ᠣᠯᠣᠰ᠎ᠤᠨ ᠣᠯᠠᠮᠵᠢᠯᠠᠯᠳᠣ ᠰᠣᠶᠣᠯ᠎ᠤᠨ ᠲᠣᠳᠣᠷ᠎ᠠ ᠦᠪᠡᠷᠮᠢᠴᠡ ᠣᠨᠴᠠᠯᠢᠬ᠎ᠲᠠᠢ ᠲᠣᠯᠭᠠᠭᠤᠷᠢ ᠪᠣᠯᠵᠠᠢ᠃ ᠲᠣᠮᠳᠠᠳᠣ ᠣᠯᠣᠰ᠎ᠤᠨ ᠡᠷᠳᠡᠨ᠎ᠤ ᠠᠳᠣᠭᠤᠨ ᠰᠣᠶᠣᠯ᠎ᠳᠤ ᠡᠷᠳᠡᠨ᠎ᠤ ᠬᠦᠮᠦᠰ᠎ᠤᠨ ᠰᠣᠷᠭᠠᠨ ᠠᠷᠠᠴᠢᠯᠠᠬᠤ᠂ ᠠᠱᠢᠬ᠍ᠯᠠᠵᠦ᠍ ᠵᠠᠷᠣᠬᠤ ᠶᠠᠪᠣᠴᠠ᠎ᠳᠤ ᠬᠤᠷᠠᠮᠳᠣᠭᠤᠯᠣᠭ᠍ᠰᠠᠨ ᠮᠣᠷᠢᠨ᠎ᠤ ᠲᠣᠬᠠᠢ ᠲᠠᠨᠢᠯᠳᠠ᠂ ᠰᠣᠷᠭᠠᠵᠦ᠍ ᠲᠡᠵᠢᠬᠡᠬᠦ᠌ ᠲᠣᠷᠱᠢᠯᠭ᠎ᠠ ᠪᠠᠭ᠍ᠳᠠᠵᠦ᠍ ᠪᠠᠢᠳᠠᠭ᠃ ᠮᠣᠷᠢ᠎ᠶ᠋ᠢ ᠭᠠᠷᠱᠢᠭᠤᠯᠵᠦ᠍ ᠠᠱᠢᠬ᠍ᠯᠠᠬᠤ ᠶᠠᠪᠣᠴᠠ᠎ᠳᠤ ᠣᠯᠠᠨ ᠵᠦᠢᠯ᠎ᠤᠨ ᠪᠠᠭᠠᠵᠢ ᠬᠡᠷᠡᠭ᠌ᠰᠡᠯ ᠡᠬᠦᠳᠴᠡᠢ᠃ ᠮᠣᠷᠢ᠎ᠨᠢ ᠲᠣᠮᠳᠠᠳᠣ ᠣᠯᠣᠰ᠎ᠤᠨ ᠬᠦᠮᠦᠰ᠎ᠤᠨ ᠰᠡᠳᠭᠢᠯ᠎ᠳᠤ ᠦᠨᠳᠣᠰᠣᠳᠠᠨ᠎ᠤ ᠣᠶᠣᠨ ᠰᠠᠨᠠᠭᠠᠨ᠎ᠤ ᠪᠡᠯᠭᠡ ᠲᠡᠮᠳᠡᠭ᠎ᠤᠨ ᠨᠢᠭᠡ ᠪᠣᠯᠵᠦ᠍ ᠪᠠᠢᠳᠠᠭ᠃ ᠪᠠᠭ᠎ᠠ ᠬᠦᠬᠡᠬᠡᠷᠤᠨ ᠪᠠᠭᠤᠷᠢ᠎ᠠᠴᠠ ᠮᠠᠯᠳᠠᠵᠦ᠍ ᠭᠠᠷᠭᠠᠬ᠍ᠰᠠᠨ ᠮᠣᠷᠢᠨ ᠵᠢᠷᠤᠭ ᠵᠢᠴᠢ ᠮᠣᠷᠢᠨ ᠲᠣᠯᠣᠭᠠᠢ᠎ᠶ᠋ᠢᠨ ᠶᠠᠰᠣ᠂ ᠬᠠᠪᠢᠷᠭᠠᠨ ᠶᠠᠰᠣ᠂ ᠮᠣᠷᠢᠨ ᠲᠠᠬ᠎ᠠ ᠵᠡᠷᠭᠡ᠎ᠨᠢ ᠱᠢᠨ᠎ᠠ ᠴᠠᠭ ᠦᠶ᠎ᠡ᠎ᠶ᠋ᠢᠨ ᠠᠳᠣᠭᠤᠨ ᠰᠣᠶᠣᠯ᠎ᠤᠨ ᠰᠣᠳᠣᠯᠭᠠᠨ᠎ᠳᠤ ᠱᠢᠨ᠎ᠠ ᠪᠣᠳᠠᠰ᠎ᠤᠨ ᠮᠠᠲ᠋ᠧᠷᠢᠶᠡᠯ ᠨᠡᠮᠡᠭ᠌ᠰᠡᠨ ᠪᠠᠢᠨ᠎ᠠ᠃