《ᠬᠤᠯᠪᠤᠭ᠎ᠠ》 ᠪᠤᠯᠤᠨ 《ᠮᠤᠷᠢᠨ ᠡᠳ᠋ᠯᠡᠯ᠎ᠤᠨ ᠤᠷ᠎ᠠ ᠮᠡᠷᠭᠡᠵᠢᠯ》 ᠎ᠤᠨ ᠤᠯᠠᠮᠵᠢᠯᠠᠭ᠍ᠴᠢᠳ᠎ᠤᠨ ᠰᠤᠳᠤᠯᠤᠨ ᠪᠤᠯᠪᠠᠰᠤᠷᠠᠬᠤ ᠠᠩᠭᠢ ᠰᠤᠷᠤᠯᠭ᠎ᠠ ᠲᠡᠭᠦᠰᠪᠡ
2021-05-17 09:17:11
ᠵᠣᠬᠢᠶᠠᠭ᠍ᠴᠢ᠄
ᠪᠤᠤ ᠰᠠᠷᠠᠭᠤᠯ ᠤᠯᠠᠭᠠᠨᠳᠤᠶᠠᠭ᠎ᠠ
ᠣᠩᠱᠢᠭ᠍ᠰᠠᠨ ᠣᠳᠠᠭ᠎ᠠ᠄
★★★☆☆

5 ᠰᠠᠷ᠎ᠠ᠎ᠶ᠋ᠢᠨ 15 ᠎ᠤ ᠦᠳᠡ᠎ᠶ᠋ᠢᠨ ᠬᠤᠢᠨ᠎ᠠ᠂ ᠳᠤᠮᠳᠠᠳᠤ ᠤᠯᠤᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢᠳ᠎ᠤᠨ ᠰᠤᠳᠤᠯᠤᠨ ᠰᠤᠷᠤᠯᠴᠠᠵᠤ ᠪᠤᠯᠪᠠᠰᠤᠷᠠᠭᠤᠯᠬᠤ ᠲᠦᠯᠦᠪᠯᠡᠭᠡ᠎ᠶ᠋ᠢᠨ 《ᠬᠤᠯᠪᠤᠭ᠎ᠠ》 ᠪᠤᠯᠤᠨ 《ᠮᠤᠷᠢᠨ ᠡᠳ᠋ᠯᠡᠯ᠎ᠤᠨ ᠤᠷ᠎ᠠ ᠮᠡᠷᠭᠡᠵᠢᠯ》 ᠎ᠤᠨ ᠤᠯᠠᠮᠵᠢᠯᠠᠭ᠍ᠴᠢᠳ᠎ᠤᠨ ᠰᠤᠳᠤᠯᠤᠨ ᠪᠤᠯᠪᠠᠰᠤᠷᠠᠬᠤ ᠠᠩᠭᠢ᠎ᠶ᠋ᠢᠨ ᠨᠢᠭᠡ ᠰᠠᠷ᠎ᠠ᠎ᠶ᠋ᠢᠨ ᠪᠤᠯᠪᠠᠰᠤᠷᠠᠯ ᠲᠡᠭᠦᠰ ᠠᠮᠵᠢᠯᠲᠠ᠎ᠲᠠᠢ ᠦᠨᠳᠦᠷᠯᠡᠵᠦ᠍᠂ ᠬᠠᠷᠢᠭᠤ ᠮᠡᠳᠡᠭᠦᠯᠦᠯᠲᠡ᠎ᠶ᠋ᠢᠨ ᠲᠤᠭ᠍ᠯᠠᠯᠲᠠ᠎ᠨᠢ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠳᠠᠭᠤᠤ ᠬᠦᠭ᠌ᠵᠢᠮ᠎ᠤᠨ ᠲᠢᠩᠬᠢᠮ᠎ᠳᠤ ᠨᠢᠵᠢᠭᠢᠷ ᠰᠠᠢᠬᠠᠨ ᠶᠠᠪᠤᠭ᠍ᠳᠠᠯ᠎ᠠ᠃

ᠬᠠᠷᠢᠭᠤ ᠮᠡᠳᠡᠭᠦᠯᠦᠯᠲᠡ᠎ᠶ᠋ᠢᠨ ᠲᠤᠭ᠍ᠯᠠᠯᠲᠠ᠎ᠳᠤ ᠴᠤᠭ᠍ᠯᠠᠭ᠎ᠠ ᠬᠤᠯᠪᠤᠭ᠎ᠠ 《ᠠᠭᠤᠤ ᠨᠠᠮ᠎ᠤᠨ ᠮᠠᠭ᠍ᠲᠠᠭᠤ》 ᠎ᠪᠠᠷ ᠲᠤᠭ᠍ᠯᠠᠯᠲᠠ᠎ᠶ᠋ᠢᠨ ᠬᠦᠱᠢᠭᠡ᠎ᠪᠠᠨ ᠢᠷᠠᠵᠤ᠂ ᠤᠷᠲᠤ᠎ᠶ᠋ᠢᠨ ᠳᠠᠭᠤᠤ 《ᠭᠢᠰᠭᠢᠳᠡᠯ ᠰᠠᠢᠲᠤ》᠂ ᠭᠠᠭ᠍ᠴᠠ ᠬᠦᠮᠦᠨ᠎ᠤ ᠬᠤᠯᠪᠤᠭ᠎ᠠ 《ᠬᠤᠪᠢᠯᠭᠠᠨ ᠵᠢᠷᠭᠤᠳᠤᠭᠠᠷ》᠂ ᠬᠤᠭᠤᠷ ᠱᠠᠨᠵᠠ᠎ᠶ᠋ᠢᠨ ᠬᠤᠤᠰᠯᠠᠯ 《ᠠᠳᠤᠭᠤᠴᠢᠨ ᠵᠠᠯᠠᠭᠤ》᠂ ᠬᠠᠮᠲᠤ᠎ᠶ᠋ᠢᠨ ᠬᠤᠯᠪᠤᠭ᠎ᠠ 《ᠠᠭᠤᠤ ᠵᠢᠳᠬᠦᠯ᠂ ᠠᠯᠳᠠᠷ ᠭᠠᠪᠢᠶ᠎ᠠ》᠂ ᠪᠧᠨᠰᠧᠨ ᠦᠯᠢᠭᠡᠷ 《ᠯᠢ ᠪᠠᠢ ᠡᠵᠢ᠎ᠪᠠᠨ ᠮᠦᠷᠦᠭᠡᠳᠦᠭ᠌ᠰᠡᠨ᠎ᠨᠢ》᠂ ᠭᠤᠴᠤᠯᠠᠯ ᠳᠠᠭᠤᠤ 《ᠤᠭᠠᠯᠵᠠᠨ ᠡᠮᠡᠭᠡᠯ》᠂ ᠳᠠᠭᠠᠷᠢᠯᠴᠠᠭ᠎ᠠ ᠬᠤᠯᠪᠤᠭ᠎ᠠ 《ᠦᠭᠡ ᠰᠡᠳᠦᠪ᠎ᠤᠨ ᠡᠯᠭᠦᠭᠡ》᠂ ᠬᠤᠭᠤᠷ᠎ᠤᠨ ᠦᠯᠢᠭᠡᠷ 《ᠮᠤᠷᠢ ᠡᠮᠡᠭᠡᠯᠯᠡᠬᠦ᠌》᠂ ᠨᠠᠢᠷᠠᠯ ᠬᠦᠭ᠌ᠵᠢᠮ 《ᠠᠷᠠᠳ᠎ᠤᠨ ᠳᠠᠭᠤᠤ᠎ᠶ᠋ᠢᠨ ᠠᠶ᠎ᠠ᠎ᠶ᠋ᠢᠨ ᠴᠦᠷᠭᠦᠯᠡᠭᠡ》᠂ ᠦᠯᠢᠭᠡᠷᠲᠦ ᠳᠠᠭᠤᠤ 《ᠯᠦᠸᠧ ᠶᠠᠩ》᠂ ᠤᠷᠭᠤᠭ᠎ᠠ ᠬᠤᠯᠪᠤᠭ᠎ᠠ᠂ ᠤᠶᠠᠩᠭᠠᠲᠤ ᠬᠤᠯᠪᠤᠭ᠎ᠠ 《ᠲᠡᠮᠦᠷ ᠪᠤᠬ᠎ᠠ》 ᠵᠡᠷᠭᠡ ᠠᠷᠠᠳ ᠲᠦᠮᠡᠨ᠎ᠤ ᠤᠢ ᠪᠢᠯᠢᠭ᠎ᠠᠴᠠ ᠤᠨᠳᠤᠷᠤᠯ᠎ᠲᠠᠢ᠂ ᠠᠬᠠᠮᠠᠳ ᠤᠷᠠᠯᠢᠭ᠍ᠴᠢᠳ᠎ᠤᠨ ᠠᠪᠢᠶᠠᠰ ᠪᠢᠯᠢᠭ᠎ᠢᠶᠠᠷ ᠪᠦᠲᠦᠭᠡᠭ᠌ᠳᠡᠭ᠌ᠰᠡᠨ ᠭᠤᠢᠳᠠ ᠰᠠᠢᠬᠠᠨ ᠲᠤᠭ᠍ᠯᠠᠯᠲᠠ᠎ᠪᠠᠷ ᠦᠷᠬᠦᠯᠵᠢᠯᠡᠨ᠂ ᠠᠭᠤᠤ ᠨᠠᠮ᠎ᠢᠶᠠᠨ ᠤᠶᠠᠩᠭᠠᠯᠠᠨ ᠳᠠᠭᠤᠯᠠᠵᠤ᠂ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠳᠤ ᠪᠡᠯᠡᠭ ᠪᠤᠯᠭᠠᠨ ᠳᠡᠪᠱᠢᠭᠦᠯᠦᠯ᠎ᠡ᠃

ᠶᠡᠷᠦᠩᠬᠡᠢ ᠱᠦᠵᠢ ᠰᠢ᠎ᠶ᠋ᠢᠨ ᠫᠢᠩ ᠤᠯᠠᠮᠵᠢᠯᠠᠯᠲᠤ ᠰᠤᠶᠤᠯ᠎ᠢ ᠬᠠᠮᠠᠭᠠᠯᠠᠬᠤ ᠪᠠ ᠤᠯᠠᠮᠵᠢᠯᠠᠬᠤ᠎ᠶ᠋ᠢ ᠤᠯᠠᠨᠲᠠ ᠴᠢᠬᠤᠯᠠᠴᠢᠯᠠᠵᠤ᠂ ᠱᠢᠯᠢᠳᠡᠭ ᠤᠯᠠᠮᠵᠢᠯᠠᠯᠲᠤ ᠰᠤᠶᠤᠯ᠎ᠢᠶᠠᠨ ᠪᠠᠳᠠᠷᠠᠭᠤᠯᠵᠤ᠂ ᠪᠤᠳᠠᠰ᠎ᠤᠨ ᠪᠤᠰᠤ ᠰᠤᠶᠤᠯ᠎ᠤᠨ ᠦᠪ᠎ᠢ ᠬᠠᠮᠠᠭᠠᠯᠠᠵᠤ ᠰᠤᠶᠤᠯ᠎ᠤᠨ ᠢᠲᠡᠭᠡᠯ᠎ᠢᠶᠠᠨ ᠨᠡᠮᠡᠭ᠌ᠳᠡᠭᠦᠯᠬᠦ᠌᠎ᠶ᠋ᠢᠨ ᠴᠢᠬᠤᠯᠠ ᠴᠢᠨᠠᠷ᠎ᠢ ᠦᠭᠦᠯᠡᠭ᠌ᠰᠡᠨ ᠪᠠᠢᠳᠠᠭ᠃ ᠳᠤᠮᠳᠠᠳᠤ ᠤᠯᠤᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢᠳ᠎ᠤᠨ ᠰᠤᠳᠤᠯᠤᠨ ᠰᠤᠷᠤᠯᠴᠠᠵᠤ ᠪᠤᠯᠪᠠᠰᠤᠷᠠᠭᠤᠯᠬᠤ ᠲᠦᠯᠦᠪᠯᠡᠭᠡ᠎ᠨᠢ ᠪᠤᠳᠠᠰ᠎ᠤᠨ ᠪᠤᠰᠤ ᠰᠤᠶᠤᠯ᠎ᠤᠨ ᠦᠪ᠎ᠢ ᠬᠠᠮᠠᠭᠠᠯᠠᠬᠤ ᠪᠠ ᠤᠯᠠᠮᠵᠢᠯᠠᠬᠤ ᠨᠢᠭᠡ ᠵᠦᠢᠯ᠎ᠤᠨ ᠰᠠᠭᠤᠷᠢ ᠴᠢᠨᠠᠷᠲᠠᠢ᠂ ᠪᠠᠢᠯᠳᠤᠬᠤ ᠪᠤᠳᠤᠯᠭ᠎ᠠ᠎ᠶ᠋ᠢᠨ ᠴᠢᠨᠠᠷᠲᠠᠢ ᠠᠵᠢᠯ ᠪᠠᠢᠵᠤ᠂ ᠳᠤᠮᠳᠠᠳᠤ᠎ᠶ᠋ᠢᠨ ᠱᠢᠯᠢᠳᠡᠭ ᠰᠤᠶᠤᠯ᠎ᠤᠨ ᠤᠯᠠᠮᠵᠢᠯᠠᠯ᠎ᠢ ᠪᠦᠲᠦᠭᠡᠯᠴᠢ᠎ᠪᠠᠷ ᠬᠤᠪᠢᠷᠠᠭᠤᠯᠤᠨ᠂ ᠱᠢᠨ᠎ᠡ᠎ᠶ᠋ᠢ ᠡᠭᠦᠳᠦᠨ ᠬᠦᠭ᠌ᠵᠢᠭᠦᠯᠬᠦ᠌᠎ᠶ᠋ᠢ ᠠᠬᠢᠭᠤᠯᠬᠤ ᠴᠢᠬᠤᠯᠠ ᠠᠷᠭ᠎ᠠ ᠬᠡᠮᠵᠢᠶ᠎ᠡ ᠪᠤᠯᠤᠨ᠎ᠠ᠃ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ ᠲᠤᠰ ᠲᠦᠯᠦᠪᠯᠡᠭᠡ᠎ᠳᠤ ᠤᠷᠤᠯᠴᠠᠭ᠍ᠰᠠᠨ ᠨᠢᠭᠡᠳᠦᠭᠡᠷ ᠪᠦᠯᠦᠭ ᠵᠩᠡ ᠳᠡᠭᠡᠳᠦ ᠰᠤᠷᠭᠠᠭᠤᠯᠢ ᠪᠤᠯᠤᠭ᠍ᠰᠠᠨ᠎ᠤ ᠬᠤᠪᠢ᠎ᠳᠤ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠰᠤᠳᠤᠯᠤᠯ᠂ ᠬᠠᠮᠠᠭᠠᠯᠠᠯᠲᠠ᠂ ᠳᠡᠯᠭᠡᠷᠡᠭᠦᠯᠦᠯ᠎ᠤᠨ ᠲᠠᠯ᠎ᠠ᠎ᠪᠠᠷ ᠦᠪᠡᠷᠲᠡᠭᠡᠨ ᠵᠠᠰᠠᠬᠤ ᠤᠷᠤᠨ᠎ᠤ ᠰᠤᠶᠤᠯ ᠪᠠ ᠵᠢᠭᠤᠯᠴᠢᠯᠠᠯ᠎ᠤᠨ ᠲᠢᠩᠬᠢᠮ᠎ᠯᠦᠭᠡ ᠨᠢᠭ᠍ᠲᠠ ᠬᠠᠮᠵᠢᠯᠴᠠᠨ᠂ ᠢᠯᠭᠤᠮ ᠠᠮᠵᠢᠯᠲᠠ ᠤᠯᠵᠤ ᠪᠠᠢᠭ᠎ᠠ ᠪᠢᠯᠡ᠃

ᠬᠤᠯᠪᠤᠭ᠎ᠠ ᠪᠤᠯ ᠮᠤᠩᠭᠤᠯ ᠦᠨᠳᠦᠰᠦᠲᠡᠨ᠎ᠤ ᠤᠯᠠᠮᠵᠢᠯᠠᠯᠲᠤ ᠳᠠᠭᠤᠤᠷᠢᠯᠢᠭ᠎ᠤᠨ ᠰᠤᠶᠤᠯ᠎ᠤᠨ ᠬᠤᠪᠤᠷ ᠡᠷᠳᠡᠨᠢ ᠪᠠᠢᠵᠤ᠂ ᠮᠤᠩᠭᠤᠯ ᠦᠨᠳᠦᠰᠦᠲᠡᠨ᠎ᠤ ᠲᠡᠦᠬᠡ ᠰᠤᠶᠤᠯ᠂ ᠰᠤᠶᠤᠯ ᠢᠷᠭᠡᠨᠱᠢᠯ᠂ ᠶᠤᠰᠤ ᠰᠤᠷᠲᠠᠬᠤᠨ᠂ ᠭᠦᠨ ᠤᠬᠠᠭᠠᠨ ᠪᠤᠯᠤᠨ ᠤᠷᠠᠯᠢᠭ᠎ᠤᠨ ᠲᠤᠬᠠᠢ ᠤᠢ᠍ᠢᠯᠠᠭᠠᠯᠲᠠ ᠤᠬᠠᠯᠲᠠ ᠪᠠᠢᠵᠤ᠂ ᠠᠷᠠᠳ ᠲᠦᠮᠡᠨ᠎ᠤ ᠦᠵᠡᠵᠦ᠍ ᠰᠤᠨᠤᠰᠭᠤ ᠳᠤᠷᠠᠲᠠᠢ ᠬᠡᠯᠪᠡᠷᠢ᠎ᠪᠠᠷ ᠠᠭᠤᠤ ᠨᠠᠮ᠂ ᠤᠯᠤᠰ ᠤᠷᠤᠨ ᠪᠠ ᠰᠠᠢᠨ ᠰᠠᠢᠬᠠᠨ ᠠᠮᠢᠳᠤᠷᠠᠯ᠎ᠢᠶᠠᠨ ᠮᠠᠭ᠍ᠲᠠᠨ ᠳᠠᠭᠤᠯᠠᠵᠤ᠂ ᠤᠯᠠᠮᠵᠢᠯᠠᠯ᠎ᠢᠶᠠᠨ ᠵᠠᠯᠭᠠᠮᠵᠢᠯᠠᠨ ᠪᠤᠳᠠᠳᠤ ᠠᠬᠤᠢ᠎ᠶ᠋ᠢ ᠳᠤᠰᠭᠠᠭ᠍ᠰᠠᠨ ᠴᠢᠬᠤᠯᠠ ᠦᠢᠯᠡᠳᠦᠯ᠎ᠲᠠᠢ ᠭᠡᠵᠦ᠍ ᠡᠷᠳᠡᠮᠲᠡᠨ ᠮᠡᠷᠭᠡᠳ ᠳᠤᠷᠠᠳᠤᠭ᠍ᠰᠠᠨ ᠪᠠᠢᠨ᠎ᠠ᠃ ᠮᠤᠩᠭᠤᠯ ᠦᠨᠳᠦᠰᠦᠲᠡᠨ᠎ᠤ 《ᠮᠤᠷᠢᠨ ᠡᠳ᠋ᠯᠡᠯ᠎ᠤᠨ ᠤᠷ᠎ᠠ ᠮᠡᠷᠭᠡᠵᠢᠯ》 ᠪᠤᠯ ᠮᠤᠩᠭᠤᠯ ᠦᠨᠳᠦᠰᠦᠲᠡᠨ᠎ᠤ ᠠᠳᠤᠭᠤᠨ ᠰᠤᠶᠤᠯ᠎ᠤᠨ ᠳᠠᠷᠬᠠᠨ ᠤᠯᠠᠮᠵᠢᠯᠠᠯ ᠪᠠᠢᠵᠤ᠂ ᠮᠤᠩᠭᠤᠯ ᠦᠨᠳᠦᠰᠦᠲᠡᠨ᠎ᠤ ᠠᠷᠠᠳ ᠲᠦᠮᠡᠨ ᠤᠷᠲᠤ ᠬᠤᠭᠤᠴᠠᠭᠠᠨ᠎ᠤ ᠦᠢᠯᠡᠳᠪᠦᠷᠢᠯᠡᠯ ᠠᠮᠢᠳᠤᠷᠠᠯ᠎ᠤᠨ ᠳᠤᠮᠳᠠ᠎ᠪᠠᠨ ᠡᠭᠦᠳᠦᠭ᠌ᠰᠡᠨ ᠪᠠ ᠬᠦᠭ᠌ᠵᠢᠭᠦᠯᠦᠭ᠌ᠰᠡᠭᠡᠷ ᠢᠷᠡᠭ᠌ᠰᠡᠨ ᠶᠤᠮ᠃

ᠳᠤᠮᠳᠠᠳᠤ ᠤᠯᠤᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠨᠢ ᠦᠨᠢ ᠤᠳᠠᠭᠠᠨ ᠲᠡᠦᠬᠡᠨ ᠶᠠᠪᠤᠴᠠ᠎ᠳᠠᠬᠢ ᠳᠤᠮᠳᠠᠳᠤ᠎ᠶ᠋ᠢᠨ ᠦᠨᠳᠦᠰᠦᠲᠡᠨ᠎ᠤ ᠤᠶᠤᠨ ᠤᠬᠠᠭᠠᠨ ᠤᠢ ᠪᠢᠯᠢᠭ᠎ᠤᠨ ᠪᠦᠲᠦᠭᠡᠭ᠌ᠳᠡᠭᠦᠨ ᠪᠠᠢᠵᠤ᠂ ᠳᠤᠮᠳᠠᠳᠤ᠎ᠶ᠋ᠢᠨ ᠰᠤᠶᠤᠯ᠎ᠤᠨ ᠤᠭ ᠦᠨᠳᠦᠰᠦ᠂ ᠳᠤᠮᠳᠠᠳᠤ᠎ᠶ᠋ᠢᠨ ᠦᠨᠳᠦᠰᠦᠲᠡᠨ᠎ᠤ ᠪᠡᠯᠭᠡ ᠲᠡᠮᠲᠡᠭ ᠪᠤᠯᠤᠨ᠎ᠠ᠃ ᠦᠷᠭᠡᠨ ᠤᠯᠠᠨ ᠤᠯᠠᠮᠵᠢᠯᠠᠭ᠍ᠴᠢᠳ ᠮᠠᠨᠢ ᠤᠯᠠᠮᠵᠢᠯᠠᠯ᠎ᠤᠨ ᠠᠷᠭ᠎ᠠ ᠬᠡᠯᠪᠡᠷᠢ᠎ᠶ᠋ᠢᠨ ᠱᠢᠨ᠎ᠡ᠎ᠶ᠋ᠢ ᠡᠭᠦᠳᠦᠨ᠂ ᠤᠯᠠᠮᠵᠢᠯᠠᠯ᠎ᠤᠨ ᠠᠭᠤᠯᠬᠤᠨ᠎ᠢᠶᠠᠨ ᠲᠠᠰᠤᠷᠠᠯᠲᠠ ᠦᠭᠡᠢ ᠪᠠᠶᠠᠯᠢᠭ᠍ᠵᠢᠭᠤᠯᠵᠤ᠂ ᠪᠤᠳᠠᠰ᠎ᠤᠨ ᠪᠤᠰᠤ ᠰᠤᠶᠤᠯ᠎ᠤᠨ ᠦᠪ᠎ᠢ ᠬᠠᠮᠠᠭᠠᠯᠠᠬᠤ ᠪᠠ ᠤᠯᠠᠮᠵᠢᠯᠠᠬᠤ ᠬᠦᠨᠳᠦ ᠡᠭᠦᠷᠭᠡ᠎ᠶ᠋ᠢ ᠡᠭᠦᠷᠭᠡᠯᠡᠨ᠂ ᠨᠡᠩ ᠦᠨᠳᠦᠷ ᠭᠤᠸ᠎ᠠ ᠵᠦᠢ ᠪᠠ ᠰᠤᠶᠤᠯ᠎ᠤᠨ ᠠᠭᠤᠯᠬᠤᠨ ᠪᠦᠬᠦᠢ ᠰᠤᠳᠤᠨ ᠪᠦᠲᠦᠭᠡᠯ᠎ᠢ ᠵᠤᠬᠢᠶᠠᠨ ᠪᠦᠲᠦᠭᠡᠵᠦ᠍᠂ ᠤᠯᠠᠮᠵᠢᠯᠠᠯᠲᠤ ᠰᠤᠶᠤᠯ᠎ᠤᠨ ᠨᠦᠯᠦᠭᠡᠯᠡᠬᠦ᠌ ᠬᠦᠴᠦᠨ᠎ᠢ ᠳᠡᠭᠡᠭ᠌ᠰᠢᠯᠡᠭᠦᠯᠬᠦ᠌᠎ᠶ᠋ᠢᠨ ᠬᠠᠮᠲᠤ ᠠᠷᠠᠳ ᠤᠯᠠᠨ᠎ᠤ ᠤᠶᠤᠨ ᠰᠠᠨᠠᠭ᠎ᠠ ᠰᠤᠶᠤᠯ᠎ᠤᠨ ᠠᠮᠢᠳᠤᠷᠠᠯ᠎ᠢ ᠪᠠᠶᠠᠯᠢᠭ᠍ᠵᠢᠭᠤᠯᠤᠨ᠂ ᠲᠠᠰᠤᠷᠠᠯᠲᠠ ᠦᠭᠡᠢ ᠱᠢᠨ᠎ᠡ᠎ᠶ᠋ᠢ ᠡᠭᠦᠳᠦᠨ ᠬᠦᠭ᠌ᠵᠢᠭᠦᠯᠵᠦ᠍᠂ ᠨᠡᠢᠭᠡᠮ ᠵᠢᠷᠤᠮ᠎ᠤᠨ ᠰᠤᠶᠤᠯ᠎ᠢ ᠬᠠᠮᠲᠤ᠎ᠪᠠᠷ ᠴᠡᠴᠡᠭ᠌ᠯᠡᠭᠦᠯᠦᠨ ᠬᠦᠭ᠌ᠵᠢᠭᠦᠯᠵᠦ᠍᠂ ᠳᠡᠯᠡᠬᠡᠢ ᠳ᠋ᠠᠬᠢᠨ᠎ᠳᠤ ᠳᠤᠮᠳᠠᠳᠤ᠎ᠶ᠋ᠢᠨ ᠰᠤᠶᠤᠯ᠎ᠤᠨ ᠷᠢᠳᠢ ᠱᠢᠳᠢ ᠪᠠ ᠴᠠᠭ ᠦᠶ᠎ᠡ᠎ᠶ᠋ᠢᠨ ᠴᠤᠭ ᠵᠢᠪᠬᠤᠭ᠎ᠠ᠎ᠶ᠋ᠢ ᠭᠠᠢᠬᠠᠭᠤᠯᠬᠤ᠎ᠨᠢ ᠳᠠᠮᠵᠢᠭ ᠦᠭᠡᠢ᠃

ᠲᠤᠰ ᠠᠵᠢᠯᠯᠠᠭ᠎ᠠ᠎ᠶ᠋ᠢ ᠦᠪᠡᠷᠲᠡᠭᠡᠨ ᠵᠠᠰᠠᠬᠤ ᠤᠷᠤᠨ᠎ᠤ ᠰᠤᠶᠤᠯ ᠪᠠ ᠵᠢᠭᠤᠯᠴᠢᠯᠠᠯ᠎ᠤᠨ ᠲᠢᠩᠬᠢᠮ᠂ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ ᠭᠤᠤᠯᠯᠠᠨ ᠡᠷᠬᠢᠯᠡᠵᠦ᠍᠂ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠤᠭ᠍ᠰᠠᠭᠠᠲᠠᠨ ᠵᠦᠢ ᠬᠦᠮᠦᠨ ᠵᠦᠢ᠎ᠶ᠋ᠢᠨ ᠳᠡᠭᠡᠳᠦ ᠰᠤᠷᠭᠠᠭᠤᠯᠢ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠰᠤᠳᠤᠯᠭᠠᠨ᠎ᠤ ᠬᠦᠷᠢᠶᠡᠯᠡᠩ᠂ ᠤᠷᠠᠨ ᠵᠢᠷᠤᠭ᠎ᠤᠨ ᠳᠡᠭᠡᠳᠦ ᠰᠤᠷᠭᠠᠭᠤᠯᠢ ᠪᠠ ᠳᠠᠭᠤᠤ ᠬᠦᠭ᠌ᠵᠢᠮ᠎ᠤᠨ ᠳᠡᠭᠡᠳᠦ ᠰᠤᠷᠭᠠᠭᠤᠯᠢ ᠵᠡᠷᠭᠡ 4 ᠨᠢᠭᠡᠴᠢ ᠳᠠᠭᠠᠭᠠᠴᠢᠯᠠᠨ ᠡᠷᠬᠢᠯᠡᠪᠡ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号