ᠹᠠᠨ ᠮᠧᠶ ᠯᠢᠩ᠄ ᠳᠠᠭᠠᠭᠤᠯᠤᠭ᠍ᠴᠢ ᠠᠵᠤ ᠠᠬᠤᠢᠯᠠᠯ᠎ᠢᠶᠠᠷ ᠠᠮᠢᠳᠤᠷᠠᠯ᠎ᠢᠶᠠᠨ ᠦᠭᠡᠳᠡ ᠲᠠᠳᠠᠨ᠎ᠠ
2021-06-21 09:24:01
ᠵᠣᠬᠢᠶᠠᠭ᠍ᠴᠢ᠄
ᠬᠤᠸᠠᠩ ᠹᠦ᠋ ᠮᠧᠶ ᠱᠢᠶᠠᠨ ᠸᠠᠩ ᠵᠢᠶᠦ᠋ᠨ ᠱᠢᠶᠠ
ᠣᠩᠱᠢᠭ᠍ᠰᠠᠨ ᠣᠳᠠᠭ᠎ᠠ᠄
★★★☆☆

ᠪᠠᠭ᠎ᠠ ᠳᠦᠭᠦᠷᠡᠩ ᠤᠯᠠᠷᠢᠯ᠎ᠤᠨ ᠤᠷᠢᠳ ᠬᠤᠵᠢᠳ ᠪᠣᠯ ᠲᠥᠮᠥᠰᠥ᠎ᠶ᠋ᠢᠨ ᠴᠢᠬᠢ ᠪᠤᠢᠵᠢᠭᠤᠯᠬᠤ ᠬᠠᠮᠤᠭ᠎ᠤᠨ ᠰᠠᠢᠨ ᠦᠶ᠎ᠡ ᠪᠣᠯᠤᠨ᠎ᠠ᠂ ᠱᠠᠩᠳᠤ ᠱᠢᠶᠠᠨ᠎ᠤ ᠴᠢ᠎ᠲᠠᠢ ᠪᠠᠯᠭᠠᠰᠤᠨ᠎ᠤ ᠯᠠᠮᠠ᠎ᠶ᠋ᠢᠨ ᠪᠠᠢᠱᠢᠩ ᠲᠣᠰᠭᠤᠨ᠎ᠤ ᠲᠥᠮᠥᠰᠥ᠎ᠶ᠋ᠢᠨ ᠤᠭ ᠡᠭᠦᠯᠳᠡᠷ᠎ᠤᠨ ᠪᠤᠢᠵᠢᠭᠤᠯᠬᠤ ᠰᠠᠭᠤᠷᠢᠨ᠎ᠳᠤ᠂ 55 ᠨᠠᠰᠤᠲᠠᠶ ᠲᠣᠰᠭᠤᠨ᠎ᠤ ᠠᠷᠠᠳ ᠹᠠᠨ ᠮᠧᠶ ᠯᠢᠩ ᠦᠪᠡᠷ᠎ᠤᠨ ᠳᠠᠭᠠᠭᠠᠴᠢᠯᠠᠭ᠍ᠰᠠᠨ ᠬᠦᠯᠡᠮᠵᠢ᠎ᠳᠡᠭᠡᠨ ᠲᠥᠮᠥᠰᠥ᠎ᠶ᠋ᠢᠨ ᠴᠢᠬᠢ ᠱᠢᠯᠵᠢᠭᠦᠯᠦᠨ ᠳᠠᠷᠢᠵᠤ ᠪᠠᠢᠪᠠ᠂ ᠡᠲᠡᠭᠡᠷ ᠲᠦᠮᠦᠰᠦᠨ ᠴᠢᠬᠢ ᠪᠣᠯ ᠥᠪᠥᠷ ᠮᠣᠩᠭᠤᠯ᠎ᠤᠨ ᠰᠢ ᠰᠧᠨ ᠲᠥᠮᠥᠰᠥ᠍ ᠪᠤᠢᠵᠢᠭᠤᠯᠬᠤ ᠲᠠᠰᠤᠭ᠎ᠲᠤ ᠪᠤᠢᠵᠢᠭᠤᠯᠤᠭ᠍ᠰᠠᠨ ᠬᠤᠪᠤᠷ ᠡᠷᠳᠡᠨᠢ ᠶᠤᠮ᠃

ᠹᠠᠨ ᠮᠧᠶ ᠯᠢᠩ ᠪᠤᠯ ᠠᠵᠢᠯ ᠬᠢᠬᠦ᠌᠎ᠳᠡᠭᠡᠨ ᠪᠤᠱᠢᠭᠤ ᠱᠠᠯᠠᠮᠠᠭᠠᠶ᠎ᠪᠠᠷ᠎ᠢᠶᠠᠨ ᠲᠣᠰᠭᠤᠨ᠎ᠳᠠᠭᠠᠨ ᠠᠯᠳᠠᠷᠱᠢᠭ᠍ᠰᠠᠨ ᠬᠠᠱᠢᠷ ᠭᠠᠷ ᠶᠤᠮ᠃ ᠭᠡᠲᠡᠯ᠎ᠡ ᠲᠦᠮᠦᠰᠦᠨ ᠴᠢᠬᠢ ᠱᠢᠯᠵᠢᠭᠦᠯᠦᠨ ᠵᠠᠢᠯᠠᠬᠤ᠎ᠳᠤ ᠲᠡᠷᠡ ᠶᠠᠭᠠᠬᠢᠭ᠍ᠰᠠᠨ ᠴᠦ᠍ ᠡᠩ᠎ᠤᠨ ᠲᠠᠷᠢᠶᠠᠨ ᠠᠵᠢᠯ ᠬᠢᠬᠦ᠌ ᠱᠢᠭ ᠰᠠᠨᠠᠭᠠᠨ᠎ᠤ ᠠᠶ᠎ᠠ᠎ᠪᠠᠷ᠎ᠢᠶᠠᠨ ᠬᠢᠵᠦ᠍ ᠴᠢᠳᠠᠬᠤ ᠦᠭᠡᠢ ᠪᠠᠢᠯ᠎ᠠ᠃ ᠡᠯᠪᠡᠭ ᠬᠤᠷᠢᠶᠠᠯᠲᠠ᠎ᠶ᠋ᠢᠨ ᠬᠦᠰᠡᠯ ᠡᠷᠡᠮᠡᠯᠵᠡᠯ᠎ᠢ ᠠᠴᠢᠶᠠᠯᠠᠭ᠍ᠰᠠᠨ ᠨᠢᠷᠠᠢ ᠵᠦᠭᠡᠯᠡᠨ ᠲᠦᠮᠦᠰᠦᠨ ᠴᠢᠬᠢ᠎ᠶ᠋ᠢ ᠲᠡᠷᠡ ᠪᠤᠯᠭᠤᠮᠵᠢᠳᠠᠢ ᠵᠥᠭᠡᠭᠡᠪᠦᠷᠢᠯᠡᠵᠦ᠍᠂ ᠬᠢᠴᠢᠶᠡᠮᠵᠢᠳᠡᠢ ᠰᠠᠯᠭᠠᠨ᠂ ᠨᠢᠭᠡᠳ ᠨᠢᠭᠡ᠎ᠪᠠᠷ ᠬᠥᠷᠥᠰᠥᠨ᠎ᠳᠤ ᠬᠠᠳᠭᠤᠵᠤ᠂ ᠬᠦᠩᠭᠡᠭᠡᠨ ᠱᠢᠷᠣᠶ ᠨᠡᠮᠡᠵᠦ᠍ ᠥᠭ᠌ᠭᠦᠨ᠎ᠡ᠃ ᠲᠡᠷᠡ ᠡᠳᠡᠭᠡᠷ 《ᠬᠤᠪᠤᠷ ᠡᠷᠳᠡᠨᠢ》 ᠎ᠪᠠᠨ ᠰᠡᠳᠭᠢᠯ ᠲᠠᠯᠪᠢᠨ ᠠᠷᠠᠴᠢᠯᠠᠵᠤ᠂ ᠬᠢᠴᠢᠶᠡᠮᠵᠢ ᠦᠭᠡᠢ᠎ᠠᠴᠠ ᠱᠢᠷᠬᠠᠲᠤᠭᠤᠯᠴᠢᠬᠠᠬᠤ᠎ᠠᠴᠠ ᠯᠠ ᠠᠶᠤᠨ᠎ᠠ᠃

ᠹᠠᠨ ᠮᠧᠶ ᠯᠢᠩ 2019 ᠣᠨ᠎ᠠᠴᠠ ᠡᠬᠢᠯᠡᠨ ᠬᠦᠯᠡᠮᠵᠢ ᠳᠠᠭᠠᠭᠠᠴᠢᠯᠠᠨ ᠲᠥᠮᠥᠰᠥᠨ᠎ᠤ ᠤᠭ ᠡᠭᠦᠯᠳᠡᠷ ᠲᠠᠷᠢᠬᠤ ᠪᠤᠯᠵᠤ᠂ ᠵᠢᠯ ᠪᠦᠷᠢ ᠬᠤᠶᠠᠷ ᠬᠦᠯᠡᠮᠵᠢ ᠳᠠᠭᠠᠭᠠᠴᠢᠯᠠᠵᠤ ᠪᠤᠢ᠂ ᠡᠨᠡ ᠵᠢᠯ ᠪᠣᠯ ᠭᠤᠷᠪᠠᠳᠡᠬᠢ ᠵᠢᠯ ᠪᠣᠯᠤᠨ᠎ᠠ᠃ ᠡᠭᠦᠨ᠎ᠠᠴᠠ ᠡᠮᠦᠨ᠎ᠡ ᠲᠡᠷᠡ᠎ᠪᠠᠷ ᠡᠪᠦᠭᠡᠨ᠎ᠲᠠᠢ᠎ᠪᠠᠨ ᠬᠤᠶᠠᠭᠤᠯᠠ ᠱᠢᠶᠠᠨ᠎ᠤ ᠬᠤᠲᠠ᠎ᠳᠤ ᠬᠥᠯᠥᠰᠥᠨ ᠠᠵᠢᠯ ᠬᠢᠵᠦ᠍ ᠣᠷᠣᠯᠭ᠎ᠠ᠎ᠨᠢ ᠪᠠᠭ᠎ᠠ ᠪᠦᠭᠡᠳ ᠲᠣᠭ᠍ᠲᠠᠪᠤᠷᠢ ᠥᠬᠡᠶ ᠪᠠᠢᠪᠠ᠃ ᠬᠡᠦᠬᠡᠨ᠎ᠢᠶᠠᠨ ᠶᠡᠭᠡ ᠰᠤᠷᠭᠠᠭᠤᠯᠢ᠎ᠳᠤ ᠪᠢᠴᠢᠭ ᠦᠵᠡᠭᠦᠯᠬᠦ᠌᠎ᠪᠠᠷ ᠪᠠᠷᠠᠬᠤ ᠦᠭᠡᠢ᠂ ᠬᠦᠦ᠎ᠳᠡᠭᠡᠨ ᠪᠠᠰᠠ ᠪᠠᠷᠢ ᠪᠠᠭᠤᠯᠭᠠᠬᠤ ᠪᠤᠯᠤᠭ᠍ᠰᠠᠨ ᠪᠤᠯᠬᠤᠷ ᠠᠳᠠᠯ ᠠᠮᠢᠳᠤᠷᠠᠯ᠎ᠨᠢ ᠮᠠᠰᠢ ᠬᠦᠴᠢᠷᠳᠡᠯᠲᠡᠶ ᠪᠠᠢᠯ᠎ᠠ᠃


QQ截图20210621091225.png


ᠹᠠᠨ ᠮᠧᠢ ᠯᠢᠩ ᠡᠢᠨ ᠬᠦ᠌ ᠰᠡᠳᠭᠢᠯ ᠵᠣᠪᠠᠨᠢᠵᠤ ᠪᠠᠢᠭ᠍ᠰᠠᠨ ᠦᠶ᠎ᠡ᠎ᠳᠤ᠂ ᠲᠣᠰᠭᠤᠨ᠎ᠤ ᠠᠷᠠᠳ᠎ᠤᠨ ᠵᠥᠪᠯᠡᠯ 107 ᠬᠦᠯᠡᠮᠵᠢ ᠪᠠᠢᠭᠤᠯᠵᠤ᠂ ᠥᠪᠥᠷ ᠮᠣᠩᠭᠤᠯ᠎ᠤᠨ ᠰᠢ ᠰᠧᠨ ᠲᠥᠮᠥᠰᠥᠨ᠎ᠤ ᠦᠷ᠎ᠡ᠎ᠶ᠋ᠢᠨ ᠦᠢᠯᠡᠰ᠎ᠤᠨ ᠬᠢᠵᠠᠭᠠᠷᠲᠤ ᠺᠣᠮᠫᠠᠨᠢ᠎ᠳᠤ ᠲᠦᠷᠢᠶᠡᠰᠦᠯᠡᠬᠦᠯᠦᠨ ᠡᠵᠡᠩᠨᠡᠭᠦᠯᠵᠦ᠍᠂ ᠲᠣᠰᠭᠤᠨ᠎ᠤ ᠲᠤᠰᠭᠠᠢ ᠬᠤᠷᠱᠢᠶ᠎ᠠ᠎ᠠᠴᠠ ᠡᠵᠡᠩᠨᠡᠨ ᠬᠠᠮᠢᠶᠠᠷᠬᠤ᠎ᠶ᠋ᠢ ᠬᠠᠷᠢᠭᠤᠴᠠᠬᠤ᠎ᠶ᠋ᠢᠨ ᠬᠠᠮᠲᠤ ᠲᠠᠷᠢᠶᠠᠴᠢᠨ ᠡᠷᠦᠬᠡ᠎ᠲᠠᠢ ᠬᠤᠣᠷ᠎ᠢ᠎ᠨᠢ ᠠᠷᠢᠯᠭᠠᠭ᠍ᠰᠠᠨ ᠲᠥᠮᠥᠰᠥ᠎ᠶ᠋ᠢᠨ ᠤᠭ ᠡᠭᠦᠯᠳᠡᠷ᠎ᠢ ᠬᠠᠮᠲᠤᠷᠠᠨ ᠪᠤᠢᠵᠢᠭᠤᠯᠬᠤ ᠵᠥᠪᠯᠡᠯᠴᠡᠭᠡᠷ ᠲᠣᠭ᠍ᠲᠠᠵᠤ᠂ ᠲᠠᠷᠢᠶᠠᠴᠢᠨ ᠡᠷᠦᠬᠡ᠎ᠪᠠᠷ ᠬᠤᠣᠷ᠎ᠢ᠎ᠨᠢ ᠠᠷᠢᠯᠭᠠᠭ᠍ᠰᠠᠨ ᠲᠥᠮᠥᠰᠥ᠎ᠶ᠋ᠢᠨ ᠤᠭ ᠡᠭᠦᠯᠳᠡᠷ᠎ᠤᠨ ᠴᠢᠬᠢ᠎ᠶ᠋ᠢ ᠲᠠᠷᠢᠭᠤᠯᠬᠤ ᠪᠤᠯᠪᠠ᠃ ᠲᠠᠷᠢᠶᠠᠴᠢᠨ ᠡᠷᠦᠬᠡ ᠪᠦᠷᠢ 2 ᠬᠦᠯᠡᠮᠵᠢ ᠲᠠᠷᠢᠵᠤ ᠪᠤᠯᠤᠨ᠎ᠠ᠂ ᠬᠦᠯᠡᠮᠵᠢ ᠪᠦᠷᠢ᠎ᠶ᠋ᠢᠨ ᠲᠦᠷᠢᠶᠡᠰᠦᠨ ᠮᠥᠩᠭᠦ᠎ᠨᠢ 3500 ᠲᠥᠭᠦᠷᠢᠭ ᠪᠠᠢᠵᠤ᠂ ᠰᠢ ᠰᠧᠨ ᠺᠣᠮᠫᠠᠨᠢ᠎ᠪᠠᠷ ᠲᠦᠮᠦᠰᠦᠨ ᠴᠢᠬᠢ ᠬᠠᠩᠭᠠᠬᠤ᠂ ᠮᠡᠷᠭᠡᠵᠢᠯ᠎ᠤᠨ ᠵᠢᠯᠤᠭᠤᠳᠤᠯᠭ᠎ᠠ ᠬᠠᠩᠭᠠᠬᠤ ᠪᠠ ᠬᠤᠳᠠᠯᠳᠤᠨ ᠠᠪᠬᠤ᠎ᠶ᠋ᠢ ᠬᠠᠷᠢᠭᠤᠴᠠᠭᠤᠯᠪᠠ᠃ ᠰᠢ ᠰᠧᠨ ᠺᠣᠮᠫᠠᠨᠢ᠎ᠶ᠋ᠢᠨ ᠲᠥᠮᠥᠰᠥ᠍ ᠪᠤᠢᠵᠢᠭᠤᠯᠬᠤ ᠲᠠᠰᠤᠭ᠎ᠲᠤ ᠬᠦᠴᠦ᠍ ᠶᠠᠪᠤᠵᠤ ᠪᠠᠢᠭ᠍ᠰᠠᠨ ᠹᠠᠨ ᠮᠧᠢ ᠯᠢᠩ᠂ ᠡᠨᠡ ᠪᠣᠯ ᠣᠷᠣᠯᠭ᠎ᠠ᠎ᠪᠠᠨ ᠨᠡᠮᠡᠭ᠌ᠳᠡᠭᠦᠯᠵᠦ᠍ ᠪᠠᠶᠠᠵᠢᠬᠤ ᠨᠡᠯᠢᠶᠡᠳ ᠵᠦᠭᠡᠷ ᠵᠠᠮ ᠪᠤᠯᠬᠤ᠎ᠶ᠋ᠢ ᠶᠠᠭᠤᠨ᠎ᠤ ᠡᠮᠦᠨ᠎ᠡ ᠤᠬᠠᠵᠤ᠂ 2019 ᠣᠨ᠎ᠳᠤ ᠬᠤᠶᠠᠷ ᠬᠦᠯᠡᠮᠵᠢ᠎ᠶ᠋ᠢ ᠳᠠᠭᠠᠭᠠᠴᠢᠯᠠᠨ ᠠᠪᠴᠤ᠌᠂ ᠲᠤᠰ ᠵᠢᠯ᠎ᠳᠡᠭᠡᠨ 5 ᠲᠦᠮᠡ ᠭᠠᠷᠤᠢ ᠲᠥᠭᠦᠷᠢᠭ᠎ᠤᠨ ᠤᠷᠤᠯᠭ᠎ᠠ ᠡᠬᠦᠳᠴᠡᠢ᠃ ᠠᠩᠬ᠎ᠠ ᠠᠯᠬᠤᠮ᠎ᠤᠨ ᠦᠷ᠎ᠡ ᠠᠱᠢᠭ ᠤᠯᠤᠭ᠍ᠰᠠᠨ ᠰᠠᠭᠤᠷᠢᠨ ᠲᠡᠭᠡᠷ᠎ᠡ᠂ ᠲᠡᠷᠡ ᠨᠢᠳᠤᠨᠤᠨ ᠪᠠᠰᠠ ᠬᠤᠶᠠᠷ ᠲᠣᠮᠣ ᠬᠦᠯᠡᠮᠵᠢ ᠳᠠᠭᠠᠭᠠᠴᠢᠯᠠᠵᠤ᠂ ᠤᠷᠤᠯᠭ᠎ᠠ᠎ᠨᠢ 3 ᠲᠦᠮᠡ ᠭᠠᠷᠤᠶ ᠲᠥᠭᠦᠷᠢᠭ ᠨᠡᠮᠡᠭ᠌ᠳᠡᠪᠡ᠃

《ᠪᠢ ᠵᠢᠯ ᠪᠦᠷᠢ᠎ᠶ᠋ᠢᠨ 5 ᠰᠠᠷ᠎ᠠ᠎ᠶ᠋ᠢᠨ ᠳᠤᠮᠳᠠᠴᠢ᠎ᠠᠴᠠ ᠡᠬᠢᠯᠡᠨ ᠲᠦᠮᠦᠰᠦᠨ ᠴᠢᠬᠢ ᠪᠤᠢᠵᠢᠭᠤᠯᠵᠤ᠂ 9 ᠰᠠᠷ᠎ᠠ᠎ᠶ᠋ᠢᠨ ᠡᠬᠢ᠎ᠠᠴᠠ ᠡᠬᠢᠯᠡᠨ ᠬᠤᠳᠠᠯᠳᠤᠵᠤ᠂ ᠨᠢᠭᠡ ᠵᠢᠯ᠎ᠳᠤ 100 ᠭᠠᠷᠤᠶ ᠡᠳᠦᠷ ᠶᠠᠭᠠᠷᠠᠯᠳᠠᠢ ᠠᠵᠢᠯᠯᠠᠳᠠᠭ᠃ ᠨᠢᠭᠡ ᠬᠦᠯᠡᠮᠵᠢ᠎ᠳᠤ 7 ᠲᠦᠮᠡᠨ ᠰᠠᠭᠤᠷᠢ ᠴᠢᠬᠢ ᠪᠤᠢᠵᠢᠭᠤᠯᠵᠤ᠂ ᠰᠠᠭᠤᠷᠢ ᠪᠦᠷᠢ᠎ᠠᠴᠠ 4 ᠰᠠᠭᠤᠷᠢ ᠤᠭ ᠡᠭᠦᠯᠳᠡᠷ᠎ᠢ ᠪᠤᠢᠵᠢᠭᠤᠯᠵᠤ᠂ ᠪᠠᠷᠤᠭ 20 ᠲᠦᠮᠡᠨ ᠮᠥᠬᠦᠯᠢᠭ ᠤᠭ ᠡᠭᠦᠯᠳᠡᠷ᠎ᠢ ᠬᠤᠷᠢᠶᠠᠨ᠎ᠠ᠃ ᠨᠠᠮᠤᠷ᠎ᠤᠨ ᠬᠤᠷᠢᠶᠠᠯᠲᠠ᠎ᠶ᠋ᠢᠨ ᠦᠶ᠎ᠡ᠎ᠳᠤ᠂ ᠨᠢᠭᠡ ᠮᠥᠬᠦᠯᠢᠭ ᠤᠭ ᠡᠭᠦᠯᠳᠡᠷ᠎ᠢ 0.3 ᠲᠥᠭᠦᠷᠢᠭ ᠤᠷᠴᠢᠮ᠎ᠢᠶᠠᠷ ᠬᠤᠳᠠᠯᠳᠤᠵᠤ᠂ 1.5 ᠲᠦᠮᠡ ᠭᠠᠷᠤᠶ ᠲᠥᠭᠦᠷᠢᠭ ᠬᠤᠳᠠᠯᠳᠤᠪᠠ᠃ ᠵᠠᠷᠢᠮ ᠲᠤᠷᠱᠢᠯᠭ᠎ᠠ᠎ᠲᠠᠢ ᠬᠥᠮᠦᠨ ᠨᠢᠭᠡ ᠬᠦᠯᠡᠮᠵᠢ᠎ᠠᠴᠠ 2 ᠲᠦᠮᠡ ᠭᠠᠷᠤᠶ ᠲᠥᠭᠦᠷᠢᠭ ᠬᠤᠳᠠᠯᠳᠤᠳᠠᠭ》 ᠬᠡᠬᠦ᠌᠎ᠳᠤ ᠹᠠᠨ ᠮᠧᠶ ᠯᠢᠩ᠎ᠤᠨ ᠴᠢᠷᠠᠶ᠎ᠳᠤ ᠢᠨᠢᠶᠡᠮᠰᠦᠭ᠌ᠯᠡᠯ ᠲᠣᠳᠣᠷᠠᠨ᠎ᠠ᠃ ᠤᠷᠤᠯᠭ᠎ᠠ ᠨᠡᠮᠡᠭ᠌ᠳᠡᠵᠦ᠍ ᠠᠮᠢᠳᠤᠷᠠᠯ ᠰᠠᠢᠵᠢᠷᠠᠭ᠍ᠰᠠᠨ ᠹᠠᠨ ᠮᠧᠶ ᠯᠢᠩ ᠨᠢᠳᠤᠨᠤᠨ ᠬᠦᠦ᠎ᠳᠡᠭᠡᠨ ᠪᠡᠷᠢ ᠪᠠᠭᠤᠯᠭᠠᠵᠤ ᠥᠭ᠌ᠭᠦᠭ᠌ᠰᠡᠨ ᠪᠦᠭᠡᠳ ᠬᠡᠦᠬᠡᠨ᠎ᠤ᠎ᠪᠠᠨ ᠶᠡᠭᠡ ᠰᠤᠷᠭᠠᠭᠤᠯᠢ᠎ᠳᠤ ᠪᠠᠢᠬ᠍ᠰᠠᠨ ᠦᠶ᠎ᠡ᠎ᠶ᠋ᠢᠨ ᠵᠢᠭᠡᠯᠡᠯᠭᠡ᠎ᠶ᠋ᠢ ᠴᠦ᠍ ᠳᠥᠯᠥᠵᠦ᠍ ᠳᠠᠭᠤᠰᠭᠠᠪᠠ᠃

《ᠪᠢ ᠡᠨᠡ ᠵᠢᠯ ᠪᠠᠰᠠ ᠬᠤᠶᠠᠷ ᠲᠤᠮᠤ ᠬᠦᠯᠡᠮᠵᠢ᠎ᠶ᠋ᠢ ᠳᠠᠭᠠᠭᠠᠴᠢᠯᠠᠪᠠ᠂ ᠨᠠᠮᠤᠷ ᠪᠤᠯᠬᠤ᠎ᠳᠤ ᠬᠠᠮᠤᠭ ᠪᠠᠭ᠎ᠠ᠎ᠳᠠᠭᠠᠨ ᠬᠦᠯᠡᠮᠵᠢ ᠪᠦᠷᠢ᠎ᠠᠴᠠ 1 ᠲᠦᠮᠡ ᠭᠠᠷᠤᠢ ᠲᠥᠭᠦᠷᠢᠭ᠎ᠤᠨ ᠤᠷᠤᠯᠭ᠎ᠠ ᠤᠯᠤᠨ᠎ᠠ᠃ ᠬᠦᠯᠡᠮᠵᠢ ᠳᠠᠭᠠᠭᠠᠴᠢᠯᠠᠬᠤ᠎ᠨᠢ ᠭᠠᠳᠠᠨ᠎ᠠ ᠬᠦᠴᠦ᠍ ᠶᠠᠪᠤᠭ᠍ᠰᠠᠨ᠎ᠠᠴᠠ ᠠᠮᠠᠷᠬᠠᠨ᠂ ᠣᠷᠣᠯᠭ᠎ᠠ ᠴᠦ᠍ ᠲᠣᠭ᠍ᠲᠠᠭᠤᠨ᠂ ᠪᠠᠰᠠ ᠲᠡᠢᠮᠦ᠍ ᠶᠠᠳᠠᠷᠠᠯᠲᠠᠶ ᠪᠢᠰᠢ᠃ ᠬᠡᠦᠬᠡᠨ ᠮᠢᠨᠢ ᠶᠡᠭᠡ ᠰᠤᠷᠭᠠᠭᠤᠯᠢ᠎ᠪᠠᠨ ᠲᠡᠭᠦᠰᠭᠡᠭᠡᠳ ᠠᠰᠫᠢᠷᠠᠨᠲ᠎ᠢᠶᠠᠷ ᠱᠢᠯᠭᠠᠭᠤᠯᠤᠭᠠᠳ ᠤᠷᠤᠴᠢᠬᠠᠯ᠎ᠠ᠂ ᠪᠢᠳᠡ ᠪᠠᠰᠠ ᠬᠦᠦ᠎ᠪᠠᠨ ᠬᠠᠪᠰᠤᠷᠤᠨ ᠱᠢᠶᠠᠨ᠎ᠤ ᠬᠤᠳᠠ᠎ᠠᠴᠠ ᠠᠰᠠᠷ ᠪᠠᠢᠱᠢᠩ ᠬᠤᠳᠠᠯᠳᠤᠨ ᠠᠪᠴᠤ᠌ ᠥᠭ᠌ᠪᠡ᠂ ᠣᠮᠪᠣᠯᠣ ᠥᠬᠢᠨ ᠴᠦ᠍ ᠬᠡᠳᠦᠨ ᠰᠠᠷ᠎ᠠ ᠪᠤᠯᠴᠢᠬᠠᠯ᠎ᠠ᠂ ᠪᠠᠶᠠᠷ ᠵᠢᠷᠭᠠᠯ ᠪᠢᠳᠡᠨ᠎ᠢ ᠲᠠᠩᠳᠠ ᠢᠪᠡᠭᠡᠵᠦ᠍ ᠪᠠᠢᠨ᠎ᠠ》 ᠭᠡᠵᠦ᠍ ᠹᠠᠨ ᠮᠧᠢ ᠯᠢᠩ ᠢᠲᠡᠭᠡᠯ ᠲᠡᠭᠦᠯᠳᠡᠷ ᠶᠠᠷᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号