ᠭᠦᠸᠧ ᠹᠧᠩ ᠯᠢᠶᠠᠨ᠄ ᠮᠠᠨ᠎ᠤ ᠭᠡᠷ᠎ᠲᠤ ᠡᠨᠡ ᠬᠡᠳᠦᠨ ᠵᠢᠯ ᠪᠠᠶᠠᠷᠲᠤ ᠶᠠᠪᠤᠳᠠᠯ ᠤᠯᠠᠨ
2021-06-21 09:25:09
ᠵᠣᠬᠢᠶᠠᠭ᠍ᠴᠢ᠄
ᠬᠠᠢ ᠵᠢᠶᠦ᠋ᠨ ᠹᠠᠨ ᠴᠧᠩ ᠰᠦᠩ ᠱᠢᠶᠣᠤ ᠶᠠᠨ
ᠣᠩᠱᠢᠭ᠍ᠰᠠᠨ ᠣᠳᠠᠭ᠎ᠠ᠄
★★★☆☆

《ᠵᠠᠰᠠᠭ᠎ᠤᠨ ᠣᠷᠳᠣᠨ᠎ᠤ ᠳᠥᠭᠦᠮ ᠪᠦᠲᠦᠴᠡᠲᠦ ᠣᠷᠣᠨ ᠰᠠᠭᠤᠴᠠ᠎ᠶ᠋ᠢᠨ ᠲᠣᠭᠤᠷᠢᠭ᠎ᠢ ᠥᠭᠡᠷᠡᠴᠢᠯᠡᠨ ᠪᠠᠢᠭᠤᠯᠬᠤ ᠲᠦᠷᠦ᠎ᠶ᠋ᠢᠨ ᠪᠤᠳᠤᠯᠭ᠎ᠠ ᠪᠠᠢᠭ᠍ᠰᠠᠨ ᠦᠭᠡᠢ ᠪᠣᠯ᠂ ᠱᠢᠨ᠎ᠡ ᠠᠰᠠᠷ᠎ᠲᠤ ᠨᠡᠬᠦᠨ᠎ᠡ ᠬᠡᠭ᠌ᠴᠢ ᠠᠷᠪᠠᠨ ᠵᠡᠭᠦᠳᠦᠨ᠎ᠳᠤ ᠪᠠᠢᠭ᠎ᠠ ᠦᠭᠡᠢ ᠶᠠᠪᠤᠳᠠᠯ᠃》 ᠱᠢᠨ᠎ᠡ ᠤᠷᠤᠨ ᠰᠠᠭᠤᠴᠠ᠎ᠶ᠋ᠢᠨ᠎ᠢᠶᠠᠨ ᠲᠤᠬᠠᠢ ᠶᠠᠷᠢᠬᠤ᠎ᠲᠠᠢ ᠵᠡᠷᠭᠡ ᠭᠦᠸᠧ ᠹᠧᠩ ᠯᠢᠶᠠᠨ᠎ᠳᠤ ᠪᠠᠶᠠᠷ ᠲᠠᠯᠠᠷᠬᠠᠯ᠎ᠤᠨ ᠰᠡᠳᠭᠢᠯᠭᠡ ᠡᠷᠭᠡ ᠦᠭᠡᠢ ᠲᠦᠷᠦᠭ᠌ᠳᠡᠳᠡᠭ᠃

ᠤᠢ᠍ᠢᠷ᠎ᠡ᠎ᠳᠤ᠂ ᠰᠤᠷᠪᠤᠯᠵᠢᠯᠠᠭ᠍ᠴᠢ ᠭᠦᠸᠧ ᠹᠧᠩ ᠯᠢᠶᠠᠨ᠎ᠤ ᠰᠠᠭᠤᠵᠤ ᠪᠠᠢᠭ᠎ᠠ ᠤᠯᠠᠭᠠᠨᠴᠠᠪ ᠬᠤᠳᠠ᠎ᠶ᠋ᠢᠨ ᠵᠢᠨᠢᠩ᠎ᠤᠨ ᠪᠠᠢ ᠸᠠᠩ ᠰᠠᠭᠤᠭᠠᠯᠢ ᠠᠷᠠᠳ᠎ᠤᠨ ᠲᠣᠭᠤᠷᠢᠭ᠎ᠲᠤ ᠬᠦᠷᠬᠦ᠌᠎ᠳᠤ᠂ ᠭᠠᠵᠠᠷ᠎ᠤᠨ ᠭᠠᠳᠠᠷᠭᠤ᠎ᠨᠢ ᠬᠠᠲᠠᠭᠤ ᠲᠡᠭ᠌ᠰᠢ᠂ ᠲᠡᠷᠭᠡᠨ ᠵᠤᠭ᠍ᠰᠤᠭᠠᠯ ᠡᠮᠬᠢ ᠴᠡᠭ᠌ᠴᠡ᠎ᠲᠠᠢ᠂ ᠰᠠᠭᠤᠭᠠᠯᠢ ᠠᠷᠠᠳ ᠲᠠᠪᠤ ᠭᠤᠷᠪᠠᠭᠤᠯᠠ᠎ᠪᠠᠷ ᠶᠠᠷᠢᠶ᠎ᠠ ᠬᠦᠭᠡᠷᠦᠭᠡ ᠪᠤᠯᠵᠤ᠂ ᠬᠡᠦᠬᠡᠳ ᠪᠠᠭᠠᠴᠤᠳ ᠬᠥᠭᠡᠭᠡᠴᠡᠯᠳᠦᠨ ᠨᠠᠭᠠᠳᠴᠤ᠌᠂ ᠡᠶ᠎ᠡ ᠵᠣᠬᠢᠴᠠᠩᠭᠤᠢ ᠠᠭᠤᠷ ᠠᠮᠢᠰᠭᠤᠯ᠎ᠢᠶᠠᠷ ᠪᠢᠯᠬᠠᠨ᠎ᠠ᠃

ᠦᠨᠡᠨ᠎ᠳᠡᠭᠡᠨ᠂ ᠭᠦᠸᠧ ᠹᠧᠩ ᠯᠢᠶᠠᠨ ᠱᠢᠭ᠋ ᠲᠥᠬᠦᠮ ᠪᠦᠲᠦᠴᠡᠲᠦ ᠣᠷᠣᠨ ᠰᠠᠭᠤᠴᠠ᠎ᠶ᠋ᠢᠨ ᠲᠣᠭᠤᠷᠢᠭ᠎ᠢ ᠥᠭᠡᠷᠡᠴᠢᠯᠡᠨ ᠪᠠᠢᠭᠤᠯᠬᠤ᠎ᠪᠠᠷ ᠳᠡᠮᠵᠢᠨ 《ᠠᠮᠤᠭᠤᠯᠠᠩ ᠰᠠᠭᠤᠷᠢᠱᠢᠯ᠎ᠤᠨ ᠬᠦᠰᠡᠯ》 ᠎ᠢᠶᠠᠨ ᠪᠡᠶᠡᠯᠡᠭᠦᠯᠦᠭ᠌ᠰᠡᠨ ᠰᠠᠭᠤᠭᠠᠯᠢ ᠠᠷᠠᠳ ᠤᠯᠠᠭᠠᠨᠴᠠᠪ ᠬᠤᠲᠠ᠎ᠶ᠋ᠢᠨ ᠵᠢᠨᠢᠩ ᠲᠣᠭᠤᠷᠢᠭ᠎ᠲᠤ ᠴᠦᠬᠡᠨ ᠪᠤᠰᠤ ᠪᠠᠢᠳᠠᠭ᠃ ᠳᠥᠭᠦᠮ ᠪᠦᠳᠦᠴᠡᠲᠦ ᠣᠷᠣᠨ ᠰᠠᠭᠤᠴᠠ᠎ᠶ᠋ᠢᠨ ᠲᠣᠭᠤᠷᠢᠭ᠎ᠨᠢ ᠬᠦᠨᠳᠦ ᠨᠣᠴᠢᠲᠠᠶ ᠶᠠᠰᠤ ᠴᠢᠨᠠᠷ᠎ᠤᠨ ᠠᠰᠠᠭᠤᠳᠠᠯ ᠪᠠ ᠭᠠᠯ ᠰᠡᠷᠭᠡᠢᠯᠡᠵᠦ᠍ ᠭᠠᠯ ᠤᠨᠲᠠᠷᠠᠭᠠᠬᠤ ᠠᠮᠤᠷ ᠲᠦᠪᠱᠢᠨ᠎ᠤ ᠭᠡᠮ ᠰᠤᠭᠤᠭ ᠣᠷᠣᠱᠢᠵᠤ᠂ ᠶᠠᠪᠤᠵᠤ ᠰᠠᠭᠤᠬᠤ᠎ᠳᠤ ᠬᠦᠴᠢᠷ᠂ ᠳᠤᠯᠠᠭᠠᠯᠠᠬᠤ᠎ᠳᠤ ᠬᠦᠴᠢᠷ᠂ ᠤᠰᠤ ᠤᠤᠭᠤᠬᠤ᠎ᠳᠤ ᠬᠦᠴᠢᠷ᠂ ᠤᠰᠤ ᠲᠠᠲᠠᠷᠠᠭᠤᠯᠬᠤ᠎ᠳᠤ ᠬᠦᠴᠢᠷ ᠠᠰᠠᠭᠤᠳᠠᠯ ᠲᠦᠭᠡᠮᠡᠯ ᠪᠠᠢᠪᠠ᠃ 《ᠲᠦᠬᠦᠮ ᠪᠦᠳᠦᠴᠡᠳᠦ ᠣᠷᠣᠨ ᠰᠠᠭᠤᠴᠠ᠎ᠠᠴᠠ᠎ᠪᠠᠨ ᠠᠰᠠᠷ ᠪᠠᠢᠱᠢᠩ᠎ᠳᠤ ᠨᠡᠭᠦᠬᠦ᠌》 ᠪᠣᠯ ᠭᠠᠷᠴᠠᠭ᠎ᠠ ᠦᠭᠡᠢ ᠲᠦᠬᠦᠮ ᠪᠦᠳᠦᠴᠡᠳᠦ ᠣᠷᠣᠨ ᠰᠠᠭᠤᠴᠠ᠎ᠶ᠋ᠢᠨ ᠲᠣᠭᠤᠷᠢᠭ᠎ᠤᠨ ᠰᠠᠭᠤᠭᠠᠯᠢ ᠠᠷᠠᠳ᠎ᠤᠨ ᠬᠠᠮᠤᠭ᠎ᠤᠨ ᠶᠡᠭᠡ ᠬᠦᠰᠡᠯ ᠡᠷᠡᠮᠡᠯᠵᠡᠯ ᠪᠠᠢᠵᠠᠢ᠃


QQ截图20210621091237.png


2019 ᠣᠨ᠎ᠤ 2 ᠰᠠᠷ᠎ᠠ᠎ᠶ᠋ᠢᠨ 2 ᠎ᠤᠨ ᠡᠳᠦᠷ᠂ ᠴᠠᠭᠠᠨ ᠰᠠᠷ᠎ᠠ᠎ᠠᠴᠠ ᠬᠤᠶᠠᠷᠬᠠᠨ ᠡᠳᠦᠷ᠎ᠤᠨ ᠡᠮᠦᠨᠡᠭᠡᠨ᠂ ᠶᠡᠷᠦᠩᠬᠡᠢ ᠰᠠᠢᠳ ᠯᠢ ᠺᠧ ᠴᠢᠶᠠᠩ ᠵᠢᠨᠢᠩ ᠲᠣᠭᠤᠷᠢᠭ᠎ᠲᠤ ᠲᠦᠬᠦᠮ ᠪᠦᠳᠦᠴᠡᠳᠦ ᠣᠷᠣᠨ ᠰᠠᠭᠤᠴᠠ᠎ᠶ᠋ᠢᠨ ᠲᠣᠭᠤᠷᠢᠭ᠎ᠤᠨ ᠰᠠᠭᠤᠭᠠᠯᠢ ᠠᠷᠠᠳ᠎ᠢ ᠡᠷᠬᠢᠨ ᠦᠵᠡᠵᠦ᠍ ᠲᠣᠬᠤᠨᠢᠭᠤᠯᠬᠤ᠎ᠳᠠᠭᠠᠨ᠂ ᠲᠦᠬᠦᠮ ᠪᠦᠳᠦᠴᠡᠳᠦ ᠣᠷᠣᠨ ᠰᠠᠭᠤᠴᠠ᠎ᠶ᠋ᠢᠨ ᠲᠣᠭᠤᠷᠢᠭ᠎ᠢ ᠥᠭᠡᠷᠡᠴᠢᠯᠡᠨ ᠪᠠᠢᠭᠤᠯᠬᠤ ᠠᠵᠢᠯ᠎ᠢ ᠵᠠᠪᠠᠯ ᠰᠠᠢᠲᠤᠷ ᠬᠢᠵᠦ᠍ ᠪᠤᠳᠠᠲᠠᠢᠵᠢᠭᠤᠯᠬᠤ ᠬᠡᠷᠡᠭ᠌ᠲᠡᠢ ᠭᠡᠵᠦ᠍ ᠵᠢᠭᠠᠵᠤ ᠭᠠᠷᠭᠠᠪᠠ᠃ ᠶᠡᠷᠦᠩᠬᠡᠶ ᠰᠠᠢᠳ᠎ᠤᠨ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠨᠠᠢᠳᠠᠪᠤᠷᠢᠵᠢᠭᠤᠯᠬᠤ᠎ᠶ᠋ᠢᠨ ᠲᠥᠯᠥᠭᠡ᠂ ᠳᠡᠭᠡᠳᠦ ᠱᠠᠲᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠣᠷᠳᠣᠨ᠎ᠤ ᠱᠠᠭᠠᠷᠳᠠᠯᠭ᠎ᠠ ᠶᠣᠰᠣᠭᠠᠷ᠂ ᠵᠢᠨᠢᠩ ᠲᠣᠭᠤᠷᠢᠭ ᠲᠥᠬᠦᠮ ᠪᠦᠳᠦᠴᠡᠳᠦ ᠣᠷᠣᠨ ᠰᠠᠭᠤᠴᠠ᠎ᠶ᠋ᠢ ᠥᠭᠡᠷᠡᠴᠢᠯᠡᠨ ᠪᠠᠢᠭᠤᠯᠬᠤ ᠠᠵᠢᠯ᠎ᠤᠨ ᠤᠳᠤᠷᠢᠳᠭᠤ ᠳᠤᠭᠤᠢᠯᠠᠩ᠎ᠢ ᠦᠳᠲᠡᠷ ᠲᠦᠷᠭᠡᠨ ᠪᠠᠢᠭᠤᠯᠵᠤ᠂ ᠪᠥᠬᠦ᠌ ᠭᠡᠱᠢᠭᠦᠳ ᠬᠥᠳᠡᠯᠦᠯᠴᠡᠨ ᠪᠦᠬᠦ᠌ ᠬᠦᠴᠦ᠎ᠪᠠᠷ ᠠᠬᠢᠭᠤᠯᠬᠤ᠎ᠶ᠋ᠢᠨ ᠬᠠᠮᠲᠤ ᠭᠠᠵᠠᠷ᠎ᠤᠨ ᠲᠠᠰ᠎ᠤᠨ ᠤᠳᠤᠷᠢᠳᠤᠯᠭ᠎ᠠ ᠲᠥᠷᠥᠯ ᠵᠦᠶᠯ᠎ᠢ ᠳᠠᠭᠠᠭᠠᠴᠢᠯᠠᠨ ᠠᠳᠭᠤᠬᠤ᠂ ᠰᠠᠯᠠᠭ᠎ᠠ ᠮᠥᠴᠢᠷ ᠬᠡᠰᠡᠭ ᠲᠣᠭᠤᠷᠢᠭ᠎ᠢ ᠳᠠᠭᠠᠭᠠᠴᠢᠯᠠᠨ ᠬᠤᠯᠪᠤᠭᠠᠯᠠᠬᠤ᠂ ᠺᠠᠳ᠋ᠷ ᠡᠷᠦᠬᠡ᠎ᠶ᠋ᠢ ᠳᠠᠭᠠᠭᠠᠴᠢᠯᠠᠨ ᠬᠤᠯᠪᠤᠭᠠᠯᠠᠬᠤ ᠭᠤᠷᠪᠠᠨ ᠱᠠᠲᠤᠨ᠎ᠤ ᠳᠠᠭᠠᠭᠠᠴᠢᠯᠠᠨ ᠬᠤᠯᠪᠣᠭᠠᠯᠠᠬᠤ ᠠᠵᠢᠯ᠎ᠤᠨ ᠲᠣᠭ᠍ᠲᠠᠴᠠ᠎ᠶ᠋ᠢ ᠪᠠᠢᠭᠤᠯᠵᠤ᠂ ᠡᠳᠦᠷ᠎ᠲᠤ 300 ᠡᠷᠦᠬᠡ ᠭᠠᠷ᠎ᠤᠨ ᠥᠰᠥᠭ ᠵᠢᠷᠤᠬᠤ᠂ ᠰᠠᠷ᠎ᠠ᠎ᠳᠤ ᠲᠦᠮᠡᠨ ᠡᠷᠦᠬᠡ ᠭᠠᠷ᠎ᠤᠨ ᠦᠰᠦᠭ ᠵᠢᠷᠤᠬᠤ 《ᠵᠢᠨᠢᠩ᠎ᠤᠨ ᠬᠤᠷᠳᠤᠴᠠ》 ᠎ᠶ᠋ᠢ ᠪᠡᠶᠡᠯᠡᠭᠦᠯᠵᠦ᠍᠂ ᠲᠥᠬᠦᠮ ᠪᠦᠳᠦᠴᠡᠳᠦ ᠣᠷᠣᠨ ᠰᠠᠭᠤᠴᠠ᠎ᠶ᠋ᠢ ᠥᠭᠡᠷᠡᠴᠢᠯᠡᠨ ᠪᠠᠢᠭᠤᠯᠬᠤ ᠡᠯ᠎ᠡ ᠵᠦᠶᠯ᠎ᠤᠨ ᠠᠵᠢᠯ ᠲᠣᠪᠤᠢᠮ᠎ᠠ ᠦᠷ᠎ᠡ ᠪᠦᠲᠦᠮᠵᠢ ᠤᠯᠪᠠ᠃

《2019 ᠣᠨ᠎ᠤ 4 ᠰᠠᠷ᠎ᠠ᠎ᠳᠤ ᠪᠢᠳᠡ ᠪᠠᠢᠱᠢᠩ᠎ᠢᠶᠠᠨ ᠨᠤᠷᠠᠭᠠᠨ ᠨᠡᠭᠦᠯᠭᠡᠬᠦ᠌ ᠭᠠᠷ ᠭᠦᠢᠴᠡᠳᠭᠡᠯ ᠬᠢᠵᠦ᠍᠂ 5 ᠰᠠᠷ᠎ᠠ᠎ᠳᠤᠨᠢ ᠱᠢᠨ᠎ᠡ ᠭᠡᠷ᠎ᠤᠨ ᠲᠦᠯᠬᠢᠭᠦᠷ᠎ᠢᠶᠠᠨ ᠣᠯᠵᠤ᠂ ᠭᠤᠶᠤ ᠵᠠᠰᠠᠵᠤ ᠴᠢᠮᠡᠭ᠌ᠯᠡᠭᠡᠳ᠂ 9 ᠰᠠᠷ᠎ᠠ᠎ᠳᠤᠨᠢ ᠱᠢᠨ᠎ᠡ ᠭᠡᠷ᠎ᠲᠡᠭᠡᠨ ᠨᠡᠬᠦᠵᠦ᠍ ᠣᠷᠣᠪᠠ᠃ ᠮᠠᠨ᠎ᠤ ᠱᠢᠨ᠎ᠡ ᠭᠡᠷ 120 ᠲᠡᠭ᠌ᠰᠢ ᠳᠥᠷᠪᠡᠯᠵᠢᠨ ᠮᠧᠲᠷ᠂ ᠲᠦᠷᠪᠡᠨ ᠬᠦᠮᠦᠨ ᠠᠮᠠ ᠠᠮᠢᠳᠤᠷᠠᠬᠤ᠎ᠳᠤ ᠶᠠᠭ ᠳᠤᠬᠢᠲᠠᠢ᠂ ᠰᠠᠭᠤᠭᠠᠯᠢ ᠠᠷᠠᠳ᠎ᠤᠨ ᠲᠣᠭᠤᠷᠢᠭ᠎ᠲᠤ ᠠᠳᠠᠯ ᠠᠬᠤᠢ᠎ᠶ᠋ᠢᠨ ᠬᠠᠮᠢᠶᠠᠷᠤᠯᠳᠠ᠎ᠲᠠᠢ᠂ ᠠᠮᠤᠷ᠎ᠢ ᠬᠠᠮᠠᠭᠠᠯᠠᠭ᠍ᠴᠢ᠎ᠲᠠᠢ᠂ ᠣᠷᠣᠵᠤ ᠭᠠᠷᠬᠤ᠎ᠳᠤ ᠴᠦ᠍ ᠴᠠᠬᠢᠯᠭᠠᠨ ᠱᠠᠲᠤ᠎ᠲᠠᠢ᠂ ᠣᠳᠣ᠎ᠶ᠋ᠢᠨ ᠠᠮᠢᠳᠤᠷᠠᠯ ᠦᠨᠡᠬᠡᠷ ᠵᠢᠷᠭᠠᠯᠲᠠᠢ!》 ᠭᠡᠵᠦ᠍ ᠭᠦᠸᠧ ᠹᠧᠩ ᠯᠢᠶᠠᠨ ᠨᠠᠮ ᠪᠣᠯᠤᠨ ᠵᠠᠰᠠᠭ᠎ᠤᠨ ᠣᠷᠳᠣᠨ᠎ᠤ ᠠᠷᠠᠳ᠎ᠤᠨ ᠲᠥᠯᠥᠭᠡ ᠪᠣᠳᠠᠲᠠᠢ ᠠᠵᠢᠯ ᠬᠢᠵᠦ᠍᠂ ᠠᠵᠢᠯ᠎ᠤᠨ ᠦᠷ᠎ᠡ ᠪᠦᠲᠦᠮᠵᠢ ᠥᠨᠳᠥᠷ ᠪᠠᠢᠬᠤ᠎ᠶ᠋ᠢ ᠳᠠᠬᠢᠨ ᠳᠠᠪᠲᠠᠨ ᠮᠠᠭ᠍ᠲᠠᠨ ᠰᠠᠢᠱᠢᠶᠠᠵᠤ ᠪᠠᠢᠪᠠ᠃

ᠠᠮᠢᠳᠤᠷᠠᠯ᠎ᠤᠨ ᠨᠥᠬᠦᠴᠡᠯ ᠰᠠᠢᠵᠢᠷᠠᠵᠤ᠂ ᠰᠡᠳᠭᠢᠯ ᠰᠠᠨᠠᠭ᠎ᠠ ᠴᠤ᠌ ᠠᠭᠤᠵᠢᠷᠠᠨ᠂ ᠠᠮᠢᠳᠤᠷᠠᠯ ᠤᠯᠠᠮ᠎ᠠᠴᠠ ᠤᠯᠠᠮ ᠬᠦᠰᠡᠯ ᠡᠷᠡᠮᠡᠯᠵᠡᠯ᠎ᠲᠠᠢ ᠪᠣᠯᠪᠠ! 《ᠡᠨᠡ ᠬᠤᠶᠠᠷ ᠵᠢᠯ᠎ᠳᠤ 〈ᠲᠦᠬᠦᠮ ᠪᠦᠳᠦᠴᠡᠳᠦ ᠣᠷᠣᠨ ᠰᠠᠭᠤᠴᠠ᠎ᠶ᠋ᠢ ᠥᠭᠡᠷᠡᠴᠢᠯᠡᠨ ᠪᠠᠢᠭᠤᠯᠬᠤ〉 ᠠᠵᠠ ᠵᠠᠪᠱᠢᠶᠠᠨ᠎ᠢᠶᠠᠷ ᠮᠠᠨ᠎ᠤ ᠭᠡᠷ᠎ᠲᠤ ᠪᠠᠶᠠᠷᠲᠤ ᠶᠠᠪᠤᠳᠠᠯ ᠤᠯᠠᠨ ᠲᠤᠬᠢᠶᠠᠵᠤ ᠪᠠᠢᠨ᠎ᠠ》 ᠭᠡᠵᠦ᠍ ᠭᠦᠸᠧ ᠹᠧᠩ ᠯᠢᠶᠠᠨ ᠭᠡᠷᠡᠯ ᠵᠢᠷᠤᠭ᠎ᠤᠨ ᠲᠡᠪᠳᠡᠷ᠎ᠢᠶᠠᠨ ᠤᠷᠪᠠᠭᠤᠯᠵᠤ᠂ ᠨᠢᠳᠤᠨᠤᠨ ᠶᠡᠭᠡ ᠬᠡᠦᠬᠡᠨ᠎ᠨᠢ ᠤᠯᠤᠰ᠎ᠤᠨ ᠠᠯᠪᠠᠲᠠᠨ᠎ᠢᠶᠠᠷ ᠱᠢᠯᠭᠠᠭᠤᠯᠤᠨ ᠣᠷᠣᠭ᠍ᠰᠠᠨ᠂ ᠪᠠᠭ᠎ᠠ ᠬᠡᠦᠬᠡᠨ᠎ᠨᠢ ᠰᠠᠨᠠᠭ᠍ᠰᠠᠨ ᠶᠣᠰᠣᠭᠠᠷ᠎ᠢᠶᠠᠨ ᠠᠨᠠᠭᠠᠬᠤ ᠤᠬᠠᠭᠠᠨ᠎ᠤ ᠲᠤᠰᠭᠠᠶ ᠮᠡᠷᠭᠡᠵᠢᠯ᠎ᠤᠨ ᠰᠤᠷᠭᠠᠭᠤᠯᠢ᠎ᠶ᠋ᠢᠨ ᠰᠤᠪᠢᠯᠠᠯᠲᠠ᠎ᠶ᠋ᠢᠨ ᠲᠤᠰᠭᠠᠶ ᠮᠡᠷᠭᠡᠵᠢᠯ᠎ᠳᠤ ᠱᠢᠯᠭᠠᠭᠤᠯᠤᠨ ᠣᠷᠣᠭ᠍ᠰᠠᠨ᠂ ᠥᠪᠡᠷ᠎ᠢᠶᠠᠨ ᠴᠦ᠍ ᠲᠣᠬᠢᠷᠠᠮᠵᠢᠲᠠᠶ ᠠᠵᠢᠯ ᠣᠯᠵᠤ᠂ ᠭᠡᠷ ᠬᠤᠲᠠᠯᠠᠭᠠᠷ᠎ᠢᠶᠠᠨ ᠡᠶ᠎ᠡ ᠨᠠᠢᠷᠳᠠᠢ ᠵᠤᠯ ᠵᠢᠷᠭᠠᠯ᠎ᠲᠠᠢ ᠴᠢᠨᠡᠭᠡᠯᠢᠭ ᠠᠮᠢᠳᠤᠷᠠᠯ ᠵᠦᠭ ᠲᠡᠮᠡᠦᠯᠵᠤ ᠪᠠᠢᠬᠤ᠎ᠪᠠᠨ ᠶᠠᠷᠢᠵᠤ ᠦᠭ᠌ᠬᠦᠯ᠎ᠡ᠃

ᠭᠦᠸᠧ ᠹᠧᠩ ᠯᠢᠶᠠᠨ᠎ᠤ ᠬᠡᠷ ᠪᠦ᠍ᠯᠢ᠎ᠶ᠋ᠢᠨ ᠬᠤᠪᠢᠷᠠᠯᠲᠠ ᠪᠤᠯ ᠤᠯᠠᠭᠠᠨᠴᠠᠪ ᠬᠤᠳᠠ᠎ᠶ᠋ᠢᠨ ᠵᠢᠨᠢᠩ ᠲᠣᠭᠤᠷᠢᠭ᠎ᠤᠨ ᠲᠦᠬᠦᠮ ᠪᠦᠳᠦᠴᠡᠳᠦ ᠣᠷᠣᠨ ᠰᠠᠭᠤᠴᠠ᠎ᠶ᠋ᠢᠨ ᠲᠣᠭᠤᠷᠢᠭ᠎ᠢ ᠥᠭᠡᠷᠡᠴᠢᠯᠡᠨ ᠪᠠᠢᠭᠤᠯᠵᠤ᠂ ᠰᠠᠭᠤᠭᠠᠯᠢ ᠠᠷᠠᠳ᠎ᠤᠨ ᠠᠮᠢᠳᠤᠷᠠᠯ᠎ᠤᠨ ᠣᠷᠴᠢᠨ ᠲᠣᠭᠤᠷᠢᠨ᠎ᠢ ᠰᠠᠢᠵᠢᠷᠠᠭᠤᠯᠤᠭ᠍ᠰᠠᠨ᠎ᠤ ᠬᠤᠷᠢᠶᠠᠩᠭᠤᠢ ᠵᠢᠷᠤᠭ᠍ᠯᠠᠯ ᠪᠤᠯᠤᠨ᠎ᠠ᠃ 《ᠠᠷᠪᠠᠨ ᠭᠤᠷᠪᠠᠳᠤᠭᠠᠷ ᠲᠠᠪᠤᠨ ᠵᠢᠯ》 ᠎ᠤᠨ  ᠬᠤᠭᠤᠴᠠᠭᠠᠨ᠎ᠳᠤ᠂ ᠵᠢᠨᠢᠩ ᠲᠣᠭᠤᠷᠢᠭ ᠲᠥᠬᠦᠮ ᠪᠦᠲᠦᠴᠡᠲᠦ  ᠣᠷᠣᠨ ᠰᠠᠭᠤᠴᠠ᠎ᠶ᠋ᠢᠨ ᠲᠣᠭᠤᠷᠢᠭ᠎ᠤᠨ ᠦᠭᠡᠷᠡᠴᠢᠯᠡᠨ ᠪᠠᠢᠭᠤᠯᠬᠤ  ᠠᠵᠢᠯ ᠎ᠢ  ᠤᠷᠢᠳ  ᠡᠮᠦᠨ᠎ᠡ  ᠪᠠᠢᠭ᠎ᠠ  ᠦᠭᠡᠢ ᠬᠡᠪᠴᠢᠶ᠎ᠡ ᠎ᠪᠠᠷ ᠬᠡᠷᠡᠭ᠌ᠵᠢᠭᠦᠯᠵᠦ᠍᠂ 4.8 ᠲᠦᠮᠡ ᠱᠢᠬᠠᠮ ᠲᠥᠬᠦᠮ ᠪᠦᠲᠦᠴᠡᠲᠦ ᠣᠷᠣᠨ ᠰᠠᠭᠤᠴᠠ᠎ᠶ᠋ᠢᠨ ᠲᠣᠭᠤᠷᠢᠭ ᠎ᠤᠨ ᠰᠠᠭᠤᠭᠠᠯᠢ  ᠠᠷᠠᠳ 《ᠲᠥᠬᠦᠮ ᠪᠦᠲᠦᠴᠡᠲᠦ ᠣᠷᠣᠨ ᠰᠠᠭᠤᠴᠠ᠎ᠶ᠋ᠢᠨ ᠲᠣᠭᠤᠷᠢᠭ᠎ᠠᠴᠠ ᠎ᠪᠠᠨ ᠠᠰᠠᠷ ᠎ᠲᠤ ᠨᠡᠭᠦᠵᠦ᠍》᠂ 《ᠪᠥᠬᠦ᠌ ᠤᠯᠤᠰ᠎ᠤᠨ ᠲᠥᠬᠦᠮ ᠪᠦᠲᠦᠴᠡᠲᠦ ᠣᠷᠣᠨ ᠰᠠᠭᠤᠴᠠ᠎ᠶ᠋ᠢᠨ ᠲᠣᠭᠤᠷᠢᠭ᠎ᠤᠨ ᠦᠭᠡᠷᠡᠴᠢᠯᠡᠯᠲᠡ᠎ᠶ᠋ᠢᠨ ᠤᠷᠮᠠᠱᠢᠭᠤᠯᠬᠤ ᠪᠠ ᠳᠡᠮᠵᠢᠬᠦ᠌ ᠬᠤᠲᠠ》 ᠎ᠪᠠᠷ ᠦᠨᠡᠯᠡᠭ᠌ᠳᠡᠵᠦ᠍᠂ ᠣᠯᠠᠨ ᠲᠦᠮᠡᠨ᠎ᠤ ᠠᠮᠤᠭᠤᠯᠠᠩ ᠣᠷᠣᠱᠢᠨ ᠰᠠᠭᠤᠷᠢᠱᠢᠬᠤ ᠬᠦᠰᠡᠯ᠎ᠢ ᠯᠠᠪᠳᠠᠭᠤᠨ᠎ᠢᠶᠠᠷ ᠪᠡᠶᠡᠯᠡᠭᠦᠯᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号