ᠤᠷᠴᠢᠮ᠎ᠤᠨ ᠡᠳᠤᠷ᠂ ᠬᠢᠩᠭᠠᠨ ᠠᠢᠮᠠᠭ᠎ᠤᠨ ᠲᠦᠴᠢᠦᠸᠠᠨ ᠱᠢᠶᠠᠨ᠎ᠤ ᠤᠨᠳᠤᠤ ᠭᠠᠵᠠᠷ᠎ᠲᠤ ᠨᠡᠭᠦᠯᠭᠡᠨ ᠱᠢᠯᠵᠢᠭᠦᠯᠵᠦ᠍ ᠲᠥᠪᠬᠢᠨᠡᠭᠦᠯᠦᠭ᠌ᠰᠡᠨ ᠴᠡᠭ ᠪᠣᠯᠬᠤ ᠯᠢ ᠴᠢᠦᠸᠠᠨ ᠵᠢᠵᠢᠭ ᠲᠣᠭᠤᠷᠢᠭ᠎ᠤᠨ ᠶᠠᠳᠠᠭᠤ᠎ᠶ᠋ᠢ ᠲᠡᠳᠬᠦᠵᠦ᠍ ᠠᠵᠢᠯ ᠣᠯᠭᠤᠬᠤ ᠰᠠᠭᠤᠷᠢᠨ᠎ᠤ ᠲᠤᠯᠠᠭᠠᠨ ᠬᠦᠯᠡᠮᠵᠢ᠎ᠳᠤ ᠬᠥᠷ ᠬᠥᠭ᠌ᠵᠢᠶᠡᠨ᠎ᠢᠶᠠᠷ ᠪᠢᠯᠠᠬ᠍ᠵᠦ᠂ ᠬᠥᠮᠦᠰ ᠪᠣᠯᠪᠠᠰᠤᠷᠠᠭ᠍ᠰᠠᠨ ᠠᠮᠳᠠᠳᠤ ᠭᠡᠮᠭᠡ ᠲᠡᠭᠦᠵᠦ᠍ ᠶᠠᠭᠠᠷᠠᠯᠳᠤᠨ᠎ᠠ᠃
ᠬᠦᠯᠡᠮᠵᠢ᠎ᠶ᠋ᠢᠨ ᠡᠵᠡᠨ ᠸᠠᠩ ᠹᠠᠩ᠄ 《ᠣᠯᠠᠨ᠎ᠢᠶᠠᠷ᠎ᠢᠶᠠᠨ ᠴᠢᠷᠮᠠᠢ᠂ ᠠᠮᠳᠠᠳᠤ ᠬᠡᠮᠬᠡ ᠬᠤᠳᠠᠯᠳᠤᠨ ᠠᠪᠬᠤ ᠲᠡᠷᠭᠡ ᠤᠳᠠᠯ ᠦᠭᠡᠢ ᠬᠦᠷᠴᠦ᠍ ᠢᠷᠡᠨ᠎ᠡ! ᠬᠤᠳᠠᠯᠳᠤᠵᠤ ᠪᠠᠷᠠᠪᠠᠯ ᠪᠢᠳᠡ ᠵᠠᠯᠭᠠᠭᠠᠳ ᠲᠠᠷᠪᠤᠰ ᠲᠠᠷᠢᠨ᠎ᠠ! ᠪᠣᠷᠣᠯᠠᠭᠤᠯᠭ᠎ᠠ ᠯᠠᠪᠳᠠᠢ ᠰᠠᠢᠨ ᠪᠤᠯᠤᠨ᠎ᠡ》 ᠬᠡᠵᠦ᠍ ᠬᠡᠯᠡᠨ᠎ᠠ᠃ ᠨᠢᠬᠡ ᠨᠢᠭᠡ ᠬᠠᠢᠷᠴᠠᠭ ᠠᠮᠲᠠᠲᠤ ᠬᠡᠮᠬᠡ᠎ᠪᠠᠨ ᠤᠳᠠᠯ ᠦᠭᠡᠢ ᠪᠣᠷᠣᠯᠠᠭᠤᠯᠬᠤ ᠭᠡᠵᠦ᠍ ᠪᠠᠢᠭ᠎ᠠ᠎ᠪᠠᠨ ᠬᠠᠷᠠᠭᠠᠳ᠂ ᠸᠠᠩ ᠹᠠᠩ ᠮᠠᠰᠢ ᠪᠠᠶᠠᠷᠳᠠᠢ ᠪᠠᠢᠵᠤ᠄ 《ᠪᠢ ᠲᠤᠯᠠᠭᠠᠨ ᠬᠦᠯᠡᠮᠵᠢ᠎ᠶ᠋ᠢ ᠳᠠᠭᠠᠭᠠᠴᠢᠯᠠᠭ᠍ᠰᠠᠨ᠎ᠠᠴᠠ ᠠᠪᠤᠭᠠᠳ ᠠᠮᠲᠠᠲᠤ ᠬᠡᠮᠬᠡ ᠪᠣᠯᠪᠠᠰᠤᠷᠠᠲᠠᠯᠠ 3 ᠰᠠᠷ᠎ᠠ ᠭᠠᠷᠤᠢ᠎ᠶ᠋ᠢᠨ ᠴᠠᠬ ᠭᠡᠷᠡᠭ᠌ᠰᠡᠵᠤ᠂ ᠪᠠᠷᠤᠭ 3 ᠲᠦᠮᠡᠨ ᠲᠥᠭᠦᠷᠢᠭ ᠣᠯᠤᠨ᠎ᠠ ᠱᠢᠤ ᠳ᠋ᠡ! ᠠᠷᠠᠳ᠎ᠢ ᠨᠡᠭᠦᠯᠭᠡᠨ ᠱᠢᠯᠵᠢᠬᠦᠯᠵᠤ ᠶᠠᠳᠠᠭᠤ᠎ᠶ᠋ᠢ ᠲᠡᠳᠬᠦᠬᠦ᠌ ᠲᠥᠷᠥ᠎ᠶ᠋ᠢᠨ ᠪᠣᠳᠣᠯᠭ᠎ᠠ ᠪᠠ ᠠᠵᠤ ᠦᠢᠯᠡᠰ᠎ᠢᠶᠠᠷ ᠲᠡᠳᠬᠦᠨ ᠳᠡᠮᠵᠢᠬᠦ᠌ ᠲᠥᠷᠥ᠎ᠶ᠋ᠢᠨ ᠪᠣᠳᠣᠯᠭ᠎ᠠ ᠪᠠᠢᠬᠤ ᠥᠬᠡᠶ ᠪᠣᠯ ᠥᠨᠥᠳᠦᠷ᠎ᠤᠨ ᠰᠠᠢᠨ ᠰᠠᠢᠬᠠᠨ ᠠᠮᠢᠳᠤᠷᠠᠯ ᠬᠠᠮᠢᠭ᠎ᠠ᠎ᠠᠴᠠ ᠪᠠᠢᠵᠤ ᠴᠢᠳᠠᠬᠤ ᠪᠣᠶ》 ᠭᠡᠵᠤ ᠬᠡᠯᠡᠨ᠎ᠠ᠃
47 ᠨᠠᠰᠤᠲᠠᠶ ᠸᠠᠩ ᠹᠠᠩᠢ ᠬᠡᠯᠡᠪᠡᠯ᠂ ᠬᠥᠮᠦᠰ᠎ᠤᠨ ᠨᠢᠳᠦᠨ᠎ᠳᠠᠬᠢ ᠡᠷᠡᠭ᠌ᠳᠡᠢ ᠬᠦᠮᠦᠨ᠎ᠠᠴᠠ ᠲᠤᠳᠠᠭᠤ ᠦᠬᠡᠢ ᠬᠦᠳᠡᠯᠮᠦᠷᠢ ᠠᠵᠢᠯ᠎ᠳᠤ ᠰᠠᠢᠨ ᠪᠦᠰᠡᠬᠦᠢ᠃ 2015 ᠣᠨ᠎ᠳᠤ ᠡᠷ᠎ᠡ ᠨᠥᠬᠦᠷ᠎ᠨᠢ ᠡᠯᠢᠭᠡᠨ᠎ᠤ ᠬᠠᠲᠠᠭᠤᠷᠠᠯ ᠡᠪᠡᠤᠡᠴᠢᠨ᠎ᠳᠤ ᠨᠡᠷᠪᠡᠭ᠌ᠳᠡᠭ᠌ᠰᠡᠨᠢ ᠪᠠᠢᠴᠠᠭᠠᠨ ᠲᠤᠳᠤᠯᠠᠵᠤ᠂ ᠠᠮᠢᠳᠤᠷᠠᠯ᠎ᠤᠨ ᠬᠦᠨᠳᠦ ᠳᠠᠷᠤᠭᠠᠰᠤ᠎ᠨᠢ ᠴᠥᠮ ᠸᠠᠩ ᠹᠠᠩ᠎ᠤᠨ ᠪᠡᠶ᠎ᠡ ᠳᠡᠭᠡᠷ᠎ᠡ ᠲᠠᠯᠪᠢᠭ᠍ᠳᠠᠪᠠ᠂ ᠲᠡᠳᠡᠭᠡᠷ ᠵᠢᠯ᠎ᠤᠳ᠎ᠲᠤ ᠲᠡᠭᠦᠨ᠎ᠤ ᠭᠡᠷ᠎ᠤᠨ ᠣᠷᠣᠯᠭ᠎ᠠ᠎ᠨᠢ ᠪᠠᠭ᠎ᠠ᠂ ᠠᠮᠢᠳᠤᠷᠠᠯ᠎ᠨᠢ ᠲᠦᠢᠯ᠎ᠤᠨ ᠬᠦᠴᠢᠷᠲᠡᠶ ᠪᠠᠢᠪᠠ᠃ 2016 ᠣᠨ᠎ᠳᠤ᠂ ᠸᠠᠩ ᠹᠠᠩ᠎ᠤᠨ᠎ᠬᠢᠨ ᠲᠠᠩᠰᠠᠯᠠᠵᠦ᠍ ᠺᠠᠷᠳ᠋ᠯᠠᠬ᠍ᠰᠠᠨ ᠶᠠᠳᠠᠭᠤ ᠬᠦᠴᠢᠷᠳᠡᠯᠲᠡᠶ ᠡᠷᠦᠬᠡ᠎ᠪᠠᠷ ᠲᠤᠳᠤᠯᠠᠬ᠍ᠳᠠᠵᠤ᠂ ᠲᠥᠷᠥ᠎ᠶ᠋ᠢᠨ ᠪᠣᠳᠣᠯᠭ᠎ᠠ᠎ᠶ᠋ᠢᠨ ᠬᠠᠪᠰᠤᠷᠤᠯᠭ᠎ᠠ᠎ᠨᠢ ᠸᠠᠩ ᠹᠠᠩ᠎ᠤᠨ ᠠᠮᠢᠳᠤᠷᠠᠯ᠎ᠳᠤ ᠬᠦᠰᠡᠯ ᠡᠷᠡᠮᠡᠯᠵᠡᠯ ᠠᠪᠴᠢᠷᠠᠪᠠ᠃
ᠭᠡᠳᠡᠯ᠎ᠡ᠂ 2019 ᠣᠨ᠎ᠤ ᠡᠬᠢ᠎ᠪᠠᠷ᠂ ᠸᠠᠩ ᠹᠠᠩ᠎ᠤᠨ ᠥᠪᠡᠷ᠎ᠤᠨ ᠪᠥᠬᠦ᠌ ᠪᠡᠶ᠎ᠡ᠎ᠨᠢ ᠲᠠᠮᠢᠷ ᠠᠯᠳᠠᠷᠠᠵᠤ᠂ ᠡᠮᠨᠡᠯᠭᠡ᠎ᠳᠤ ᠬᠦᠷᠴᠦ᠍ ᠪᠠᠢᠴᠠᠭᠠᠯᠭᠠᠬ᠍ᠰᠠᠨ ᠴᠢᠨᠢ ᠪᠠᠮᠪᠠᠶ ᠪᠤᠯᠴᠢᠷᠬᠠᠶ᠎ᠶ᠋ᠢᠨ ᠥᠮᠡᠨ ᠭᠡᠵᠦ᠍ ᠣᠨᠣᠱᠢᠯᠠᠭ᠍ᠳᠠᠪᠠ᠃ 4 ᠰᠠᠷ᠎ᠠ᠎ᠳᠤᠨᠢ᠂ ᠲᠡᠷᠡ ᠮᠡᠰᠡ ᠵᠠᠰᠠᠯ ᠬᠢᠯᠭᠡᠭᠡᠳ ᠪᠡᠶ᠎ᠡ᠎ᠨᠢ ᠠᠭᠠᠵᠢᠮ᠎ᠢᠶᠠᠷ ᠡᠳᠡᠭᠡᠷᠡᠭ᠌ᠰᠡᠨ ᠪᠤᠯᠪᠠᠴᠤ᠌ ᠨᠥᠬᠦᠷ᠎ᠤᠨ᠎ᠬᠢᠨ ᠡᠯᠢᠭᠡᠨ᠎ᠤ ᠬᠠᠳᠠᠭᠤᠷᠠᠯ᠎ᠨᠢ ᠡᠯᠢᠭᠡᠨ᠎ᠤ ᠥᠮᠡᠨ ᠪᠤᠯᠵᠤ ᠬᠤᠪᠢᠷᠠᠨ᠂ 11 ᠰᠠᠷ᠎ᠠ᠎ᠳᠤᠨᠢ ᠨᠠᠰᠤ ᠪᠠᠷᠠᠪᠠ᠃ ᠨᠥᠬᠦᠷ ᠪᠣᠯᠤᠨ ᠥᠪᠡᠷ᠎ᠤᠨ᠎ᠢᠶᠠᠨ ᠡᠪᠡᠳᠴᠢᠨ᠎ᠢᠶᠠᠨ ᠦᠵᠡᠭᠦᠯᠬᠦ᠌᠎ᠶ᠋ᠢᠨ ᠲᠥᠯᠥᠭᠡ᠂ ᠲᠡᠷᠡ 30 ᠭᠠᠷᠤᠶ ᠲᠦᠮᠡᠨ ᠲᠥᠭᠦᠷᠢᠭ᠎ᠤᠨ ᠦᠷᠢ᠎ᠳᠤ ᠤᠨᠠᠵᠠᠢ᠃
ᠸᠠᠩ ᠹᠠᠩ᠄ 《ᠨᠠᠮᠠᠶ᠋ᠢ ᠬᠠᠮᠤᠭ᠎ᠤᠨ ᠬᠦᠴᠢᠷᠳᠡᠯᠲᠡᠢ ᠦᠶ᠎ᠡ᠎ᠳᠤ᠂ ᠨᠠᠮ᠎ᠤᠨ ᠶᠠᠳᠠᠭᠤ᠎ᠶ᠋ᠢ ᠲᠡᠳᠬᠦᠬᠦ᠌ ᠲᠦᠷᠦ᠎ᠶ᠋ᠢᠨ ᠪᠤᠳᠤᠯᠭ᠎ᠠ᠎ᠨᠢ ᠮᠠᠨ᠎ᠤ ᠨᠢᠭᠡ ᠭᠡᠷᠤᠨᠬᠢᠨᠢ ᠱᠢᠨ᠎ᠡ ᠣᠷᠣᠨ ᠰᠠᠭᠤᠴᠠ᠎ᠳᠤ ᠰᠠᠭᠤᠯᠭᠠᠵᠤ᠂ ᠱᠢᠶᠠᠨ᠎ᠤ ᠬᠦᠨᠳᠦ ᠡᠪᠡᠳᠴᠢᠨ᠎ᠢ ᠠᠪᠤᠷᠠᠨ ᠲᠤᠰᠠᠯᠠᠬᠤ ᠲᠦᠷᠦ᠎ᠶ᠋ᠢᠨ ᠪᠤᠳᠤᠯᠭ᠎ᠠ᠎ᠨᠢ ᠪᠢᠳᠡᠨ᠎ᠢ ᠬᠠᠪᠰᠤᠷᠤᠨ ᠬᠦᠴᠢᠷ᠎ᠢ ᠲᠤᠭᠤᠯᠤᠭᠤᠯᠪᠠ᠂ ᠣᠯᠠᠨ᠎ᠤ ᠬᠠᠪᠰᠤᠷᠤᠯᠭ᠎ᠠ᠎ᠶ᠋ᠢ ᠶᠠᠭᠠᠬᠢᠬ᠍ᠰᠠᠨ ᠴᠤ᠌ ᠬᠥᠰᠡᠷᠳᠡᠭᠦᠯᠬᠦ᠌ ᠦᠭᠡᠢ᠂ ᠪᠢ ᠵᠠᠪᠠᠯ ᠴᠢᠷᠮᠠᠢᠨ ᠠᠵᠢᠯᠯᠠᠵᠤ ᠠᠮᠢᠳᠤᠷᠠᠯ᠎ᠢᠶᠠᠨ ᠦᠭᠡᠳᠡ ᠲᠡᠳᠡᠨ᠎ᠡ》 ᠭᠡᠵᠤ ᠬᠡᠯᠡᠭ᠌ᠰᠡᠨ ᠪᠦᠭᠡᠳ ᠵᠤᠷᠢᠬ ᠱᠢᠭᠤᠳᠤᠨ ᠴᠢᠷᠮᠠᠢᠵᠠᠢ᠃
ᠸᠠᠩ ᠹᠠᠩ᠎ᠤᠨ ᠨᠡᠭᠦᠵᠦ᠍ ᠤᠷᠤᠭ᠍ᠰᠠᠨ ᠲᠦᠴᠢᠦᠸᠠᠨ ᠪᠠᠯᠭᠠᠰᠤᠨ᠎ᠤ ᠯᠢ ᠴᠢᠦᠸᠠᠨ ᠰᠠᠭᠤᠭᠠᠯᠢ ᠠᠷᠠᠳ᠎ᠤᠨ ᠲᠣᠭᠤᠷᠢᠭ᠎ᠨᠢ ᠡᠭᠦᠳᠡᠨ ᠡᠮᠦᠨ᠎ᠡ᠎ᠪᠠᠨ ᠲᠦᠬᠦᠭᠡᠷᠦᠮᠵᠢ᠎ᠳᠤ ᠬᠦᠯᠡᠮᠵᠢ ᠪᠠᠢᠭᠤᠯᠵᠤ ᠨᠡᠬᠦᠳᠡᠯ ᠠᠷᠠᠳ᠎ᠲᠤ ᠠᠵᠤ ᠦᠢᠯᠡᠰ ᠬᠦᠭ᠌ᠵᠢᠭᠦᠯᠬᠦ᠌ ᠨᠦᠬᠦᠴᠡᠯ ᠬᠠᠩᠭᠠᠪᠠ᠃
ᠸᠡᠩ ᠹᠠᠨᠭ᠍᠄ 《ᠡᠬᠢᠯᠡᠭᠡᠳ ᠪᠢ ᠬᠦᠯᠡᠮᠵᠢ᠎ᠳᠤ ᠠᠮᠲᠠᠲᠤ ᠬᠡᠮᠬᠡ ᠪᠠ ᠲᠠᠷᠪᠤᠰ ᠲᠠᠷᠢᠬᠤ ᠰᠠᠨᠠᠭ᠎ᠠ᠎ᠲᠠᠢ᠂ ᠭᠡᠪᠡᠴᠦ᠍ ᠪᠠᠰᠠ ᠡᠷᠡᠭᠡᠯᠵᠡᠵᠦ᠍ ᠪᠠᠢᠵᠠᠢ᠃ ᠬᠡᠳᠦ᠋ᠢᠪᠡᠷ ᠠᠷᠪᠠᠨ ᠬᠡᠳᠦᠨ ᠵᠢᠯ ᠳᠠᠷᠢᠭ᠍ᠰᠠᠨ ᠲᠤᠷᠱᠢᠯᠭ᠎ᠠ᠎ᠲᠠᠢ ᠪᠣᠯᠪᠠᠴᠤ᠌ ᠳᠣᠲᠣᠷ᠎ᠠ᠎ᠪᠠᠨ ᠲᠤᠭ᠎ᠠ ᠥᠬᠡᠶ᠂ ᠲᠠᠷᠢᠭᠠᠳ ᠠᠯᠳᠠᠪᠠᠯ ᠪᠢᠳᠡ ᠨᠢᠬᠡ ᠬᠡᠷᠢᠶᠠᠷᠢᠶᠠᠨ ᠶᠠᠭᠠᠬᠢᠵᠤ ᠠᠮᠢᠳᠤᠷᠠᠬᠤ ᠪᠢᠯᠠ ᠭᠡᠵᠤ ᠡᠷᠡᠬᠡᠯᠵᠡᠵᠦ᠍ ᠪᠠᠢᠵᠠᠢ᠃ ᠯᠢ ᠴᠢᠤᠸᠠᠨ ᠨᠡᠢᠭᠡᠮ ᠲᠣᠭᠤᠷᠢᠭ᠎ᠤᠨ ᠨᠠᠮ᠎ᠤᠨ ᠡᠭᠦᠷ᠎ᠤᠨ ᠱᠦᠵᠢ ᠶᠣᠣ ᠹᠧᠩ ᠬᠤᠩ ᠣᠯᠠᠨ ᠤᠳᠠᠭ᠎ᠠ ᠨᠠᠳᠠ᠎ᠶ᠋ᠢ ᠡᠷᠢᠵᠦ᠍ ᠰᠡᠳᠭᠢᠯ᠎ᠤᠨ ᠦᠭᠡ᠎ᠪᠠᠨ ᠶᠠᠷᠢᠯᠴᠠᠨ᠂ ᠨᠠᠳᠠ᠎ᠶ᠋ᠢ ᠵᠣᠷᠢᠭ᠍ᠵᠢᠭᠤᠯᠵᠤ᠂ ᠤᠷᠢᠳ᠎ᠢᠶᠠᠷ ᠨᠢᠭᠡ ᠬᠡᠰᠡᠭ ᠲᠦᠷᠢᠶᠡᠰᠦᠨ ᠮᠥᠩᠭᠦ᠌ ᠲᠤᠱᠢᠶᠠᠴᠢᠬᠠ᠂ ᠠᠮᠲᠠᠲᠤ ᠬᠡᠮᠬᠡ᠎ᠪᠠᠨ ᠬᠤᠳᠠᠯᠳᠤᠵᠦ᠍᠂ ᠠᠵᠤ ᠠᠬᠤᠶ᠎ᠶ᠋ᠢᠨ ᠦᠷ᠎ᠡ ᠠᠱᠢᠭᠲᠠᠢ ᠪᠣᠯᠤᠭ᠍ᠰᠠᠨ᠎ᠤ ᠳᠠᠷᠠᠭ᠎ᠠ ᠦᠯᠡᠳᠡᠭ᠌ᠰᠡᠨ ᠲᠦᠷᠢᠶᠡᠰᠦᠨ ᠮᠥᠩᠭᠦ᠎ᠪᠠᠨ ᠲᠤᠱᠢᠶᠠᠪᠠᠯ ᠪᠤᠯᠴᠢᠬᠠᠨ᠎ᠠ᠂ ᠪᠣᠷᠣᠯᠠᠭᠤᠯᠭ᠎ᠠ᠎ᠶ᠋ᠢᠨ ᠲᠠᠯ᠎ᠠ᠎ᠪᠠᠷ ᠴᠤ᠌ ᠲᠠᠨ᠎ᠢ ᠬᠠᠪᠰᠤᠷᠴᠦ᠍ ᠪᠣᠷᠣᠯᠠᠭᠤᠯᠬᠤ ᠵᠠᠮ ᠡᠷᠢᠵᠦ᠍ ᠥᠭ᠌ᠬᠦᠶᠡ》 ᠭᠡᠰᠡᠨ᠎ᠨᠢ ᠨᠠᠳᠠ᠎ᠳᠤ ᠢᠳᠡᠭᠡᠯ ᠵᠤᠷᠢᠬ ᠤᠯᠭᠤᠬ᠍ᠰᠠᠨ ᠪᠢᠯᠡ ᠭᠡᠵᠤ ᠶᠠᠷᠢᠨ᠎ᠠ᠃
ᠡᠷᠡᠭᠡᠯᠵᠡᠭᠡ᠎ᠪᠠᠨ ᠠᠯᠳᠠᠷᠠᠭᠠᠭ᠍ᠰᠠᠨ ᠸᠠᠩ ᠹᠠᠩ ᠡᠷᠴᠢ ᠵᠤᠷᠢᠭ᠎ᠨᠢ ᠪᠠᠳᠠᠷᠠᠵᠦ᠍᠂ 10 ᠲᠦᠬᠦᠬᠡᠷᠤᠮᠵᠢᠳᠤ ᠲᠠᠷᠢᠶᠠᠯᠠᠩ᠎ᠤᠨ ᠬᠦᠯᠡᠮᠵᠢ᠎ᠶ᠋ᠢ ᠳᠠᠭᠠᠭᠠᠴᠢᠯᠠᠪᠠ᠃ ᠸᠠᠩ ᠹᠠᠩ ᠥᠷᠯᠥᠭᠡ ᠪᠦᠷᠢ ᠳᠥᠷᠪᠡ ᠲᠠᠪᠤᠨ ᠴᠠᠭ᠎ᠲᠤ ᠪᠣᠰᠴᠤ᠌᠂ ᠡᠪᠡᠰᠦ ᠠᠷᠢᠯᠭᠠᠵᠤ ᠪᠣᠷᠳᠣᠭᠤᠷ ᠣᠷᠣᠭᠤᠯᠵᠤ᠂ ᠭᠤᠸᠠ᠎ᠶ᠋ᠢᠨ ᠫᠧᠩ ᠳᠣᠲᠣᠷᠠᠬᠢ ᠴᠢᠬᠢ᠎ᠶ᠋ᠢ ᠨᠢᠮᠪᠠᠶ ᠠᠷᠠᠴᠢᠯᠠᠨᠡ᠃ ᠲᠠᠷᠢᠮᠠᠯ᠎ᠤᠨ ᠲᠤᠮᠤ ᠬᠦᠯᠡᠮᠵᠢ᠎ᠠᠴᠠ ᠭᠠᠳᠠᠨ᠎ᠠ᠂ ᠡᠨᠡ ᠬᠡᠳᠦᠨ ᠵᠢᠯ ᠸᠠᠩ ᠹᠠᠩ ᠪᠠᠰᠠ 100 ᠭᠠᠷᠤᠢ ᠮᠦ᠍ ᠲᠠᠷᠢᠶᠠᠨ ᠭᠠᠵᠠᠷ ᠳᠠᠭᠠᠭᠠᠴᠢᠯᠠᠵᠤ᠂ ᠥᠷᠯᠥᠭᠡ᠎ᠠᠴᠠ ᠤᠷᠤᠢ ᠪᠣᠯᠲᠠᠯ᠎ᠠ᠂ ᠬᠠᠪᠤᠷ᠎ᠠᠴᠠ ᠨᠠᠮᠤᠷ ᠪᠣᠯᠲᠠᠯ᠎ᠠ ᠶᠠᠭᠠᠷᠠᠳᠠᠬ᠃ ᠱᠢᠷᠭᠠᠭᠤ ᠬᠥᠳᠡᠯᠮᠦᠷᠢ᠎ᠨᠢ ᠪᠠᠶᠠᠷᠯᠠᠭᠤᠱᠢᠲᠠᠶ ᠠᠮᠵᠢᠯᠳᠡ᠎ᠶ᠋ᠢ ᠰᠣᠯᠢᠨ ᠠᠪᠴᠢᠷᠠᠵᠤ᠂ ᠬᠦᠦ᠎ᠨᠢ ᠴᠢᠳᠠᠪᠤᠷᠢᠲᠠᠨ ᠪᠣᠯᠵᠤ᠂ ᠠᠮᠢᠳᠤᠷᠠᠯ᠎ᠨᠢ ᠡᠳᠤᠷ᠎ᠠᠴᠠ ᠡᠳᠤᠷ ᠰᠠᠢᠵᠢᠷᠠᠪᠡ᠃ 2 ᠵᠢᠯ ᠭᠠᠷᠤᠢ᠎ᠶ᠋ᠢᠨ ᠴᠢᠷᠮᠠᠢᠯᠭ᠎ᠠ᠎ᠪᠠᠷ ᠥᠷᠢᠲᠦᠭ᠌ᠰᠡᠨ 30 ᠭᠠᠷᠤᠢ ᠲᠦᠮᠡᠨ ᠲᠥᠭᠦᠷᠢᠭ᠎ᠤᠨ ᠥᠷᠢ᠎ᠪᠠᠨ ᠪᠦᠬᠦᠨ᠎ᠢ ᠲᠦᠯᠦᠵᠦ᠍ ᠳᠠᠭᠤᠰᠭᠠᠨ᠂ ᠠᠮᠢᠳᠤᠷᠠᠯ᠎ᠳᠠᠭᠠᠨ ᠨᠡᠩ ᠢᠳᠡᠭᠡᠯ᠎ᠲᠠᠢ ᠪᠤᠯᠤᠯ᠎ᠡ᠃
