ᠠᠬᠠᠮᠠᠳ ᠨᠠᠮ᠎ᠤᠨ ᠬᠡᠱᠢᠭᠦᠨ᠎ᠤ ᠠᠷᠠᠳ᠎ᠢᠶᠠᠨ ᠬᠡᠰᠡᠨ ᠰᠠᠳᠭᠢᠯ
2021-09-13 10:09:15
ᠵᠣᠬᠢᠶᠠᠭ᠍ᠴᠢ᠄
ᠰᠦ᠊ ᠡᠷᠬᠡ ᠳᠡᠭ᠌ᠵᠢᠷᠡᠬᠦ᠌ ᠪᠠᠶᠠᠨᠮᠦᠩᠬᠡ
ᠣᠩᠱᠢᠭ᠍ᠰᠠᠨ ᠣᠳᠠᠭ᠎ᠠ᠄
★★★☆☆

ᠬᠤᠷᠴᠢᠨ ᠨᠣᠳᠤᠭ᠎ᠤᠨ ᠳᠡᠵᠢᠭᠡᠯ ᠪᠣᠯᠣᠬ᠍ᠰᠠᠨ ᠬᠤᠣᠯᠢᠨ ᠭᠤᠣᠯ᠂ ᠬᠤᠷᠴᠢᠨ ᠪᠠᠷᠠᠭᠤᠨ ᠭᠠᠷᠣᠨ ᠳᠣᠮᠳᠠᠳᠣ ᠬᠤᠱᠢᠭᠤᠨ᠎ᠤ ᠭᠤᠣᠯ᠎ᠤᠨ ᠪᠠᠢᠱᠢᠩ ᠪᠠᠯᠭᠠᠰᠤᠨ᠎ᠤ ᠵᠡᠬᠦᠨ ᠪᠡᠶ᠎ᠡ᠎ᠪᠠᠷ ᠦᠩᠭᠡᠷᠡᠨ᠂ ᠬᠦᠭᠡ ᠳᠣᠪᠤ ᠭᠠᠴᠠᠭ᠎ᠠ᠎ᠶ᠋ᠢᠨ ᠪᠠᠷᠠᠭᠤᠨ ᠬᠤᠢᠨ᠎ᠠ᠎ᠠᠴᠠ ᠵᠡᠬᠦᠨ ᠡᠮᠣᠨᠡᠰᠢ ᠬᠦᠡᠳᠡᠯᠡᠨ ᠣᠷᠣᠰᠴᠦ᠍᠂ ᠬᠠᠵᠠᠭᠤ ᠡᠷᠬᠢ᠎ᠶ᠋ᠢᠨ ᠠᠢᠯ ᠳᠣᠰᠭᠤᠨ᠎ᠤ ᠬᠦᠮᠦᠨ ᠠᠷᠠᠳ᠎ᠢᠶᠠᠨ ᠣᠮᠳᠠᠯᠠᠨ᠎ᠠ᠃ ᠨᠠᠢ᠍ᠮᠠᠨ ᠰᠠᠷ᠎ᠠ᠎ᠶ᠋ᠢᠨ ᠡᠬᠢ᠎ᠪᠠᠷ᠂ ᠬᠤᠷ᠎ᠠ ᠪᠣᠷᠣᠭᠠᠨ ᠶᠡᠭᠡᠳᠴᠦ᠍᠂ ᠬᠤᠣᠯᠢᠨ ᠭᠤᠣᠯ᠎ᠤᠨ ᠣᠰᠣ ᠨᠡᠮᠡᠭ᠌ᠳᠡᠠ ᠰᠠᠪᠠ ᠡᠷᠬᠢ᠎ᠪᠠᠨ ᠲᠦᠬᠦᠷᠭᠡᠵᠠᠢ᠃ ᠨᠢᠭᠡ ᠰᠦᠨᠢ ᠨᠢᠭᠡ ᠡᠳᠣᠷ᠎ᠤᠨ ᠪᠣᠷᠣᠭᠠᠨ ᠲᠦᠩᠭᠡᠵᠢ ᠨᠠᠮᠳᠡᠬᠤ᠎ᠪᠠᠷ ᠬᠦᠭᠡ ᠳᠣᠪᠤ ᠭᠠᠴᠠᠭ᠎ᠠ᠎ᠶ᠋ᠢᠨ ᠣᠣᠯ᠎ᠤᠨ ᠨᠠᠮ᠎ᠤᠨ ᠡᠬᠦᠷ᠎ᠤᠨ ᠱᠦᠵᠢ ᠪᠠ ᠰᠢ ᠨᠠᠰᠣᠳᠠᠨ ᠠᠢᠯ᠎ᠤᠨ ᠡᠮᠤᠨᠡᠬᠢ ᠬᠦᠬᠦᠷᠭᠡ᠎ᠶ᠋ᠢᠨ ᠳᠡᠷᠭᠡᠳᠠ ᠬᠦᠷᠴᠦ᠍ ᠢᠷᠡᠪᠡ᠃

— 1998 ᠣᠨ᠎ᠳᠤ᠂ ᠡᠨᠡ ᠬᠦᠬᠦᠷᠭᠡ᠎ᠶ᠋ᠢᠨ ᠬᠠᠭᠠᠰ ᠢᠯᠡᠬᠦᠦ᠎ᠶ᠋ᠢ᠎ᠨᠢ ᠣᠷᠪᠠᠭᠤᠯᠣᠨ ᠠᠪᠠᠴᠢᠬ᠍ᠰᠠᠨ ᠶᠣᠮ᠃ ᠳᠡᠭᠡᠭᠡᠳ ᠪᠢᠳᠠ ᠪᠠᠰᠠ ᠳᠡᠭᠡᠭ᠌ᠰᠢ ᠴᠢᠯᠠᠭᠤᠨ ᠬᠦᠬᠦᠷᠭᠡ ᠳᠠᠯᠪᠢᠬᠤ ᠦᠭᠡᠢ ᠪᠣᠯᠬᠤ ᠦᠭᠡᠢ ᠭᠡᠵᠦ᠍ ᠮᠡᠳᠡᠬᠦᠯᠦᠭ᠌ᠰᠡᠭᠡᠷ ᠪᠠᠢᠵᠦ᠍᠂ 2002 ᠣᠨ᠎ᠳᠤ ᠡᠨᠡ ᠬᠦᠬᠦᠷᠭᠡ᠎ᠶ᠋ᠢ ᠪᠠᠷᠢᠵᠦ᠍ ᠭᠠᠷᠭᠠᠬ᠍ᠰᠠᠨ ᠶᠣᠮ᠃ ᠳᠡᠷᠡ ᠦᠶ᠎ᠡ᠎ᠳᠤ ᠵᠤᠭᠤᠰ ᠮᠦᠩᠬᠦ᠌ ᠬᠦᠷᠦᠯᠴᠡᠬᠦ᠌ ᠦᠬᠡᠢ ᠪᠤᠯᠬᠤᠷ᠂ ᠲᠡᠬᠡᠳᠦ ᠱᠠᠳᠤᠨ᠎ᠤ᠎ᠬᠢᠨ᠎ᠢ ᠡᠷᠢᠵᠦ᠍᠂ ᠪᠡᠯᠡ ᠮᠦᠩᠬᠦᠨ᠎ᠤ ᠳᠡᠮᠵᠢᠯᠬᠡ ᠬᠦᠷᠳᠡᠬᠡᠵᠦ᠍᠂ ᠳᠠᠬᠢᠨ 30 ᠲᠦᠮᠡᠨ ᠲᠦᠬᠦᠷᠢᠭ ᠣᠯᠵᠦ᠍᠂ 20 ᠮᠧᠲᠷ ᠨᠠᠭᠠᠰᠢ ᠵᠠᠯᠭᠠᠵᠦ᠍᠂ 70 ᠮᠧᠲᠷ᠎ᠤᠨ ᠬᠦᠬᠦᠷᠭᠡ ᠪᠣᠯᠭᠠᠵᠠᠢ ᠭᠡᠵᠤ ᠪᠠ ᠰᠢ ᠨᠠᠰᠣᠳᠠᠨ ᠰᠤᠷᠪᠤᠯᠵᠢᠯᠠᠭ᠍ᠴᠢ᠎ᠳᠤ ᠶᠠᠷᠢᠵᠤ ᠦᠭ᠌ᠭᠦᠯ᠎ᠡ᠃

1970 ᠣᠨ᠎ᠠᠴᠠ ᠪᠠᠷᠢᠭᠠᠳᠠ᠎ᠶ᠋ᠢᠨ ᠳᠣᠭᠤᠢᠯᠠᠩ᠎ᠤᠨ ᠳᠠᠷᠤᠭ᠎ᠠ᠎ᠪᠠᠷ ᠠᠵᠢᠯᠯᠠᠬ᠍ᠰᠠᠨ ᠪᠠ ᠰᠢ ᠨᠠᠰᠣᠳᠠᠨ᠂ ᠠᠬ᠎ᠠ ᠳᠡᠬᠦᠦ ᠨᠠᠢ᠍ᠮᠠ᠎ᠶ᠋ᠢᠨ ᠠᠬᠠᠮᠠᠳ᠎ᠨᠢ ᠪᠣᠯᠬᠤᠷ ᠪᠦᠬᠦ᠌ ᠭᠡᠷ᠎ᠤᠨ ᠳᠣᠯᠭᠠᠭᠤᠷᠢ ᠬᠦᠴᠦᠨ ᠪᠠᠢᠬ᠍ᠰᠠᠨ ᠭᠡᠳᠡᠭ᠃ 1975 ᠣᠨ᠎ᠳᠤ ᠨᠠᠮ᠎ᠤᠨ ᠭᠡᠱᠢᠬᠦᠨ᠎ᠢᠶᠠᠷ ᠡᠯᠰᠡᠭ᠌ᠳᠡᠨ᠂ ᠠᠢᠯ᠎ᠤᠨ ᠳᠠᠷᠤᠭ᠎ᠠ᠎ᠶ᠋ᠢᠨ ᠳᠣᠱᠢᠶᠠᠯ᠎ᠢ ᠬᠠᠷᠢᠭᠤᠴᠠᠨ᠂ 1982 ᠣᠨ᠎ᠠᠴᠠ ᠭᠠᠴᠠᠭ᠎ᠠ᠎ᠶ᠋ᠢᠨ ᠵᠦᠪᠯᠡᠯ᠎ᠤᠨ ᠡᠷᠬᠢᠯᠡᠭ᠌ᠴᠢ᠎ᠶ᠋ᠢᠨ ᠠᠵᠢᠯ᠎ᠢ ᠡᠬᠦᠷᠭᠡᠯᠡᠵᠠᠢ᠃ 2003 ᠣᠨ᠎ᠳᠤ ᠠᠵᠢᠯ᠎ᠠᠴᠠ᠎ᠪᠠᠨ ᠠᠮᠠᠷᠠᠬ᠍ᠰᠠᠨ ᠪᠣᠯᠪᠠᠴᠦ᠍ ᠣᠳᠣ ᠪᠣᠯᠳᠠᠯ᠎ᠠ ᠭᠠᠴᠠᠭ᠎ᠠ᠎ᠶ᠋ᠢᠨ ᠵᠦᠪᠯᠡᠯ᠎ᠳᠤ᠎ᠪᠠᠨ ᠠᠷᠭ᠎ᠠ ᠰᠠᠮᠪᠠᠭ᠎ᠠ᠂ ᠣᠶᠣᠨ ᠣᠬᠠᠭᠠᠨ᠎ᠢᠶᠠᠨ ᠡᠷᠬᠦᠨ᠂ ᠠᠷᠠᠳ ᠲᠦᠮᠡᠨ᠎ᠤ ᠠᠮᠢᠳᠣᠷᠠᠯ ᠦᠢᠯᠡᠳᠪᠣᠷᠢᠯᠡᠯ᠎ᠤᠨ ᠲᠦᠯᠦᠭᠡ ᠰᠠᠨᠠᠭᠠᠱᠢᠷᠠᠨ ᠶᠠᠪᠣᠨ᠎ᠠ᠃

— ᠮᠠᠠ᠎ᠤ ᠠᠳᠡ ᠣᠰᠣ 15 ᠮᠧᠲᠷ᠎ᠤᠨ ᠳᠣᠣᠷ᠎ᠠ᠎ᠠᠴᠠ ᠭᠠᠷᠴᠦ᠍ ᠢᠷᠡᠵᠦ᠍ ᠪᠠᠢᠪᠠᠴᠦ᠍ ᠪᠠᠰᠠ ᠪᠣᠷᠵᠠᠩᠳᠠᠵᠦ᠍ ᠪᠠᠢᠨ᠎ᠠ᠃ ᠭᠡᠵᠢᠶ᠎ᠡ ᠮᠠᠠ᠎ᠤ ᠠᠳᠡ ᠲᠦᠭᠡᠭᠡᠯ ᠣᠰᠣ ᠣᠷᠣᠵᠦ᠍ ᠢᠷᠡᠳᠡᠭ ᠪᠣᠯ? ᠮᠠᠠ᠎ᠤ ᠡᠨᠡ ᠣᠷᠴᠢᠮ᠎ᠤᠨ ᠬᠤᠸᠠ ᠳᠣᠪᠤ᠎ᠳᠤ ᠪᠠᠰᠠ ᠲᠦᠭᠡᠭᠡᠯ ᠤᠰᠤ ᠨᠡᠪᠳᠡᠷᠡᠭ᠌ᠰᠡᠨ ᠱᠢᠦ ᠭᠡᠵᠤ ᠪᠠ ᠰᠢ ᠨᠠᠰᠣᠳᠠᠨ ᠭᠡᠷ᠎ᠲᠡᠭᠡᠨ ᠬᠠᠷᠢᠵᠤ ᠢᠷᠡᠭᠡᠳ ᠴᠠᠢ᠎ᠶ᠋ᠢᠨ ᠤᠰᠤ᠎ᠪᠠᠨ ᠪᠤᠴᠠᠯᠭᠠᠬᠤ᠎ᠪᠠᠷ ᠭᠠᠩ᠎ᠲᠠᠢ ᠤᠰᠤ᠎ᠪᠠᠨ ᠲᠠᠪᠦᠷ᠎ᠠ᠎ᠳᠤ᠎ᠪᠠᠨ ᠰᠠᠪᠠᠯᠠᠬᠤ᠎ᠶ᠋ᠢᠨ ᠵᠡᠷᠭᠡ᠎ᠪᠠᠷ ᠶᠠᠷᠢᠵᠤ ᠭᠠᠷᠤᠯ᠎ᠠ᠃

ᠨᠤᠳᠤᠭ᠎ᠤᠨ᠎ᠢᠶᠠᠨ ᠲᠦᠯᠦᠭᠡ ᠦᠰᠦ᠎ᠪᠠᠨ ᠴᠠᠢᠳᠠᠯ᠎ᠠ ᠵᠢᠳᠬᠦᠵᠦ᠍᠂ ᠬᠤᠪᠢ᠎ᠪᠠᠨ ᠪᠣᠳᠣᠯ ᠦᠭᠡᠢ ᠶᠠᠪᠣᠬ᠍ᠰᠠᠨ ᠪᠠ ᠰᠢ ᠨᠠᠰᠣᠳᠠᠨ ᠪᠤᠯ ᠨᠣᠳᠤᠭ ᠣᠰᠤᠨ᠎ᠳᠠᠭᠠᠨ ᠬᠦᠡᠳᠦᠳᠡᠢ ᠬᠦᠮᠦᠨ᠃ ᠳᠠᠯᠠ᠎ᠶ᠋ᠢ ᠲᠦᠬᠦᠭ᠌ᠰᠡᠨ ᠲᠡᠷᠡ᠎ᠪᠠᠷ 17 ᠨᠠᠰᠣᠨ᠎ᠠᠴᠠ᠎ᠪᠠᠨ ᠪᠠᠷᠢᠭᠠᠳᠠ᠂ ᠳᠣᠭᠤᠢᠯᠠᠩ᠂ ᠭᠠᠴᠠᠭ᠎ᠠ᠎ᠶ᠋ᠢᠨ ᠵᠦᠪᠯᠡᠯ᠎ᠢᠶᠠᠷ ᠳᠣᠱᠢᠶᠠᠯ ᠬᠠᠷᠢᠭᠤᠴᠠᠨ᠂ ᠴᠠᠭ ᠦᠶ᠎ᠡ᠎ᠶ᠋ᠢᠨ ᠬᠤᠪᠢᠷᠠᠯᠳᠠ᠎ᠶ᠋ᠢ ᠦᠩᠭᠡᠷᠡᠬᠦᠯᠦᠨ᠂ ᠣᠳᠣ᠎ᠶ᠋ᠢᠨ ᠱᠢᠨ᠎ᠡ ᠴᠠᠭ ᠦᠶ᠎ᠡ ᠪᠣᠯᠳᠠᠯ᠎ᠠ ᠪᠣᠷᠣᠬ᠍ᠵᠢᠭᠤᠨ ᠠᠮᠢᠳᠣᠷᠠᠬ᠍ᠰᠠᠭᠠᠷ ᠢᠷᠠᠵᠠᠢ᠃ ᠭᠠᠭ᠍ᠴᠠ ᠬᠦ᠌ ᠭᠠᠳᠠᠨ᠎ᠠ ᠡᠬᠦᠳᠡᠨ᠎ᠤ ᠬᠢᠨᠢ ᠳᠡᠭᠡᠷ᠎ᠠ ᠨᠠᠭᠠᠭ᠍ᠰᠠᠨ 《ᠡᠪ ᠬᠠᠮᠳᠣ ᠨᠠᠮ᠎ᠤᠨ ᠭᠡᠱᠢᠬᠦᠨ᠎ᠤ ᠡᠷᠣᠭᠡ》 ᠭᠡᠬᠦ᠌ ᠭᠡᠳᠣᠨ ᠦᠰᠦᠭ᠎ᠨᠢ ᠳᠡᠬᠦᠨ᠎ᠤ ᠪᠠᠶ᠎ᠠ᠎ᠶ᠋ᠢᠨ ᠭᠠᠷᠣᠯ᠂ ᠨᠠᠷ᠎ᠠ ᠨᠢᠳᠡᠷ ᠪᠠ ᠢᠷᠠᠭᠤ ᠠᠯᠳᠠᠷ᠎ᠢ᠎ᠨᠢ ᠲᠤᠳᠤ᠎ᠠᠴᠠ ᠲᠤᠳᠤ ᠢᠯᠡᠷᠭᠡᠢᠯᠡᠵᠤ ᠪᠠᠢᠯ᠎ᠠ᠃

ᠭᠡᠭᠡ ᠣᠷᠣᠬᠤ᠎ᠪᠠᠷ ᠬᠦᠳᠡᠭᠡ ᠠᠢᠯ᠎ᠤᠨ ᠠᠵᠢᠯ ᠡᠬᠢᠯᠡᠳᠡᠭ᠎ᠨᠢ ᠦᠨᠡᠨ ᠪᠠᠢᠪᠠ᠃ ᠪᠠ ᠰᠢ ᠨᠠᠰᠣᠳᠠᠨ᠎ᠤ ᠳᠡᠬᠦᠦ᠎ᠨᠢ ᠦᠷᠯᠦᠭᠡ᠎ᠶ᠋ᠢᠨ ᠠᠵᠢᠯ᠎ᠢᠶᠠᠨ ᠳᠠᠭᠤᠰᠭᠠᠨ ᠳᠡᠬᠦᠨ᠎ᠤ ᠭᠡᠷ᠎ᠲᠤ ᠢᠷᠡᠭ᠌ᠰᠡᠨ᠎ᠳᠤ᠂ ᠪᠠ ᠰᠢ ᠨᠠᠰᠣᠳᠠᠨ ᠬᠤᠨᠢᠨ ᠰᠦᠷᠦᠭ᠎ᠤᠨ ᠳᠣᠬᠠᠢ ᠠᠰᠠᠭᠤᠨ ᠶᠠᠷᠢᠯᠴᠠᠭ᠎ᠠ ᠦᠷᠨᠢᠬᠦᠯᠪᠡ᠃ ᠨᠠᠰᠣ᠎ᠪᠠᠷ᠎ᠢᠶᠠᠨ ᠡᠯᠡᠰᠣ ᠱᠢᠷᠣᠢ᠎ᠲᠠᠢ ᠨᠣᠴᠣᠯᠳᠣᠨ ᠢᠷᠡᠭ᠌ᠰᠡᠨ ᠪᠠ ᠰᠢ ᠨᠠᠰᠣᠳᠠᠨ ᠠᠮᠢ ᠠᠬᠤᠢ᠎ᠶ᠋ᠢᠨ ᠴᠢᠬᠤᠯᠠ ᠴᠢᠨᠠᠷ᠎ᠢ ᠳᠣᠭᠤᠱᠢᠳᠠᠢ ᠣᠢᠯᠠᠭᠠᠨ᠎ᠠ᠃ ᠡᠨᠡ ᠡᠯᠡᠰᠣᠨ ᠨᠣᠳᠤᠭ᠎ᠢ ᠨᠣᠭᠤᠭᠠᠷᠠᠭᠤᠯᠬᠤ᠎ᠶ᠋ᠢᠨ ᠲᠦᠯᠦᠭᠡ ᠳᠡᠷᠡ ᠠᠢᠯ ᠠᠢᠮᠠᠭ᠎ᠢᠶᠠᠨ ᠳᠠᠭᠠᠭᠤᠯᠣᠨ ᠮᠣᠬᠤᠰᠢ ᠦᠭᠡᠢ ᠴᠢᠷᠮᠠᠢᠬ᠍ᠰᠠᠨ ᠭᠡᠳᠡᠭ᠃

ᠭᠠᠴᠠᠭᠠᠨ᠎ᠤ ᠡᠮᠣᠨᠡᠬᠢ ᠬᠦᠬᠦᠷᠭᠡ᠂ ᠨᠠᠰᠣᠳᠠᠨ᠎ᠤ ᠭᠡᠷ᠎ᠠᠴᠠ ᠳᠠᠪᠤ ᠵᠢᠷᠭᠤᠭᠠᠨ ᠭᠠᠵᠠᠷ ᠬᠤᠯᠠ᠃ ᠪᠠ ᠰᠢ ᠨᠠᠰᠣᠳᠠᠨ ᠬᠦᠷᠵᠡ᠎ᠪᠠᠨ ᠡᠬᠦᠷᠦᠭ᠌ᠰᠡᠭᠡᠷ ᠬᠦᠬᠦᠷᠭᠡ᠎ᠶ᠋ᠢ ᠵᠣᠷᠢᠨ ᠠᠯᠬᠤᠯ᠎ᠠ᠃ ᠳᠠᠯ᠎ᠠ᠎ᠶ᠋ᠢᠨ ᠳᠠᠷᠢᠶ᠎ᠠ ᠣᠰᠣᠨ᠎ᠳᠤ ᠳᠡᠪᠳᠦᠭ᠌ᠰᠡᠨ᠎ᠢ ᠬᠠᠷᠠᠭᠠᠳ ᠨᠠᠰᠣᠳᠠᠨ᠎ᠤ ᠰᠡᠳᠭᠢᠯ᠎ᠨᠢ ᠱᠢᠮᠱᠢᠷᠡᠭ᠌ᠰᠡᠨ ᠪᠠᠢᠬᠤ ᠡ᠂ ᠣᠳᠠᠭᠠᠨ ᠯᠠᠪᠯᠠᠵᠦ᠍ ᠵᠣᠬ᠍ᠰᠣᠪᠠ ᠁ ᠪᠠ ᠰᠢ ᠨᠠᠰᠣᠳᠠᠨ ᠬᠠᠭᠠᠰ ᠴᠠᠭ ᠠᠯᠬᠤᠯᠠᠵᠦ᠍ ᠬᠦᠬᠦᠷᠭᠡ ᠬᠦᠷᠬᠦ᠌᠎ᠪᠠᠷ᠂ ᠭᠠᠴᠠᠭᠠᠨ᠎ᠤ ᠵᠠᠯᠠᠭᠤᠴᠤᠳ ᠣᠷᠢᠳ᠎ᠢᠶᠠᠷ ᠢᠷᠡᠵᠤ ᠦᠶᠡᠷ᠎ᠤᠨ ᠪᠠᠢᠳᠠᠯ᠎ᠢ ᠠᠵᠢᠬ᠍ᠯᠠᠵᠦ᠍ ᠪᠠᠢᠪᠠ᠃ ᠨᠠᠭᠠᠰᠢ ᠴᠠᠭᠠᠰᠢ ᠶᠠᠪᠣᠬᠤ ᠮᠠᠯᠴᠢᠨ ᠳᠠᠷᠢᠶᠠᠴᠢᠳ᠂ ᠦᠶᠡᠷ᠎ᠤᠨ ᠣᠰᠣ᠎ᠶ᠋ᠢᠨ ᠳᠣᠬᠠᠢ ᠱᠢᠨᠡᠷᠭᠡᠭ ᠴᠢᠮᠡᠭᠡ ᠰᠣᠷᠠᠭ ᠳᠠᠮᠵᠢᠭᠤᠯᠵᠦ᠍ ᠯᠡ ᠪᠠᠢᠪᠠ᠃ ᠭᠡᠳᠦ᠋ᠢᠪᠡᠷ ᠪᠠ ᠰᠢ ᠨᠠᠰᠣᠳᠠᠨ᠎ᠤ ᠳᠠᠷᠢᠶ᠎ᠠ ᠠᠳᠠ ᠦᠭᠡᠢ ᠪᠣᠯᠪᠠᠴᠦ᠍ ᠣᠯᠠᠨ᠎ᠤ ᠡᠮᠣᠨ᠎ᠡ᠎ᠠᠴᠠ ᠰᠠᠨᠠᠭ᠎ᠠ ᠪᠣᠯᠵᠦ᠍ ᠵᠣᠬ᠍ᠰᠣᠨ᠎ᠠ᠃

ᠦᠶᠡᠷ᠎ᠤᠨ ᠭᠡᠴᠡᠬᠦᠦ ᠪᠠᠢᠳᠠᠯ ᠳᠣᠣᠷ᠎ᠠ᠂ ᠭᠠᠴᠠᠭ᠎ᠠ᠎ᠶ᠋ᠢᠨ ᠵᠦᠪᠯᠡᠯ᠎ᠠᠴᠠ ᠳᠡᠭᠡᠭ᠌ᠰᠢ ᠮᠡᠳᠡᠬᠦᠯᠦᠭ᠌ᠰᠡᠨ ᠵᠢᠴᠢ ᠣᠳᠠᠯ ᠦᠭᠡᠢ ᠪᠠᠯᠭᠠᠰᠣ ᠪᠠ ᠬᠤᠱᠢᠭᠤ ᠵᠠᠰᠠᠭ᠎ᠤᠨ ᠣᠳᠣᠷᠢᠳᠣᠯᠭ᠎ᠠ ᠦᠶᠡᠷ ᠣᠰᠣᠳᠤᠯ᠎ᠤᠨ ᠳᠣᠬᠠᠢ ᠪᠠᠢᠴᠠᠭᠠᠬᠤ᠎ᠪᠠᠷ ᠢᠷᠡᠬᠦ᠌ ᠴᠢᠮᠡᠭᠡ᠎ᠶ᠋ᠢ ᠰᠣᠨᠣᠰᠣᠬ᠍ᠰᠠᠨ ᠪᠠ ᠰᠢ ᠨᠠᠰᠣᠳᠠᠨ ᠰᠡᠳᠭᠢᠯ ᠵᠢᠭᠠᠬᠠᠨ ᠳᠠᠢᠪᠣᠱᠢᠷᠠᠬ᠍ᠰᠠᠨ ᠪᠣᠯᠣᠯᠳᠠᠢ᠂ ᠨᠠᠮ ᠵᠠᠰᠠᠭ᠎ᠤᠨ ᠬᠦᠴᠦᠨ᠎ᠳᠤ ᠢᠳᠡᠭᠡᠯ᠎ᠲᠠᠢ ᠳᠡᠷᠡ ᠮᠠᠨᠢ ᠬᠦᠮᠦᠰ᠎ᠠᠴᠠ ᠰᠠᠯᠵᠦ᠍᠂ ᠭᠠᠴᠠᠭ᠎ᠠ᠎ᠶ᠋ᠢᠨ ᠵᠦᠪᠯᠡᠯ᠎ᠳᠡᠭᠡᠨ ᠢᠷᠡᠵᠦ᠍ ᠰᠠᠢᠨ ᠴᠢᠮᠡᠭᠡ ᠬᠦᠯᠢᠶᠡᠵᠦ᠍ ᠰᠠᠭᠤᠯ᠎ᠠ᠃

ᠪᠠ ᠰᠢ ᠨᠠᠰᠣᠳᠠᠨ ᠦᠪᠡᠷ᠎ᠢ᠎ᠪᠠᠨ ᠭᠠᠴᠠᠭᠠᠨ᠎ᠳᠤ ᠬᠤᠶᠠᠷᠬᠠᠨ ᠰᠠᠢᠨ ᠶᠠᠪᠣᠳᠠᠯ ᠬᠢᠭ᠌ᠰᠡᠨ ᠭᠡᠵᠦ᠍ ᠶᠠᠷᠢᠳᠠᠭ᠃ ᠨᠢᠭᠡ᠎ᠨᠢ ᠱᠦᠢᠨᠢ᠎ᠶ᠋ᠢᠨ ᠪᠦᠳᠣᠴᠠ᠎ᠲᠠᠢ ᠬᠦᠬᠦᠷᠭᠡ᠎ᠶ᠋ᠢ ᠭᠠᠴᠠᠭᠠᠨ᠎ᠤ ᠡᠮᠣᠨᠡᠬᠢ ᠬᠤᠣᠯᠢᠨ ᠭᠤᠣᠯ ᠳᠡᠭᠡᠷ᠎ᠠ ᠳᠠᠯᠪᠢᠬ᠍ᠰᠠᠨ ᠪᠣᠯ᠂ ᠨᠦᠬᠦᠭᠡ᠎ᠨᠢ ᠭᠠᠴᠠᠭᠠᠨ᠎ᠤ ᠠᠮᠢ ᠠᠬᠤᠢ᠎ᠶ᠋ᠢᠨ ᠰᠡᠷᠬᠦᠭᠡᠯᠳᠠ᠎ᠶ᠋ᠢ ᠠᠬᠢᠭᠤᠯᠬᠤ᠎ᠳᠤ ᠬᠦᠴᠦ᠍ ᠭᠠᠷᠭᠠᠬ᠍ᠰᠠᠨ ᠶᠠᠪᠤᠳᠠᠯ ᠪᠤᠯᠤᠨ᠎ᠠ᠃ ᠬᠤᠷᠢᠭᠠᠳ ᠵᠢᠯ᠎ᠤᠨ ᠡᠮᠣᠨ᠎ᠠ᠂ ᠬᠦᠭᠡ ᠳᠣᠪᠤ ᠭᠠᠴᠠᠭ᠎ᠠ᠎ᠶ᠋ᠢᠨ ᠳᠠᠷᠢᠶᠠᠯᠠᠬᠤ ᠳᠠᠯᠠᠪᠠᠢ ᠶᠡᠭᠡᠳᠦᠭ᠌ᠰᠡᠨ ᠪᠠ ᠮᠠᠯ᠎ᠤᠨ ᠳᠤᠭ᠎ᠠ ᠳᠣᠯᠣᠭᠠᠢ ᠨᠡᠮᠡᠭ᠌ᠳᠡᠭ᠌ᠰᠡᠨ᠎ᠨᠢ ᠡᠯᠡᠰᠦᠷᠭᠡᠭ᠌ᠵᠢᠯ᠎ᠤᠨ ᠭᠡᠮᠵᠢᠶ᠎ᠠ᠎ᠶ᠋ᠢ ᠲᠦᠷᠭᠡᠳᠭᠡᠵᠦ᠍᠂ ᠡᠪᠣᠯ ᠬᠠᠪᠣᠷ ᠡᠯᠡᠰᠣᠨ ᠱᠢᠭᠤᠷᠭ᠎ᠠ ᠳᠡᠭ᠌ᠳᠡᠬᠦ᠌᠎ᠨᠢ ᠭᠡᠴᠡᠬᠦᠦ ᠭᠡᠵᠦ᠍ ᠭᠠᠴᠠᠭᠠᠨ᠎ᠤ ᠮᠠᠯᠴᠢᠳ ᠶᠠᠷᠢᠳᠠᠭ᠃

2001 ᠣᠨ᠎ᠳᠤ᠂ ᠳᠡᠭᠡᠷ᠎ᠠ ᠱᠠᠳᠣᠨ᠎ᠤ ᠡᠯᠡᠰᠦᠷᠭᠡᠭ᠌ᠵᠢᠯ᠎ᠢ ᠵᠠᠰᠠᠬᠤ ᠲᠦᠷᠦ᠎ᠶ᠋ᠢᠨ ᠪᠣᠳᠣᠯᠭ᠎ᠠ᠎ᠨᠢ ᠪᠠ ᠰᠢ ᠱᠦᠵᠢ᠎ᠶ᠋ᠢᠨ ᠣᠳᠠᠭᠠᠨ ᠣᠨ ᠴᠢᠳᠠᠯ ᠮᠡᠬᠦᠰᠳᠡᠵᠦ᠍ ᠪᠠᠢᠬ᠍ᠰᠠᠨ᠎ᠢ᠎ᠨᠢ ᠨᠦᠬᠦᠪᠣᠷᠢᠯᠡᠪᠡ᠃ ᠳᠡᠭᠡᠭᠡᠳ ᠲᠦᠷᠦ᠎ᠶ᠋ᠢᠨ ᠪᠣᠳᠣᠯᠭ᠎ᠠ᠎ᠶ᠋ᠢᠨ ᠳᠡᠳᠬᠦᠮᠵᠢ᠂ ᠠᠷᠠᠳ ᠲᠦᠮᠡᠨ᠎ᠤ ᠣᠬᠠᠮᠰᠠᠷ᠎ᠲᠤ ᠲᠦᠱᠢᠭ᠌ᠯᠡᠨ ᠪᠠ ᠰᠢ ᠱᠦᠵᠢ ᠣᠯᠠᠨ᠎ᠢᠶᠠᠨ ᠳᠠᠭᠠᠭᠤᠯᠣᠨ ᠡᠨᠡ ᠭᠡᠰᠡᠭ ᠭᠠᠵᠠᠷ᠎ᠲᠤ ᠠᠮᠢ ᠠᠬᠤᠢ᠎ᠶ᠋ᠢ ᠰᠠᠢᠵᠢᠷᠠᠭᠤᠯᠣᠨ ᠡᠯᠡᠰᠦᠷᠭᠡᠭ᠌ᠵᠢᠯ᠎ᠢ ᠵᠠᠰᠠᠬᠤ ᠠᠷᠪᠠᠭᠠᠳ ᠵᠢᠯ᠎ᠤᠨ ᠳᠠᠢᠨ᠎ᠢ ᠡᠬᠢᠯᠡᠬᠦᠯᠦᠭ᠌ᠰᠡᠨ ᠭᠡᠳᠡᠭ᠃ ᠬᠦᠭᠡ ᠲᠤᠪᠤ ᠭᠠᠴᠠᠭ᠎ᠠ᠎ᠶ᠋ᠢᠨ ᠨᠢᠭᠡᠨ ᠮᠠᠯᠴᠢᠨ᠄ 《ᠳᠡᠷᠡ ᠦᠶ᠎ᠡ᠎ᠳᠤ ᠪᠠ ᠰᠢ ᠱᠦᠵᠢ ᠪᠠᠢᠬ᠍ᠰᠠᠨ᠂ ᠪᠢᠳᠡᠨ᠎ᠢ ᠳᠠᠭᠠᠭᠤᠯᠵᠦ᠍ ᠪᠠᠢᠭᠠᠳ ᠳᠠᠷᠢᠬ᠍ᠰᠠᠨ᠃ ᠳᠡᠷᠡ ᠮᠠᠩᠬ᠎ᠠ᠎ᠶ᠋ᠢᠨ ᠬᠤᠩᠱᠢᠶᠠᠷ ᠳᠡᠭᠡᠷ᠎ᠠ ᠳᠡᠷᠭᠡ ᠣᠷᠣᠵᠦ᠍ ᠳᠡᠢᠯᠬᠦ᠌ ᠦᠭᠡᠢ᠂ ᠱᠣᠣᠳᠠᠢ᠎ᠪᠠᠷ ᠡᠬᠦᠷᠴᠦ᠍ ᠪᠠᠢᠭᠠᠳ ᠭᠠᠷ᠎ᠢᠶᠠᠷ᠎ᠢᠶᠠᠨ ᠬᠠᠶᠠᠵᠦ᠍ ᠳᠠᠷᠢᠬ᠍ᠰᠠᠨ ᠶᠣᠮ》 ᠭᠡᠬᠦ᠌᠎ᠳᠤ᠂ ᠪᠠ ᠰᠢ ᠨᠠᠰᠤᠳᠠᠨ᠄ 《ᠣᠳᠣ ᠡᠨᠡ ᠠᠯᠳᠠᠭᠠᠨ᠎ᠠ᠎ᠶ᠋ᠢ ᠦᠵᠡ! ᠪᠦᠷ ᠬᠦᠮᠦᠨ ᠳᠠᠪᠠᠭᠠᠳ ᠭᠠᠷᠣᠭᠠᠳ ᠢᠷᠡᠵᠠᠢ᠂ ᠦᠷ᠎ᠠ᠎ᠨᠢ ᠣᠨᠠᠪᠠᠯ ᠪᠣᠷᠣᠭᠠᠨ᠎ᠲᠠᠢ ᠦᠶ᠎ᠡ᠎ᠳᠤ ᠪᠠᠰᠠ ᠭᠠᠷᠣᠭᠠᠳ ᠢᠷᠡᠨ᠎ᠡ᠃ ᠳᠠᠷᠢᠭᠠᠳ ᠶᠠᠭ ᠪᠦᠲᠦᠨ ᠬᠤᠷᠢᠨ ᠵᠢᠯ ᠪᠣᠯᠵᠦ᠍ ᠪᠠᠢᠨ᠎ᠠ》 ᠭᠡᠵᠤ ᠶᠠᠷᠢᠯ᠎ᠠ᠃

ᠦᠨᠣᠳᠣᠷ ᠪᠤᠯᠬᠤ᠎ᠳᠤ ᠬᠦᠭᠡ ᠳᠣᠪᠤ ᠭᠠᠴᠠᠭ᠎ᠠ᠎ᠶ᠋ᠢᠨ ᠡᠷᠬᠢᠳᠡᠵᠦ᠍ ᠨᠦᠭᠡᠳᠡᠭ᠌ᠰᠡᠨ ᠭᠠᠵᠠᠷ ᠱᠢᠷᠣᠢ ᠳᠠᠬᠢᠨᠳᠠ ᠨᠣᠭᠤᠭᠠᠨ ᠦᠩᠭᠡ᠎ᠪᠠᠷ ᠬᠤᠴᠢᠬ᠍ᠳᠠᠨ᠂ ᠬᠦᠭᠡᠷᠡᠵᠦ᠍ ᠨᠣᠭᠤᠭᠠᠷᠠᠬ᠍ᠰᠠᠨ ᠠᠯᠳᠠᠭᠠᠨ᠎ᠠ᠎ᠶ᠋ᠢᠨ ᠳᠣᠮᠳᠠᠭᠤᠷ ᠠᠮᠢᠳᠠᠠ ᠭᠤᠣᠯᠳᠠᠠ ᠵᠦᠷᠢᠯᠳᠦᠬᠦ᠌᠎ᠪᠠᠷ ᠬᠤᠷᠢᠨ ᠵᠢᠯ᠎ᠤᠨ ᠡᠮᠣᠨ᠎ᠠ ᠪᠠ ᠰᠢ ᠱᠦᠵᠢ᠎ᠶ᠋ᠢ ᠳᠠᠭᠠᠭᠠᠳ ᠠᠯᠳᠠᠭᠠᠨ᠎ᠠ ᠳᠠᠷᠢᠵᠦ᠍ ᠪᠠᠢᠬ᠍ᠰᠠᠨ ᠬᠦᠮᠦᠰ ᠴᠦ᠍ ᠠᠮᠢ ᠠᠬᠤᠢ᠎ᠶ᠋ᠢᠨ ᠰᠠᠢᠵᠢᠷᠠᠯᠳᠠ᠎ᠶ᠋ᠢᠨ ᠰᠠᠢᠨ ᠳᠠᠯ᠎ᠠ᠎ᠶ᠋ᠢ ᠬᠦᠷᠳᠡᠭ᠌ᠰᠡᠨ ᠪᠠᠢᠯ᠎ᠠ᠃

ᠪᠠ ᠰᠢ ᠨᠠᠰᠣᠳᠠᠨ ᠠᠷᠠᠳ ᠲᠦᠮᠡᠨ᠎ᠢ ᠲᠡᠬᠡᠳᠤᠯᠡᠬᠦ᠂ ᠠᠷᠠᠳ ᠲᠦᠮᠡᠨ᠎ᠳᠤ ᠲᠦᠱᠢᠭ᠌ᠯᠡᠬᠦ᠂ ᠠᠷᠠᠳ ᠲᠦᠮᠡᠨ᠎ᠳᠤ ᠲᠠᠰᠤᠷᠠᠯᠳᠡ ᠦᠬᠡᠢ ᠪᠤᠶᠠᠨ ᠦᠢᠯᠡᠳᠬᠦ᠂ ᠠᠷᠠᠳ ᠲᠦᠮᠡᠨ᠎ᠤ ᠲᠤᠮᠳᠠ ᠪᠠᠳᠤ ᠦᠨᠳᠦᠰᠦᠯᠡᠬᠦ᠌᠎ᠶ᠋ᠢ ᠡᠷᠬᠡᠪᠰᠢ ᠪᠠᠷᠢᠮᠳᠠᠯᠠᠬᠤ᠎ᠶ᠋ᠢ ᠦᠢᠯᠡᠳᠣᠯᠭᠡ᠎ᠪᠠᠷ ᠭᠡᠷᠡᠴᠢᠯᠡᠭ᠌ᠰᠡᠨ ᠠᠬᠠᠮᠠᠳ ᠨᠠᠮ᠎ᠤᠨ ᠭᠡᠱᠢᠬᠦᠨ᠂ ᠨᠠᠰᠤᠨ ᠲᠤᠷᠱᠢᠲᠠ ᠨᠠᠮ᠎ᠢᠶᠠᠨ ᠬᠠᠢᠷᠠᠯᠠᠨ ᠠᠵᠢᠯ᠎ᠢᠶᠠᠨ ᠲᠡᠭᠡᠳᠦᠯᠡᠵᠦ᠍ ᠢᠷᠡᠭ᠌ᠰᠡᠨ ᠡᠷᠬᠢᠮ ᠨᠠᠨᠳᠢᠨ ᠤᠪᠤᠷ ᠰᠤᠷᠲᠠᠯ᠎ᠨᠢ ᠬᠤᠣᠯᠢᠨ ᠭᠤᠣᠯ᠎ᠤᠨ ᠬᠦᠬᠦᠷᠭᠡ ᠱᠢᠭ ᠬᠦᠱᠢᠶ᠎ᠡ ᠳᠣᠷᠠᠰᠭᠠᠯ ᠪᠣᠯᠵᠦ᠍᠂ ᠬᠦᠭᠡᠮᠳᠦᠭ ᠨᠣᠳᠤᠭ᠎ᠤᠨ ᠠᠯᠳᠠᠭᠠᠨ᠎ᠠ ᠱᠢᠬ ᠦᠶ᠎ᠡ᠎ᠶ᠋ᠢᠨ ᠦᠶ᠎ᠡ ᠣᠯᠠᠮᠵᠢᠯᠠᠬ᠍ᠳᠠᠨ ᠶᠠᠷᠢᠬ᠍ᠳᠠᠬᠤ᠎ᠨᠢ ᠯᠠᠪᠳᠠᠢ ᠶᠤᠮ ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号