ᠠᠵᠢᠯᠴᠢ ᠬᠤᠶᠠᠷ ᠭᠠᠷ᠎ᠢᠶᠠᠷ᠎ᠢᠶᠠᠨ ᠠᠮᠢᠳᠤᠷᠠᠯ᠎ᠤᠨ ᠰᠠᠢᠬᠠᠨ᠎ᠢ ᠴᠤᠬ᠍ᠴᠠᠯᠠᠨ᠎ᠠ
2021-09-06 08:41:56
ᠵᠣᠬᠢᠶᠠᠭ᠍ᠴᠢ᠄
ᠬᠦᠷᠡᠯ
ᠣᠩᠱᠢᠭ᠍ᠰᠠᠨ ᠣᠳᠠᠭ᠎ᠠ᠄
★★★☆☆

《ᠤᠢ᠍ᠢᠷ᠎ᠠ᠎ᠶ᠋ᠢᠨ ᠬᠡᠳᠦᠨ ᠵᠢᠯ᠎ᠤᠨ ᠮᠠᠨ᠎ᠤ ᠭᠠᠴᠠᠭᠠᠨ᠎ᠤ ᠡᠮᠡᠭ᠌ᠳᠡᠢᠴᠤᠳ᠎ᠤᠨ ᠡᠯ᠎ᠠ ᠵᠦᠢᠯ᠎ᠤᠨ ᠠᠵᠢᠯᠯᠠᠭ᠎ᠠ ᠢᠳᠡᠪᠬᠢᠳᠡᠢ ᠶᠠᠪᠤᠬ᠍ᠳᠠᠵᠤ᠂ ᠦᠢᠯᠡᠳᠪᠦᠷᠢᠯᠡᠯ ᠠᠮᠢᠳᠤᠷᠠᠯ ᠡᠯ᠎ᠠ ᠲᠠᠯ᠎ᠠ᠎ᠪᠠᠷ ᠢᠯᠡᠷᠬᠡᠢ ᠬᠤᠪᠢᠷᠠᠯᠳᠠ ᠭᠠᠷᠴᠤ᠌ ᠪᠠᠢᠭ᠎ᠠ᠎ᠨᠢ ᠰᠤᠶᠤᠯᠴᠡᠴᠡᠭ ᠡᠬᠡᠴᠢ᠎ᠶ᠋ᠢᠨ ᠬᠤᠯᠪᠤᠭ᠎ᠠ ᠰᠦᠯᠵᠢᠶ᠎ᠠ ᠪᠠᠢᠭᠤᠯᠤᠨ ᠰᠠᠢᠳᠤᠷ ᠤᠬᠠᠭᠤᠯᠭ᠎ᠠ ᠬᠢᠭ᠌ᠰᠡᠨ ᠪᠠ ᠡᠯ᠎ᠠ ᠵᠦᠢᠯ᠎ᠤᠨ ᠠᠵᠢᠯᠯᠠᠭ᠎ᠠ᠎ᠶ᠋ᠢ ᠵᠤᠬᠢᠶᠠᠨ ᠪᠠᠢᠭᠤᠯᠵᠤ ᠦᠷᠨᠢᠬᠦᠯᠦᠭ᠌ᠰᠡᠨ᠎ᠲᠠᠢ ᠨᠢᠬ᠍ᠳᠠ ᠬᠠᠷᠢᠴᠠᠭ᠎ᠠ᠎ᠲᠠᠢ》 ᠬᠡᠵᠤ ᠪᠠᠷᠠᠭᠤᠨ ᠦᠵᠦᠮᠦᠴᠢᠨ ᠬᠤᠱᠢᠭᠤᠨ᠎ᠤ ᠵᠢᠷ᠎ᠤᠨ ᠭᠤᠤᠯ ᠪᠠᠯᠭᠠᠰᠤᠨ᠎ᠤ ᠪᠠᠶᠠᠨᠴᠡᠩᠬᠡᠯ ᠭᠠᠴᠠᠭᠠᠨ᠎ᠤ ᠮᠠᠯᠴᠢᠨ ᠪᠦᠰᠡᠬᠦᠢ ᠰᠠᠷᠠᠨᠳᠤᠶᠠᠭ᠎ᠠ ᠬᠡᠯᠡᠨ᠎ᠠ᠃

ᠲᠡᠬᠡᠪᠡᠯ ᠰᠤᠶᠤᠯᠴᠡᠴᠡᠭ ᠬᠡᠭ᠌ᠴᠢ ᠬᠡᠨ ᠪᠤᠯᠪᠠ? ᠦᠢᠷ᠎ᠠ᠎ᠳᠤ ᠪᠢᠳᠡ ᠬᠦᠳᠡᠭᠡ ᠪᠠᠭᠤᠵᠤ ᠰᠤᠷᠪᠤᠯᠵᠢᠯᠠᠬᠤ ᠲᠠᠱᠢᠷᠠᠮ᠎ᠳᠤ ᠲᠡᠬᠦᠨ᠎ᠤ ᠬᠡᠷ᠎ᠲᠤᠨᠢ ᠬᠦᠷᠴᠤ᠌ ᠪᠢᠯᠡ᠃ ᠡᠨᠡ ᠵᠢᠯ ᠲᠠᠪᠢᠨ ᠲᠠᠪᠤᠳᠠᠢ ᠰᠤᠶᠤᠯᠴᠡᠴᠡᠭ᠎ᠤᠨ ᠬᠡᠦᠬᠡᠳ᠎ᠨᠢ ᠪᠦᠷ ᠬᠤᠷᠢᠮᠯᠠᠵᠤ ᠠᠰᠳᠠᠭᠠᠨ ᠬᠡᠷ ᠪᠦᠯᠢ ᠪᠤᠯᠵᠤ ᠠᠮᠢᠳᠤᠷᠠᠬ᠍ᠰᠠᠨ᠎ᠠᠴᠠ ᠤᠳᠤ ᠲᠡᠷᠡ ᠡᠷᠡᠭ᠌ᠳᠡᠢ ᠨᠦᠬᠦᠷ᠎ᠲᠠᠢ᠎ᠪᠠᠨ ᠬᠤᠶᠠᠭᠤᠯᠠ᠎ᠪᠠᠨ ᠬᠦᠳᠡᠭᠡ ᠬᠡᠷ᠎ᠲᠡᠭᠡᠨ ᠰᠠᠭᠤᠵᠤ᠂ 3000 ᠭᠠᠷᠤᠢ ᠮᠦ᠍ ᠨᠤᠳᠤᠬ ᠲᠡᠬᠡᠷ᠎ᠠ᠎ᠪᠠᠨ 50 ᠦᠬᠡᠷ᠂ 200 ᠱᠢᠬᠠᠮ ᠬᠤᠨᠢ ᠮᠠᠯᠵᠢᠵᠤ᠂ ᠪᠦᠬᠦ᠌ ᠤᠷᠤᠯᠭ᠎ᠠ᠎ᠨᠢ ᠵᠢᠯ᠎ᠳᠤ 20 — 30 ᠲᠦᠮᠡᠨ ᠲᠦᠬᠦᠷᠢᠭ᠎ᠲᠤ ᠬᠦᠷᠴᠤ᠌ ᠪᠠᠢᠨ᠎ᠠ᠃ ᠰᠤᠶᠤᠯᠴᠡᠴᠡᠭ 1983 ᠤᠨ᠎ᠳᠤ ᠱᠢᠯᠢ᠎ᠶ᠋ᠢᠨ ᠭᠤᠤᠯ ᠠᠢᠮᠠᠬ᠎ᠤᠨ ᠮᠤᠩᠭᠤᠯ ᠲᠤᠮᠳᠠᠳᠤ ᠰᠤᠷᠭᠠᠭᠤᠯᠢ᠎ᠠᠴᠠ ᠲᠡᠬᠦᠰᠴᠤ᠌᠂ ᠨᠤᠳᠤᠬ᠎ᠲᠠᠭᠠᠨ ᠪᠤᠴᠠᠵᠤ ᠮᠠᠯᠴᠢᠨ ᠪᠤᠯᠤᠬ᠍ᠰᠠᠨ ᠪᠦᠬᠡᠳ ᠤᠳᠠᠯ ᠦᠬᠡᠢ ᠠᠢᠯ ᠬᠡᠷ ᠪᠤᠰᠭᠠᠵᠤ᠂ ᠬᠠᠳᠠᠭᠤ ᠪᠡᠷᠬᠡ ᠠᠮᠢᠳᠤᠷᠠᠯ᠎ᠤᠨ ᠤᠷᠳᠤ ᠠᠶᠠᠨ᠎ᠳᠤ ᠬᠡᠦᠬᠡᠳ ᠦᠷ᠎ᠠ᠎ᠪᠠᠨ ᠰᠤᠷᠭᠠᠭᠤᠯᠢ ᠰᠤᠶᠤᠯ᠎ᠤᠨ ᠮᠦᠷ ᠬᠦᠬᠡᠬᠡᠯᠬᠡᠵᠤ᠂ ᠭᠠᠷ᠎ᠢ᠎ᠨᠢ ᠭᠠᠨᠵᠤᠭᠠᠨ᠎ᠳᠤ ᠬᠦᠯ᠎ᠢ᠎ᠨᠢ ᠲᠦᠷᠦᠬᠡᠨ᠎ᠳᠤ ᠬᠦᠷᠬᠡᠪᠡ᠃ ᠤᠢ᠍ᠢᠷ᠎ᠠ᠎ᠶ᠋ᠢᠨ ᠵᠢᠯ᠎ᠳᠤ ᠲᠡᠷᠡ ᠮᠠᠯᠵᠢᠬᠤ ᠤᠷᠤᠨ᠎ᠤ ᠡᠮᠡᠭ᠌ᠳᠡᠢᠴᠤᠳ ᠦᠨᠢᠶ᠎ᠠ ᠮᠠᠯ᠎ᠢᠶᠠᠨ ᠰᠠᠭᠠᠬᠤ ᠦᠬᠡᠢ᠂ ᠴᠠᠭᠠᠨ ᠢᠳᠡᠭᠡ ᠬᠢᠬᠦ᠌ ᠦᠬᠡᠢ᠂ ᠵᠦᠪᠬᠡᠨ ᠬᠤᠳᠠ ᠤᠷᠤᠵᠤ ᠪᠡᠯᠡᠨ᠎ᠢ ᠬᠤᠳᠠᠯᠳᠤᠨ ᠠᠪᠬᠤ ᠪᠤᠯᠤᠬ᠍ᠰᠠᠨ ᠪᠦᠬᠡᠳ ᠮᠠᠯᠵᠢᠬᠤ ᠰᠤᠶᠤᠯ ᠪᠠ ᠤᠯᠠᠮᠵᠢᠯᠠᠯᠳᠤ ᠵᠠᠩ ᠦᠢᠯᠡ ᠬᠡᠭᠡᠭ᠌ᠳᠡᠵᠤ ᠪᠠᠢᠭ᠎ᠠ᠎ᠶ᠋ᠢ ᠦᠵᠡᠬᠡᠳ ᠡᠬᠦᠨ᠎ᠤ ᠲᠦᠯᠦᠬᠡ ᠴᠢᠷᠮᠠᠢᠯᠭ᠎ᠠ ᠭᠠᠷᠭᠠᠬᠤ᠎ᠪᠠᠷ ᠵᠤᠷᠢᠬ ᠱᠢᠭᠤᠳᠴᠤ᠌᠂ ᠲᠤᠰ ᠭᠠᠴᠠᠭᠠᠨ᠎ᠤ 70 ᠱᠢᠬᠠᠮ ᠡᠮᠡᠭ᠌ᠳᠡᠢᠴᠤᠳ᠎ᠤᠨ ᠤᠷᠤᠯᠴᠠᠬ᠍ᠰᠠᠨ 《ᠤᠷ᠎ᠠ ᠰᠤᠶᠤᠯ》 ᠵᠢᠷᠬᠢᠶ᠎ᠠ᠎ᠶ᠋ᠢᠨ ᠬᠤᠯᠪᠤᠭ᠎ᠠ ᠪᠠᠢᠭᠤᠯᠵᠤ᠂ ᠬᠤᠯᠪᠤᠭᠠᠨ ᠲᠡᠬᠡᠷ᠎ᠠ᠎ᠪᠠᠨ ᠮᠠᠯᠵᠢᠬᠤ ᠤᠷᠤᠨ᠎ᠤ ᠡᠮᠡᠭ᠌ᠳᠡᠢᠴᠤᠳ ᠮᠠᠯᠵᠢᠬᠤ ᠰᠤᠶᠤᠯ᠎ᠢᠶᠠᠨ ᠲᠡᠬᠡᠳᠦᠯᠡᠵᠤ᠂ ᠦᠢᠯᠡᠳᠪᠦᠷᠢᠯᠡᠯ ᠠᠮᠢᠳᠤᠷᠠᠯ᠎ᠢᠶᠠᠨ ᠡᠵᠡᠩᠨᠡᠬᠦ᠂ ᠠᠬᠠᠱᠢᠷᠠᠭ᠎ᠠ ᠨᠠᠰᠤᠳᠠᠨ᠎ᠢᠶᠠᠨ ᠬᠦᠨᠳᠦᠯᠡᠵᠤ᠂ ᠠᠩᠭ᠎ᠠ ᠬᠡᠦᠬᠡᠳ᠎ᠢᠶᠠᠨ ᠬᠠᠢᠷᠠᠯᠠᠬᠤ᠂ ᠴᠡᠪᠡᠷ ᠴᠡᠮᠴᠡᠬᠡᠷ ᠬᠡᠷ ᠤᠷᠤᠨ᠎ᠢᠶᠠᠨ ᠪᠠᠢᠭᠤᠯᠬᠤ᠂ ᠦᠨᠢᠶ᠎ᠠ ᠮᠠᠯ᠎ᠢᠶᠠᠨ ᠦᠪᠡᠷ᠎ᠢᠶᠠᠨ ᠰᠠᠭᠠᠵᠤ ᠴᠠᠭᠠᠨ ᠢᠳᠡᠭᠡ ᠬᠢᠬᠦ᠂ ᠦᠵᠦᠮᠦᠴᠢᠨ ᠬᠤᠪᠴᠠᠰᠤ ᠵᠠᠰᠠᠯ᠎ᠢᠶᠠᠨ ᠤᠶᠤᠵᠤ ᠡᠮᠦᠰᠭᠦ ᠲᠤᠬᠠᠢ᠂ ᠤᠯᠠᠮᠵᠢᠯᠠᠯᠳᠤ ᠱᠢᠯᠢᠳᠡᠭ ᠵᠠᠩ ᠲᠠᠳᠭᠠᠯ᠎ᠢᠶᠠᠨ ᠦᠪᠯᠡᠨ ᠵᠠᠯᠭᠠᠮᠵᠢᠯᠠᠬᠤ ᠲᠤᠬᠠᠢ ᠵᠡᠷᠭᠡ ᠶᠤᠰᠤ ᠤᠴᠢᠷ᠎ᠢ ᠲᠠᠢᠯᠪᠤᠷᠢᠯᠠᠨ ᠶᠠᠷᠢᠵᠤ᠂ ᠤᠳᠭ᠎ᠠ ᠴᠢᠨᠠᠷ᠎ᠢ᠎ᠨᠢ ᠬᠦᠢᠴᠡᠳ ᠤᠬᠠᠭᠤᠯᠪᠠ᠃

ᠰᠤᠶᠤᠯᠴᠡᠴᠡᠭ ᠪᠠᠰᠠ ᠮᠠᠯᠵᠢᠬᠤ ᠦᠢᠯᠡᠳᠪᠦᠷᠢᠯᠡᠯ᠎ᠤᠨ ᠰᠤᠯᠠ ᠰᠡᠯᠡᠬᠦᠦ ᠴᠠᠬ᠎ᠢᠶᠠᠷ᠎ᠢᠶᠠᠨ 《ᠤᠷ᠎ᠠ ᠰᠤᠶᠤᠯ》 ᠬᠤᠯᠪᠤᠭᠠᠨ ᠲᠡᠬᠡᠷ᠎ᠠ᠎ᠪᠠᠨ ᠵᠢᠯ ᠪᠦᠷᠢ ᠨᠢᠬᠡ ᠤᠳᠠᠭ᠎ᠠ᠎ᠶ᠋ᠢᠨ ᠬᠤᠪᠴᠠᠰᠤ ᠵᠠᠰᠠᠯ᠎ᠤᠨ ᠠᠳᠠᠯᠢᠳᠭᠠᠨ ᠱᠢᠯᠭᠠᠷᠠᠭᠤᠯᠤᠯᠳᠠ ᠬᠢᠬᠦ᠂ ᠠᠷᠭᠠᠯ ᠬᠤᠷᠢᠶᠠᠬᠤ ᠤᠷᠤᠯᠳᠤᠭᠠᠨ᠂ ᠴᠠᠭᠠᠨ ᠢᠳᠡᠭᠡ ᠬᠢᠬᠦ᠌ ᠤᠷᠤᠯᠳᠤᠭᠠᠨ᠂ ᠭᠠᠷ ᠤᠷᠠᠯᠠᠯ᠎ᠤᠨ ᠤᠷᠤᠯᠳᠤᠭᠠᠨ ᠵᠡᠷᠭᠡ᠎ᠶ᠋ᠢ ᠦᠷᠨᠢᠬᠦᠯᠵᠤ᠂ ᠭᠠᠴᠠᠭᠠᠨ᠎ᠤ ᠦᠷᠬᠡᠨ ᠤᠯᠠᠨ ᠡᠮᠡᠭ᠌ᠳᠡᠢᠴᠤᠳ᠎ᠤᠨ ᠠᠵᠢᠯ᠎ᠤᠨ ᠴᠢᠯᠦᠬᠡᠨ᠎ᠤ ᠠᠮᠢᠳᠤᠷᠠᠯ᠎ᠢ ᠭᠦᠷ ᠬᠦᠭ᠌ᠵᠢᠶᠡᠨᠳᠡᠢ ᠪᠤᠯᠭᠠᠪᠠ᠃ ᠡᠬᠦᠨ᠎ᠤ ᠨᠦᠯᠦᠬᠡ᠎ᠪᠠᠷ ᠲᠤᠰ ᠭᠠᠴᠠᠭᠠᠨ᠎ᠤ ᠡᠮᠡᠭ᠌ᠳᠡᠢᠴᠤᠳ᠎ᠤᠨ ᠲᠤᠮᠳᠠ ᠨᠠᠰᠤᠳᠠᠨ᠎ᠢᠶᠠᠨ ᠬᠦᠨᠳᠦᠳᠭᠡᠵᠤ᠂ ᠨᠢᠯᠬ᠎ᠠ᠎ᠪᠠᠨ ᠬᠠᠢᠷᠠᠯᠠᠬᠤ᠂ ᠦᠪᠡᠷ᠎ᠢᠶᠠᠨ ᠦᠨᠢᠶ᠎ᠠ ᠰᠠᠭᠠᠵᠤ ᠴᠠᠭᠠᠨ ᠢᠳᠡᠭᠡ ᠬᠢᠬᠦ᠂ ᠠᠷᠭᠠᠯ ᠬᠦᠷᠵᠡᠩ᠎ᠢᠶᠠᠨ ᠴᠡᠪᠡᠷ ᠲᠡᠭ᠌ᠰᠢ ᠬᠤᠷᠢᠶᠠᠬᠤ᠂ ᠬᠤᠪᠴᠠᠰᠤ ᠲᠡᠷᠯᠢᠭ᠎ᠢᠶᠠᠨ ᠦᠪᠡᠷ᠎ᠢᠶᠠᠨ ᠤᠶᠤᠵᠤ ᠡᠮᠦᠰᠭᠦ᠂ ᠤᠯᠠᠮᠵᠢᠯᠠᠯᠳᠤ ᠭᠠᠷ ᠤᠷᠠᠯᠠᠯ᠎ᠢᠶᠠᠨ ᠬᠠᠮᠠᠭᠠᠯᠠᠵᠤ ᠬᠦᠭ᠌ᠵᠢᠬᠦᠯᠬᠦ᠌ ᠬᠦᠮᠦᠰ ᠤᠯᠠᠱᠢᠷᠠᠪᠠ᠃ ᠡᠨᠡ ᠬᠦ᠌ ᠰᠠᠭᠤᠷᠢᠨ ᠲᠡᠬᠡᠷ᠎ᠠ ᠰᠤᠶᠤᠯᠴᠡᠴᠡᠭ ᠦᠪᠡᠷ᠎ᠢᠶᠠᠨ ᠲᠠᠭᠤᠷᠢᠶᠠᠯ ᠦᠵᠡᠬᠦᠯᠵᠦ᠍᠂ ᠲᠡᠬᠡᠳᠦ ᠱᠠᠳᠤᠨ᠎ᠤ ᠡᠮᠡᠭ᠌ᠳᠡᠢᠴᠤᠳ᠎ᠤᠨ ᠵᠤᠬᠢᠶᠠᠨ ᠪᠠᠢᠭᠤᠯᠤᠯᠳᠠ᠎ᠠᠴᠠ ᠦᠷᠨᠢᠬᠦᠯᠦᠭ᠌ᠰᠡᠨ ᠤᠯᠠᠨ ᠤᠳᠠᠭ᠎ᠠ᠎ᠶ᠋ᠢᠨ ᠤᠷ᠎ᠠ ᠰᠤᠶᠤᠯ᠎ᠤᠨ ᠤᠷᠤᠯᠳᠤᠭᠠᠨ᠎ᠳᠤ ᠤᠷᠤᠯᠴᠠᠵᠤ ᠱᠢᠯᠢᠳᠡᠭ ᠬᠢᠷᠢ ᠪᠦᠲᠦᠮᠵᠢ ᠤᠯᠪᠠ᠃ ᠲᠡᠷᠡ ᠪᠠᠰᠠ ᠬᠤᠱᠢᠭᠤᠨ᠎ᠤ ᠡᠮᠡᠭ᠌ᠳᠡᠢᠴᠤᠳ᠎ᠤᠨ ᠬᠤᠯᠪᠤᠭ᠎ᠠ᠎ᠠᠴᠠ ᠵᠤᠬᠢᠶᠠᠨ ᠪᠠᠢᠭᠤᠯᠵᠤ ᠦᠨᠢᠷᠬᠦᠯᠦᠭ᠌ᠰᠡᠨ ᠭᠠᠷ ᠤᠷᠠᠯᠠᠯ᠎ᠤᠨ ᠤᠷᠤᠯᠳᠤᠭᠠᠨ᠎ᠳᠤ 《ᠭᠠᠷᠮᠠᠭᠠᠢ ᠤᠷᠠᠯᠠᠬ᠍ᠴᠢ》 ᠎ᠶ᠋ᠢᠨ ᠱᠠᠩᠨᠠᠯ ᠪᠠ ᠦᠵᠦᠮᠦᠴᠢᠨ ᠬᠤᠪᠴᠠᠰᠤ ᠵᠠᠰᠠᠯ᠎ᠤᠨ ᠤᠷᠤᠯᠳᠤᠭᠠᠨ᠎ᠤ ᠬᠤᠶᠠᠳᠤᠭᠠᠷ ᠲᠡᠰ᠎ᠤᠨ ᠱᠠᠩᠨᠠᠯ ᠭᠠᠷᠳᠠᠵᠠᠢ᠃ ᠪᠠᠰᠠ ᠱᠢᠯᠢ᠎ᠶ᠋ᠢᠨ ᠭᠤᠤᠯ᠎ᠤᠨ ᠡᠳᠦᠷ᠎ᠤᠨ ᠰᠤᠨᠢᠨ᠎ᠤ ᠡᠷᠬᠢᠯᠡᠭ᠌ᠰᠡᠨ ᠲᠡᠯᠡᠩ᠎ᠲᠠᠢ ᠠᠷᠭᠠᠯ᠎ᠤᠨ ᠤᠷᠤᠯᠳᠤᠭᠠᠨ᠎ᠳᠤ ᠬᠤᠶᠠᠳᠤᠭᠠᠷ ᠲᠡᠰ᠎ᠤᠨ ᠱᠠᠩᠨᠠᠯ ᠬᠦᠷᠳᠡᠵᠤ᠂ ᠵᠡᠬᠦᠨ ᠦᠵᠦᠮᠦᠴᠢᠨ ᠬᠤᠱᠢᠭᠤᠨ᠎ᠤ ᠡᠷᠬᠢᠯᠡᠭ᠌ᠰᠡᠨ ᠠᠷᠭᠠᠯ᠎ᠤᠨ ᠤᠷᠤᠯᠳᠤᠭᠠᠨ᠎ᠳᠤ ᠨᠢᠬᠡᠳᠦᠬᠡᠷ ᠲᠡᠰ᠎ᠤᠨ ᠱᠠᠩᠨᠠᠯ ᠬᠦᠷᠳᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号