ᠠᠨᠠᠭᠠᠬᠤ ᠤᠬᠠᠭᠠᠨ᠎ᠤ ᠡᠷᠳᠡᠨᠢᠰ᠎ᠤᠨ ᠰᠠᠩ᠎ᠢᠶᠠᠷ ᠠᠶᠠᠯᠠᠬᠤᠢ
2021-08-20 10:23:09
ᠵᠣᠬᠢᠶᠠᠭ᠍ᠴᠢ᠄
ᠠᠮᠤᠷ
ᠣᠩᠱᠢᠭ᠍ᠰᠠᠨ ᠣᠳᠠᠭ᠎ᠠ᠄
★★★☆☆

ᠮᠤᠩᠭᠤᠯ ᠠᠨᠠᠭᠠᠬᠤ ᠤᠬᠠᠭᠠᠨ᠎ᠤ ᠰᠤᠷᠪᠤᠯᠵᠢᠲᠤ ᠡᠷᠦᠬᠡ᠎ᠳᠤ ᠲᠦᠷᠦᠭ᠌ᠰᠡᠨ ᠡᠨᠡ ᠨᠠᠰᠤᠲᠠᠨ᠎ᠢ ᠡᠷᠳᠡᠨᠢᠸᠴᠢᠷ ᠭᠡᠳᠡᠭ᠃ ᠮᠤᠩᠭᠤᠯ ᠠᠨᠠᠭᠠᠬᠤ ᠤᠬᠠᠭᠠᠨ᠎ᠤ ᠦᠪ ᠰᠤᠶᠣᠯ᠎ᠢ ᠵᠠᠯᠭᠠᠮᠵᠢᠯᠠᠭᠠᠳ ᠲᠤᠯᠤᠲᠤᠭᠠᠷ ᠦᠶ᠎ᠡ ᠪᠤᠯᠵᠤ ᠪᠠᠢᠨ᠎ᠠ᠃ ᠡᠷᠳᠡᠨᠢᠸᠴᠢᠷ ᠨᠠᠰᠤᠲᠠᠨ ᠰᠤᠷᠪᠤᠯᠵᠢᠲᠤ ᠡᠷᠦᠬᠡ᠎ᠶ᠋ᠢᠨ ᠦᠷ᠎ᠡ ᠬᠤᠢᠴᠢᠰ ᠪᠤᠯᠤᠭ᠍ᠰᠠᠨ᠎ᠤ ᠬᠤᠪᠢ᠎ᠳᠤ ᠡᠮ ᠲᠠᠩ᠎ᠤᠨ ᠲᠤᠬᠠᠢ ᠡᠪᠦᠭᠡᠨᠴᠢᠷ ᠯᠠᠮᠠ ᠰᠦᠷᠬᠦᠮ᠎ᠠᠴᠠ ᠤᠯᠠᠮᠵᠢᠯᠠᠭ᠍ᠰᠠᠨ᠎ᠢᠶᠠᠨ ᠡᠢᠨ ᠬᠦ᠌ ᠬᠤᠪᠢᠶᠠᠯᠴᠠᠯ᠎ᠠ — 

ᠡᠬᠦᠨ᠎ᠢ ᠪᠤᠯ ᠡᠮ᠎ᠤᠨ ᠲᠦᠨ ᠭᠡᠳᠡᠭ᠂ ᠡᠮ᠎ᠤᠨ ᠬᠠᠯᠪᠠᠭ᠎ᠠ ᠪᠤᠶᠤ ᠬᠤᠳᠭᠤᠭᠤᠷ ᠭᠡᠬᠦ᠌ ᠲᠦᠪᠡᠳ ᠭᠠᠷᠣᠯ᠎ᠲᠠᠢ ᠦᠬᠡ᠃ ᠡᠮ᠎ᠤᠨ ᠬᠠᠯᠪᠠᠭᠠᠨ ᠳᠡᠭᠡᠷᠡᠬᠢ ᠱᠢᠬᠢᠳᠭᠡ᠎ᠨᠢ ᠰᠦᠮᠪᠦᠷ ᠠᠭᠤᠯᠠ᠎ᠶ᠋ᠢ ᠲᠦᠯᠦᠬᠡᠯᠡᠵᠤ ᠪᠠᠢᠳᠠᠭ᠂ ᠪᠠᠢᠭᠠᠯᠢ ᠶᠢᠷᠳᠢᠨᠴᠤ᠌ ᠪᠤᠯ ᠠᠷᠭ᠎ᠠ ᠪᠢᠯᠢᠭ ᠲᠠᠪᠤᠨ ᠮᠠᠬᠠᠪᠤᠳ᠎ᠢᠶᠠᠷ ᠪᠦᠷᠢᠯᠳᠦᠭ᠌ᠰᠡᠨ ᠤᠴᠢᠷ᠎ᠠᠴᠠ ᠡᠮ᠎ᠤᠨ ᠬᠠᠯᠪᠠᠭᠠᠨ᠎ᠤ ᠲᠡᠭᠡᠷ᠎ᠡ ᠲᠠᠯ᠎ᠠ᠎ᠳᠤ ᠨᠠᠷᠠ᠂ ᠰᠠᠷᠠ ᠪᠠᠢᠳᠠᠭ᠎ᠨᠢ ᠠᠷᠭ᠎ᠠ ᠪᠢᠯᠢᠭ᠎ᠢ ᠪᠡᠯᠭᠡᠳᠡᠵᠤ ᠪᠠᠢᠳᠠᠭ ᠤᠬᠠᠭᠠᠨ᠎ᠲᠠᠢ᠂ ᠪᠠᠰᠠ ᠲᠤᠯᠤᠭᠠᠨ ᠪᠤᠷᠬᠠᠳ᠎ᠤᠨ ᠲᠤᠯᠤᠭᠠᠨ ᠤᠳᠤ ᠱᠢᠬᠢᠳᠭᠡᠭ᠌ᠰᠡᠨ ᠪᠠᠢᠳᠠᠭ᠂ ᠬᠦᠮᠦᠨ ᠮᠠᠯ᠎ᠤᠨ ᠪᠤᠶᠠᠨ ᠬᠡᠱᠢᠭ᠂ ᠬᠤᠪᠢ ᠵᠠᠶᠠᠭ᠎ᠠ᠂ ᠠᠴᠢᠷ ᠦᠷ᠎ᠡ᠎ᠶ᠋ᠢ ᠪᠦᠷ ᠲᠤᠯᠤᠭᠠᠨ ᠪᠤᠷᠬᠠᠳ᠎ᠠᠴᠠ ᠦᠭ᠌ᠴᠦ ᠪᠠᠢᠳᠠᠭ᠂ ᠪᠤᠯᠬᠤᠷ ᠤᠷᠳᠤᠰ᠎ᠲᠤ ᠲᠤᠯᠤᠭᠠᠨ ᠪᠤᠷᠬᠠᠳ᠎ᠢ ᠲᠠᠬᠢᠬᠤ ᠪᠤᠯ ᠪᠠᠰᠠ ᠨᠢᠬᠡᠨ ᠤᠨᠴᠠᠭᠠᠢ ᠰᠤᠶᠤᠯ ᠪᠤᠯᠳᠠᠭ᠃ ᠡᠮ᠎ᠤᠨ ᠬᠠᠯᠪᠠᠭᠠᠨ ᠲᠡᠭᠡᠷ᠎ᠡ ᠭᠤᠷᠪᠠᠨ ᠮᠠᠷᠠᠯ ᠬᠡᠵᠤ ᠭᠤᠷᠪᠠᠨ ᠤᠳᠤ ᠪᠤᠢ᠃ ᠡᠨᠡ᠎ᠨᠢ ᠭᠤᠷᠪᠠᠨ ᠮᠠᠬᠠᠪᠤᠳ᠎ᠢ ᠲᠦᠯᠦᠬᠡᠯᠡᠵᠤ ᠪᠠᠢᠳᠠᠭ᠃ ᠬᠡᠢ᠂ ᠱᠢᠷ᠎ᠠ᠂ ᠪᠠᠳᠭᠠᠨ᠎ᠨᠢ ᠲᠡᠩᠴᠡᠭᠦᠷᠢᠲᠡᠢ ᠪᠠᠢᠪᠠᠯ ᠭᠤᠷᠪᠠᠨ ᠮᠠᠬᠠᠪᠤᠳ ᠪᠤᠯᠤᠭᠠᠳ ᠱᠢᠮ᠎ᠡ ᠲᠡᠵᠢᠬᠡᠯ ᠪᠤᠯᠴᠢᠬᠠᠳᠠᠭ᠂ ᠨᠢᠬᠡ᠎ᠨᠢ ᠬᠤᠤᠷᠯᠠᠵᠤ ᠪᠤᠰᠤᠳ᠎ᠨᠢ ᠬᠤᠭᠤᠰᠤᠳᠠᠵᠤ ᠬᠢᠮᠤᠷᠠᠬᠤ᠎ᠳᠤ ᠲᠤᠯᠪᠠᠯ ᠭᠤᠷᠪᠠᠨ ᠭᠡᠮ ᠪᠤᠯᠴᠢᠬᠠᠳᠠᠭ᠃ ᠵᠢᠷᠭᠤᠭᠠᠨ ᠮᠡᠴᠢᠳ᠎ᠨᠢ ᠡᠮ᠎ᠤᠨ ᠵᠢᠷᠭᠤᠭᠠᠨ ᠠᠮᠲᠠ ᠨᠠᠢ᠍ᠮᠠᠨ ᠴᠢᠳᠠᠯ᠎ᠢ ᠲᠦᠯᠦᠬᠡᠯᠡᠵᠦ᠍᠂ ᠠᠮᠳᠠᠯᠢᠭ᠂ ᠢᠰᠭᠦᠯᠡᠩ᠂ ᠳᠠᠪᠤᠰᠤᠯᠢᠭ᠂ ᠭᠠᠱᠢᠭᠤᠨ᠂ ᠭᠤᠱᠢᠭᠤᠨ᠂ ᠡᠬᠡᠭᠦᠨ ᠭᠡᠬᠦ᠌ ᠵᠢᠷᠭᠤᠭᠠᠨ ᠠᠮᠳᠠ᠎ᠶ᠋ᠢ ᠪᠡᠯᠭᠡᠳᠡᠵᠤ ᠪᠠᠢᠳᠠᠭ᠃ 


QQ图片20210820093742.png


ᠢᠩᠬᠢᠭᠡᠳ ᠲᠤᠯᠤᠭᠠᠨ ᠪᠤᠷᠬᠠᠳ ᠭᠤᠷᠪᠠᠨ ᠮᠠᠷᠠᠯ ᠵᠢᠷᠭᠤᠭᠠᠨ ᠮᠡᠴᠢᠳ᠎ᠲᠠᠢ᠎ᠪᠠᠨ ᠠᠷᠪᠠᠨ ᠵᠢᠷᠭᠤᠭᠠᠨ ᠤᠳᠤ᠃ ᠡᠨᠡ ᠠᠷᠪᠠᠨ ᠵᠢᠷᠭᠤᠭᠠᠨ ᠤᠳᠤ ᠪᠤᠯ ᠲᠡᠩᠨᠡᠬᠦᠷ᠎ᠤᠨ ᠬᠤᠪᠢ᠎ᠳᠤ ᠤᠷᠤᠭ᠍ᠰᠠᠨ ᠪᠠᠢᠭ᠎ᠠ ᠶᠤᠮ᠂ ᠬᠠᠭᠤᠴᠢᠨ᠎ᠤ ᠮᠦᠩᠬᠦᠨ ᠲᠡᠩᠨᠡᠬᠦᠷ ᠪᠤᠯ ᠠᠷᠪᠠᠨ ᠵᠢᠷᠭᠤᠭᠠᠨ ᠯᠠᠩ᠎ᠢᠶᠠᠷ ᠪᠦᠷᠢᠳᠦᠭ᠌ᠰᠡᠨ ᠪᠠᠢᠳᠠᠭ᠃ ᠲᠡᠩᠨᠡᠬᠦᠷ᠎ᠤᠨ ᠮᠤᠲᠤ ᠬᠤᠳᠦ᠋ᠢᠵᠤ ᠪᠤᠯᠬᠤ ᠦᠬᠡᠢ᠃ ᠬᠦᠮᠦᠨ᠎ᠳᠤ ᠶᠠᠭᠤᠮ᠎ᠠ ᠲᠤᠲᠠᠭᠤ ᠦᠭ᠌ᠴᠦ ᠪᠤᠯᠬᠤ ᠦᠬᠡᠢ᠃ ᠲᠡᠭᠡᠬᠦᠯᠡᠷ ᠡᠮᠴᠢ ᠬᠦᠮᠦᠨ ᠪᠤᠯ ᠡᠪᠡᠳᠴᠢᠨ ᠦᠵᠡᠬᠦ᠌᠎ᠳᠡᠭᠡᠨ ᠲᠡᠩᠨᠡᠬᠦᠷ᠎ᠤᠨ ᠮᠤᠲᠤ ᠮᠡᠳᠤ ᠲᠡᠭ᠌ᠰᠢ ᠪᠠᠢᠳᠠᠭ᠂ ᠬᠦᠮᠦᠨ᠎ᠤ ᠦᠪᠡᠷ᠎ᠤᠨ ᠭᠡᠵᠤ ᠢᠯᠭᠠᠬᠤ ᠦᠬᠡᠢ᠂ ᠪᠠᠶᠠᠨ ᠶᠠᠳᠠᠭᠤ᠂ ᠵᠡᠷᠬᠡ ᠬᠡᠷᠬᠡᠮ ᠭᠡᠵᠦ᠍ ᠢᠯᠭᠠᠬᠤ ᠦᠬᠡᠢ ᠪᠦᠷ ᠠᠪ ᠠᠳᠠᠯᠢᠬᠠᠨ ᠦᠵᠡᠨ᠎ᠡ᠃ 

ᠡᠮ᠎ᠤᠨ ᠬᠠᠯᠪᠠᠭᠠᠨ ᠲᠡᠭᠡᠷ᠎ᠡ ᠪᠠᠰᠠ ᠲᠠᠤᠯᠠᠢ ᠪᠠᠢᠳᠠᠭ᠂ ᠮᠤᠩᠭᠤᠯ ᠠᠨᠠᠭᠠᠬᠤ ᠤᠬᠠᠭᠠᠨ᠎ᠳᠤ ᠲᠦᠷᠪᠡᠨ ᠵᠠᠭᠤᠨ ᠲᠦᠷᠪᠡᠨ ᠵᠦᠢᠯ᠎ᠤᠨ ᠡᠪᠡᠳᠴᠢᠨ ᠬᠡᠵᠦ᠍ ᠬᠡᠯᠡᠨ᠎ᠡ᠂ ᠭᠤᠷᠪᠠᠨ ᠵᠠᠭᠤᠨ ᠭᠤᠷᠪᠠ᠎ᠨᠢ ᠪᠤᠯ ᠡᠪᠡᠳᠴᠢᠨ᠂ ᠨᠢᠬᠡ ᠵᠠᠭᠤ ᠨᠢᠬᠡ᠎ᠨᠢ ᠪᠤᠯ ᠠᠳᠠ᠂ ᠲᠠᠤᠯᠠᠢ ᠪᠤᠯ ᠵᠠᠭᠤᠨ ᠵᠦᠢᠯ᠎ᠤᠨ ᠡᠪᠡᠰᠦᠨ᠎ᠤ ᠦᠨᠳᠤᠰᠦ᠎ᠶ᠋ᠢ ᠮᠠᠯᠲᠠᠵᠤ ᠢᠳᠡᠳᠡᠭ᠂ ᠡᠮᠴᠢ ᠪᠤᠯ ᠲᠦᠷᠪᠡᠨ ᠵᠠᠭᠤᠨ ᠲᠦᠷᠪᠡᠨ ᠵᠦᠢᠯ᠎ᠤᠨ ᠡᠪᠡᠳᠴᠢᠨ᠎ᠢ ᠲᠠᠤᠯᠠᠢ ᠡᠪᠡᠰᠦᠨ ᠦᠨᠳᠦᠰᠦ ᠲᠠᠰᠤᠯᠬᠤ ᠮᠡᠲᠤ ᠡᠮᠨᠡᠵᠤ ᠡᠳᠡᠭᠡᠳᠡᠭ ᠬᠡᠵᠦ᠍ ᠦᠵᠡᠳᠡᠭ᠃ 

ᠡᠮ᠎ᠤᠨ ᠬᠠᠯᠪᠠᠭᠠᠨ ᠲᠡᠭᠡᠷ᠎ᠡ ᠰᠦᠨ ᠳᠠᠯᠠᠢ ᠬᠡᠵᠦ᠍ ᠪᠠᠢᠳᠠᠭ᠂ ᠶᠡᠷᠦ᠎ᠨᠢ ᠡᠮ᠎ᠢ ᠷᠠᠱᠢᠶᠠᠨ ᠬᠡᠵᠦ᠍ ᠬᠡᠯᠡᠳᠡᠭ᠂ ᠷᠠᠱᠢᠶᠠᠨ ᠤᠰᠤ ᠪᠤᠯ ᠲᠠᠯᠠᠢ ᠮᠡᠳᠦ ᠬᠦᠨ᠂ ᠬᠦᠨ ᠲᠠᠯᠠᠢ ᠪᠤᠯ ᠬᠦᠮᠦᠨ ᠤᠤᠭᠤᠭᠠᠳ ᠪᠠᠷᠠᠬᠤ ᠦᠬᠡᠢ ᠵᠠᠷᠤᠭᠠᠳ ᠪᠠᠷᠠᠬᠤ ᠦᠬᠡᠢ ᠠᠷᠪᠢᠨ᠃ ᠨᠢᠬᠡ ᠡᠮᠴᠢ᠎ᠶ᠋ᠢᠨ ᠬᠤᠪᠢ᠎ᠳᠤ ᠠᠪᠴᠦ᠍ ᠬᠡᠯᠡᠪᠡᠯ ᠨᠢᠬᠡ ᠨᠠᠰᠤᠨ᠎ᠳᠠᠭᠠᠨ ᠡᠮ ᠪᠠᠷᠢᠵᠤ ᠪᠠᠢᠭᠠᠳ ᠨᠠᠰᠤ ᠪᠠᠷᠠᠪᠠᠯ ᠲᠠᠰᠣᠷᠠᠴᠢᠬᠠᠳᠠᠭ᠂ ᠭᠡᠳᠡᠯ᠎ᠡ ᠮᠤᠩᠭᠤᠯ ᠠᠨᠠᠭᠠᠬᠤ ᠤᠬᠠᠭᠠᠨ ᠪᠤᠯ ᠰᠦᠨ ᠲᠠᠯᠠᠢ ᠮᠡᠳᠤ ᠨᠢᠬᠡ ᠬᠦᠮᠦᠨ᠎ᠨᠢ ᠦᠩᠭᠡᠷᠡᠭ᠌ᠰᠡᠨ ᠴᠤ᠌ ᠴᠢᠨᠠᠭ᠍ᠰᠢ ᠵᠠᠯᠭᠠᠭᠠᠳ ᠶᠠᠪᠤᠳᠠᠭ᠃

ᠡᠮ᠎ᠤᠨ ᠬᠠᠯᠪᠠᠭᠠᠨ ᠲᠡᠭᠡᠷᠡᠬᠢ ᠲᠡᠩᠭᠡᠯᠢᠭ᠎ᠨᠢ ᠲᠠᠯᠡᠬᠡᠢ᠎ᠶ᠋ᠢᠨ ᠪᠦᠮᠪᠦᠷᠴᠡᠭ᠎ᠢ ᠪᠡᠯᠭᠡᠱᠢᠶᠡᠵᠦ᠍ ᠪᠠᠢᠳᠠᠭ᠃ ᠲᠡᠯᠡᠬᠡᠢ᠎ᠶ᠋ᠢᠨ ᠪᠦᠮᠪᠦᠷᠴᠡᠭ ᠪᠤᠯ ᠪᠦᠬᠡᠷᠡᠩᠬᠡᠢ ᠲᠤᠭᠤᠢ᠂ ᠡᠬᠦᠨ᠎ᠠᠴᠠ ᠲᠠᠪᠤᠨ ᠦᠩᠭᠡ᠎ᠶ᠋ᠢᠨ ᠰᠠᠴᠤᠭ ᠤᠶᠠᠵᠤ ᠪᠠᠢᠳᠠᠭ᠂ ᠡᠨᠡ ᠲᠠᠪᠤᠨ ᠦᠩᠭᠡ᠎ᠶ᠋ᠢᠨ ᠰᠠᠴᠤᠭ᠎ᠨᠢ ᠠᠷᠭ᠎ᠠ ᠪᠢᠯᠢᠭ ᠲᠠᠪᠤᠨ ᠮᠠᠬᠠᠪᠤᠳ᠎ᠢ ᠲᠦᠯᠦᠬᠡᠯᠡᠵᠤ ᠪᠠᠢᠳᠠᠭ᠂ ᠭᠠᠯ᠂ ᠱᠢᠷᠤᠢ᠂ ᠲᠡᠮᠦᠷ᠂ ᠮᠤᠲᠤ᠌᠂ ᠣᠰᠣ ᠬᠡᠬᠦ᠌ ᠲᠠᠪᠤᠨ ᠮᠠᠬᠠᠪᠤᠳ᠂ ᠪᠠᠢᠭᠠᠯᠢ ᠶᠢᠷᠳᠢᠨᠴᠦ᠍ ᠲᠠᠪᠤᠨ ᠮᠠᠬᠠᠪᠤᠳ᠎ᠢᠶᠠᠷ ᠪᠦᠳᠦᠯ᠎ᠡ ᠬᠡᠳᠡᠭ᠃ ᠲᠠᠬᠢᠭᠠᠳ ᠡᠨᠡ ᠤᠭᠤᠰᠤᠷ᠎ᠨᠢ ᠬᠤᠶᠠᠷᠮᠤᠰᠦᠨ᠎ᠢᠶᠠᠷ  ᠲᠡᠩᠭᠡᠯᠢᠭ ᠪᠤᠯᠤᠨ ᠰᠠᠴᠤᠭ᠎ᠢᠶᠠᠨ ᠬᠤᠯᠪᠤᠵᠤ ᠪᠠᠢᠳᠠᠭ᠂ ᠡᠨᠡ᠎ᠨᠢ ᠮᠡᠳᠡᠬᠦ᠌ ᠦᠬᠡᠢ᠎ᠶ᠋ᠢᠨ ᠲᠦᠢᠳᠭᠡᠷ ᠪᠤᠯᠤᠨ ᠨᠢᠰᠸᠠᠨᠢᠰ᠎ᠤᠨ ᠲᠦᠢᠳᠭᠡᠷ ᠬᠡᠬᠦ᠌ ᠬᠤᠶᠠᠷ ᠲᠦᠢᠳᠭᠡᠷ᠎ᠢ ᠲᠠᠷᠤᠬᠤ ᠪᠡᠯᠭᠡᠳᠡᠯ᠎ᠲᠠᠢ᠃

ᠠᠨᠠᠭᠠᠬᠤ ᠤᠬᠠᠭᠠᠨ᠎ᠤ ᠤᠯᠠᠮᠵᠢᠯᠠᠯᠲᠤ ᠬᠦᠮᠦᠵᠢᠯ᠎ᠳᠤ ᠲᠢᠩᠬᠢᠮ᠎ᠤᠨ ᠰᠤᠷᠭᠠᠨ ᠬᠦᠮᠦᠵᠢᠯ᠎ᠢᠶᠠᠷ ᠤᠯᠠᠮᠵᠢᠯᠠᠬᠤ ᠪᠠ ᠱᠠᠪᠢᠯᠠᠨ ᠤᠯᠠᠮᠵᠢᠯᠠᠬᠤ ᠬᠡᠭᠦ᠌ ᠬᠤᠶᠠᠷ ᠵᠦᠢᠯ ᠪᠠᠢᠳᠠᠭ᠂ ᠲᠡᠭᠡᠪᠡᠯ ᠪᠠᠭ᠍ᠰᠢ ᠱᠢᠳᠦᠬᠦ᠌᠎ᠳᠤ ᠢᠵᠠᠭᠤᠷ᠎ᠤᠨ ᠪᠠᠭ᠍ᠰᠢ ᠪᠠ ᠦᠨᠳᠦᠰᠦᠨ ᠪᠠᠭ᠍ᠰᠢ ᠬᠡᠵᠦ᠍ ᠢᠯᠭᠠᠳᠠᠭ᠃ ᠢᠵᠠᠭᠤᠷ᠎ᠤᠨ ᠪᠠᠭ᠍ᠰᠢ ᠪᠤᠯ ᠠᠨᠠᠭᠠᠬᠤ ᠤᠬᠠᠭᠠᠨ᠎ᠢ ᠵᠢᠭᠠᠭ᠍ᠰᠠᠨ ᠪᠤᠶᠤ ᠲᠦᠪᠡᠳ ᠪᠢᠴᠢᠭ᠎ᠤᠨ 《ᠭᠠ》 ᠦᠰᠦᠭ᠎ᠢ ᠵᠢᠭᠠᠭ᠍ᠰᠠᠠ ᠬᠦᠮᠦᠨ᠎ᠢ ᠬᠡᠯᠡᠵᠤ᠂ ᠦᠨᠳᠦᠰᠦᠨ ᠪᠠᠭ᠍ᠰᠢ᠎ᠨᠢ ᠪᠤᠯ ᠵᠢᠱ᠌ᠢᠶᠡᠯᠡᠪᠡᠯ᠂ ᠮᠢᠨᠤ ᠪᠠᠭ᠍ᠰᠢ ᠦᠯᠵᠡᠢᠬᠤᠲᠤᠭ᠂ ᠦᠯᠵᠡᠢᠬᠤᠳᠤᠭ᠎ᠤᠨ ᠪᠠᠭ᠍ᠰᠢ ᠪᠤᠭ᠍ᠳᠠ ᠯᠠᠮᠠ ᠬᠡᠬᠦ᠌ ᠮᠡᠲᠤ᠎ᠪᠠᠷ ᠴᠢᠨᠠᠭ᠍ᠰᠢᠯᠠᠭᠠᠳ ᠤᠲᠠᠴᠢ ᠪᠤᠷᠬᠠᠨ ᠬᠦᠷᠲᠡᠯ᠎ᠡ ᠬᠡᠳᠦᠨ ᠮᠢᠩᠭᠠᠨ ᠵᠢᠯ᠎ᠢᠶᠠᠷ ᠤᠯᠠᠮᠵᠢᠯᠠᠭᠠᠳ ᠲᠠᠰᠤᠷᠠᠳᠠᠭ ᠦᠬᠡᠢ᠂ ᠡᠨᠡ᠎ᠨᠢ ᠦᠨᠳᠦᠰᠦ ᠱᠢᠭ ᠤᠯᠠᠮ ᠲᠤᠷᠤᠭ᠍ᠰᠢ ᠶᠠᠪᠤᠬᠤ᠎ᠳᠤ ᠤᠯᠠᠮ ᠬᠦᠴᠦᠲᠡᠢ ᠬᠡᠬᠦᠴᠢᠯᠡᠨ ᠤᠯᠠᠮᠵᠢᠯᠠᠬᠤ᠎ᠶ᠋ᠢᠨ ᠤᠨᠴᠠᠯᠢᠭ᠎ᠲᠠᠢ ᠪᠠᠢᠳᠠᠭ᠃ 


QQ图片20210820100145.png


ᠮᠤᠩᠭᠤᠯ ᠡᠮ ᠪᠤᠯ ᠦᠭ᠌ᠯᠢᠬᠡ᠎ᠲᠠᠢ ᠡᠮ ᠬᠡᠵᠦ᠍ ᠬᠡᠯᠡᠳᠡᠭ᠂ ᠶᠠᠭᠠᠬᠢᠭᠠᠳ ᠬᠡᠪᠡᠯ ᠮᠤᠩᠭᠤᠯ ᠡᠮ᠎ᠢ ᠤᠤᠭᠤᠭ᠍ᠰᠠᠨ᠎ᠤ ᠲᠠᠷᠠᠭ᠎ᠠ ᠲᠤᠯᠤᠭᠠᠨ ᠬᠤᠨᠤᠭ ᠡᠮ᠎ᠨᠢ ᠴᠢᠰᠤᠨ᠎ᠳᠤᠨᠢ ᠬᠦᠶᠦᠵᠦ᠍ ᠪᠠᠢᠳᠠᠭ᠂ ᠲᠡᠬᠡᠬᠦᠯᠡᠷ ᠬᠦᠮᠦᠨ᠎ᠤ ᠲᠠᠮᠢᠷ ᠪᠦᠷᠢᠯᠳᠦᠬᠦ᠌᠎ᠳᠤ ᠲᠤᠩᠭᠠᠯᠠᠭ᠂ ᠮᠢᠬ᠎ᠠ᠂ ᠦᠬᠡᠬᠦ᠂ ᠴᠢᠮᠦᠭᠡ᠂ ᠶᠠᠰᠤ᠂ ᠲᠤᠰᠤᠯ ᠬᠡᠬᠦ᠌ ᠮᠡᠲᠤ᠎ᠪᠠᠷ ᠲᠤᠯᠤᠭᠠᠨ ᠡᠳᠦᠷ᠎ᠤᠨ ᠴᠠᠭ᠎ᠲᠤ ᠱᠢᠩᠭᠡᠵᠤ ᠪᠠᠢᠳᠠᠭ᠂ ᠡᠸᠦ᠋ᠷᠤᠫᠡ ᠡᠮ ᠪᠤᠯ ᠲᠦᠷᠪᠡ᠎ᠠᠴᠠ ᠨᠠᠢ᠍ᠮᠠᠨ ᠴᠠᠭ᠎ᠲᠤ ᠱᠢᠩᠭᠡᠭᠡᠳ ᠪᠠᠷᠠᠴᠢᠬᠠᠳᠠᠭ᠃ 

ᠡᠮ ᠪᠤᠭᠤᠬᠤ᠎ᠨᠢ ᠪᠠᠰᠠ ᠤᠴᠢᠷᠲᠠᠢ᠂ ᠪᠡᠯᠭᠡᠳᠡᠯ᠎ᠲᠠᠢ ᠪᠠᠢᠳᠠᠭ᠃ ᠡᠬᠦᠨ᠎ᠢ ᠡᠮ᠎ᠤᠨ ᠮᠠᠩᠬᠤᠭ ᠭᠡᠳᠡᠭ᠂ ᠮᠤᠩᠭᠤᠯᠴᠢᠯᠠᠪᠠᠯ ᠡᠮ᠎ᠤᠨ ᠤᠭᠤᠳᠠ ᠪᠤᠶᠤ ᠡᠮ᠎ᠤᠨ ᠲᠤᠯᠤᠮ ᠭᠡᠰᠡᠨ ᠤᠬᠠᠭᠠᠨᠲᠠᠢ᠂ ᠲᠡᠭᠡᠬᠦᠯᠡᠷ ᠵᠢᠷᠭᠤᠭᠠᠨ ᠠᠮᠲᠠ ᠨᠠᠢ᠍ᠮᠠᠨ ᠴᠢᠳᠠᠯ ᠬᠤᠷᠢᠨ ᠡᠷᠳᠡᠮ ᠲᠡᠬᠦᠰ ᠡᠮ᠎ᠢ ᠡᠬᠦᠨ᠎ᠤ ᠲᠤᠳᠤᠷ᠎ᠠ ᠰᠠᠪᠠᠯᠠᠵᠤ ᠪᠠᠢᠨ᠎ᠠ᠃ ᠡᠮ᠎ᠤᠨ ᠰᠠᠪᠠ ᠪᠤᠯ ᠬᠤᠳᠤᠭᠤᠲᠤ᠎ᠲᠠᠢ ᠠᠳᠠᠯᠢ᠂ ᠬᠦᠮᠦᠨ᠎ᠤ ᠬᠤᠲᠤᠭᠤᠲᠤ ᠭᠡᠳᠡᠭ ᠶᠠᠭᠤᠮ᠎ᠠ ᠪᠤᠯ ᠵᠢᠷᠭᠤᠭᠠᠨ ᠠᠮᠲᠠᠲᠤ ᠢᠳᠡᠭᠡᠨ᠎ᠢ ᠢᠳᠡᠭ᠌ᠰᠡᠨ᠎ᠤ ᠲᠠᠷᠠᠭ᠎ᠠ ᠬᠤᠲᠤᠭᠤᠲᠤᠨ᠎ᠳᠤ ᠬᠦᠷᠦᠭᠡᠳ ᠲᠤᠩᠭᠠᠯᠠᠭ᠎ᠢ ᠠᠪᠴᠤ᠌ ᠶᠢᠰᠦᠨ ᠰᠤᠳᠠᠯ᠎ᠢᠶᠠᠷ ᠡᠯᠢᠭᠡᠨ᠎ᠳᠤ ᠴᠢᠰᠤ ᠪᠤᠯᠤᠨ᠎ᠠ᠂ ᠴᠢᠰᠦ᠎ᠠᠴᠠ᠎ᠨᠢ ᠮᠢᠬ᠎ᠠ ᠪᠤᠯᠤᠨ᠎ᠠ᠂ ᠮᠢᠬ᠎ᠠ᠎ᠠᠴᠠ᠎ᠨᠢ ᠦᠬᠡᠬᠦ᠌ ᠪᠤᠯᠤᠨ᠎ᠠ᠂ ᠦᠬᠡᠬᠦ᠌᠎ᠠᠴᠠ ᠶᠠᠰᠤ᠂ ᠶᠠᠰᠤᠨ᠎ᠠᠴᠠ ᠴᠢᠮᠦᠭᠡ᠂ ᠴᠢᠮᠦᠭᠡᠨ᠎ᠠᠴᠠ ᠦᠩᠭᠡ᠎ᠶ᠋ᠢᠨ ᠲᠡᠭᠡᠲᠤ ᠲᠣᠰᠣᠯ ᠪᠤᠯᠵᠤ ᠬᠤᠪᠢᠷᠠᠵᠤ ᠢᠷᠡᠳᠡᠭ᠃ ᠲᠡᠭᠡᠪᠡᠯ ᠡᠪᠡᠳᠴᠢᠨ᠎ᠲᠠᠢ ᠬᠦᠮᠦᠨ᠎ᠳᠤ ᠤᠲᠠᠴᠢ ᠪᠤᠷᠬᠠᠨ᠎ᠤ ᠦᠭ᠌ᠬᠦᠭ᠌ᠰᠡᠨ ᠡᠮ ᠪᠤᠯ ᠷᠠᠱᠢᠶᠠᠨ ᠮᠡᠳᠤ ᠬᠦᠮᠦᠨ᠎ᠤ ᠭᠠᠯ᠎ᠤᠨ ᠢᠯᠴᠢ᠎ᠶ᠋ᠢ ᠡᠬᠦᠰᠭᠡᠨ᠎ᠡ᠃ ᠡᠰᠡ ᠱᠢᠩᠭᠡᠭ᠌ᠰᠡᠨ᠎ᠢ ᠱᠢᠩᠭᠡᠭᠡᠨ᠎ᠡ᠂ ᠬᠡᠢ ᠡᠪᠡᠳᠴᠢᠨ᠂ ᠪᠠᠳᠭᠠᠨ ᠡᠪᠡᠳᠴᠢᠨ᠎ᠢ ᠪᠦᠷ ᠠᠮᠤᠷᠠᠭᠤᠯᠬᠤ ᠴᠢᠳᠠᠯ᠎ᠲᠠᠢ᠃ ᠡᠮ᠎ᠤᠨ ᠤᠭᠤᠳᠠ ᠭᠡᠳᠡᠭ ᠪᠤᠯ ᠬᠦᠮᠦᠨ᠎ᠤ ᠬᠤᠲᠤᠭᠤᠲᠤ ᠱᠢᠭ᠋ ᠱᠢᠮ᠎ᠡ ᠪᠦᠬᠦᠨ᠎ᠢ ᠬᠤᠷᠢᠶᠠᠨ ᠠᠪᠤᠭ᠍ᠰᠠᠨ ᠰᠠᠪᠠ ᠪᠤᠯᠤᠨ᠎ᠠ᠃

ᠡᠮ ᠪᠤᠭᠤᠬᠤ᠎ᠳᠤ ᠪᠠᠰᠠ ᠬᠡᠯᠪᠡᠷᠢ᠎ᠲᠠᠢ ᠪᠠᠢᠳᠠᠭ᠃ ᠶᠡᠷᠦ᠎ᠨᠢ ᠵᠢᠷᠭᠤᠭᠠᠨ ᠵᠦᠢᠯ᠎ᠤᠨ ᠪᠤᠭᠤᠬᠤ ᠠᠷᠭ᠎ᠠ ᠪᠤᠢ᠃ ᠴᠢᠨᠠᠬᠤ ᠡᠮ᠎ᠢ ᠪᠦᠬᠡᠷᠡᠩᠬᠡᠢ᠂ ᠲᠡᠭᠡᠷ᠎ᠡ᠎ᠨᠢ ᠮᠤᠰᠭᠢᠵᠤ ᠪᠤᠭᠤᠨ᠎ᠠ᠃ ᠡᠮ ᠪᠤᠴᠠᠯᠬᠤ᠎ᠳᠤ ᠠᠭᠤᠷ᠎ᠨᠢ ᠲᠡᠭᠡᠭ᠌ᠰᠢ᠎ᠪᠠᠨ ᠶᠠᠪᠤᠳᠠᠭ ᠤᠴᠢᠷ᠎ᠠᠴᠠ ᠦᠵᠡᠮᠡᠭ᠌ᠴᠡ ᠴᠢᠨᠠᠳᠠᠭ ᠡᠮ ᠪᠠᠢᠨ᠎ᠠ ᠬᠡᠵᠦ᠍ ᠮᠡᠳᠡᠳᠡᠭ᠃ ᠲᠠᠷᠤᠭᠤᠯᠳᠠᠭ ᠡᠮ᠎ᠢ ᠪᠦᠬᠡᠷᠡᠩᠬᠡᠢ ᠪᠤᠭᠤᠳᠠᠭ᠃ ᠦᠵᠦᠭᠦᠷ ᠰᠡᠡᠴᠢᠭ ᠭᠠᠷᠭᠠᠬᠤ ᠦᠭᠡᠢ᠃ ᠭᠤᠷᠪᠠᠳᠤᠭᠠᠷ ᠠᠷᠭ᠎ᠠ᠎ᠨᠢ ᠬᠤᠶᠠᠳᠤᠭᠠᠷ᠎ᠲᠠᠢ ᠠᠳᠠᠯᠢ ᠪᠤᠯᠪᠠᠴᠤ᠌ ᠬᠠᠵᠠᠭᠤ᠎ᠳᠤᠨᠢ ᠨᠠᠪᠳᠠᠢᠯᠭᠠᠭᠠᠳ ᠪᠤᠭᠤᠴᠢᠬᠠᠭ᠍ᠰᠠᠨ᠂ ᠡᠬᠦᠨ᠎ᠢ ᠭᠤᠷᠪᠠᠳᠤᠭᠠᠷ᠎ᠲᠤ ᠤᠤᠭᠤᠨ᠎ᠠ᠃ ᠲᠦᠷᠪᠡᠳᠦᠭᠡᠷ ᠠᠷᠭ᠎ᠠ᠎ᠨᠢ ᠪᠤᠯ ᠫᠠᠢᠰᠠᠯᠠᠭᠠᠳ ᠭᠤᠤᠯᠲᠤ᠎ᠶ᠋ᠢ᠎ᠨᠢ ᠲᠠᠷᠤᠴᠢᠬᠠᠳᠠᠭ᠃ ᠰᠤᠭ᠍ᠲᠤᠬᠤ ᠡᠮ᠎ᠢ ᠪᠤᠯ ᠬᠡᠪᠳᠡᠭᠡ ᠫᠠᠢᠰᠠ᠂ ᠬᠦᠮᠦᠨ ᠤᠨᠳᠠᠬᠤ᠎ᠳᠠᠭᠠᠨ ᠬᠦᠯ᠎ᠢᠶᠠᠨ ᠵᠢᠭᠢᠳᠡᠭ᠎ᠠᠴᠠ ᠢᠩᠬᠢᠵᠦ᠍ ᠬᠦᠯ᠎ᠢᠶᠠᠨ ᠵᠢᠭᠢᠭ᠌ᠰᠡᠨ ᠱᠢᠭ ᠪᠤᠭᠤᠳᠠᠭ᠂ ᠡᠬᠦᠨ᠎ᠢ ᠬᠦᠮᠦᠨ ᠦᠵᠡᠮᠡᠭ᠌ᠴᠡ ᠰᠤᠭ᠍ᠳᠤᠳᠠᠭ ᠡᠮ ᠪᠠᠢᠨ᠎ᠠ᠂ ᠬᠦᠴᠦ᠍ ᠶᠡᠭᠡ ᠡᠮ ᠪᠠᠢᠨ᠎ᠠ᠂ ᠤᠨᠲᠠᠬᠤ᠎ᠳᠠᠭᠠᠨ ᠤᠤᠭᠤᠨ᠎ᠠ ᠬᠡᠵᠤ ᠮᠡᠳᠡᠳᠡᠭ᠃ ᠶᠡᠷᠤ᠎ᠨᠢ ᠨᠢᠬᠡ ᠡᠳᠦᠷ ᠬᠠᠮᠤᠭ ᠠᠷᠪᠢᠨ᠎ᠳᠠᠭᠠᠨ ᠵᠢᠷᠭᠤᠭ᠎ᠠ ᠣᠳᠠᠭ᠎ᠠ ᠡᠮ ᠤᠤᠭᠤᠵᠤ ᠪᠤᠯᠤᠨ᠎ᠠ᠃ ᠵᠢᠷᠭᠤᠳᠤᠭᠠᠷ᠎ᠨᠢ ᠪᠤᠯ᠂ ᠬᠠᠪᠢᠷᠭ᠎ᠠ᠎ᠳᠤᠨᠢ ᠨᠠᠪᠳᠠᠢᠯᠭᠠᠭᠠᠳ ᠪᠤᠭᠤᠳᠠᠭ᠃ ᠢᠩᠬᠢᠵᠦ᠍ ᠨᠢᠬᠡ ᠡᠳᠦᠷ᠎ᠤᠨ ᠵᠢᠷᠭᠤᠭᠠᠨ ᠤᠳᠠᠭ᠎ᠠ ᠤᠤᠭᠤᠬᠤ ᠡᠮ᠎ᠢ ᠵᠢᠷᠭᠤᠭᠠᠨ ᠶᠠᠩᠵᠤ᠎ᠪᠠᠷ ᠪᠤᠭᠤᠴᠢᠬᠠᠳᠠᠭ᠂ ᠦᠩᠭᠡᠷᠡᠭ᠌ᠰᠡᠨ᠎ᠳᠤ ᠡᠢᠮᠦ᠍ ᠪᠠᠢᠭ᠍ᠰᠠᠨ᠃ ᠤᠳᠤ ᠪᠤᠯ ᠨᠦᠬᠦᠴᠡᠯ ᠰᠠᠢᠵᠢᠷᠠᠭ᠍ᠰᠠᠨ ᠤᠴᠢᠷ᠎ᠠᠴᠠ ᠬᠦᠮᠦᠰ ᠲᠤᠭ᠎ᠠ᠎ᠪᠠᠷ ᠳ᠋ᠤᠭᠠᠷᠯᠠᠭᠠᠳ ᠶᠠᠭᠠᠬᠢᠵᠤ ᠤᠤᠭᠤᠬᠤ᠎ᠶ᠋ᠢ ᠬᠡᠯᠡᠭᠡᠳ ᠦᠭ᠌ᠳᠡᠭ ᠪᠤᠯᠴᠢᠬᠠᠭ᠍ᠰᠠᠨ᠃

ᠠᠨᠠᠭᠠᠬᠤ ᠤᠬᠠᠭᠠᠨ ᠬᠡᠵᠦ᠍ ᠶᠤᠰᠤᠲᠠᠢ ᠬᠦᠨ᠎ᠠᠴᠠ ᠬᠦᠨ ᠤᠬᠠᠭᠠᠨ ᠶᠤᠮ᠃ ᠠᠨᠠᠭᠠᠬᠤ ᠤᠬᠠᠭᠠᠨ᠎ᠢ ᠰᠤᠷᠬᠤ᠎ᠳᠤ ᠠᠷᠭ᠎ᠠ ᠪᠢᠯᠢᠭ᠎ᠢ ᠮᠡᠳᠡᠬᠦ᠌ ᠬᠡᠷᠡᠭ᠌ᠲᠡᠢ᠂ ᠲᠠᠪᠤᠨ ᠮᠠᠬᠠᠪᠤᠳ᠎ᠢ ᠮᠡᠳᠡᠬᠦ᠌ ᠭᠡᠷᠡᠭ᠌ᠲᠡᠢ᠂ ᠵᠢᠷᠭᠤᠭᠠᠨ ᠠᠮᠲᠠ ᠨᠠᠢ᠍ᠮᠡᠨ ᠴᠢᠳᠠᠯ᠂ ᠡᠮ᠎ᠤᠨ ᠬᠤᠷᠢᠨ ᠡᠷᠳᠡᠮ᠎ᠢ ᠰᠤᠷᠣᠮᠠᠨᠵᠢᠨ ᠰᠠᠶᠢ ᠡᠮᠴᠢ ᠪᠤᠯᠳᠠᠭ᠃

ᠮᠠᠨ᠎ᠤ ᠮᠤᠩᠭᠤᠯ ᠬᠦᠮᠦᠨ ᠲᠠᠪᠤᠨ ᠬᠤᠱᠢᠭᠤ ᠮᠠᠯ᠎ᠢᠶᠠᠨ ᠮᠠᠯᠵᠢᠵᠤ᠂ ᠡᠬᠦᠨ᠎ᠠᠴᠠ ᠮᠠᠰᠢ ᠤᠯᠠᠨ ᠲᠤᠷᠱᠢᠯᠭ᠎ᠠ᠎ᠶ᠋ᠢ ᠬᠤᠷᠠᠮᠳᠤᠭᠤᠯᠤᠭ᠍ᠰᠠᠨ ᠪᠠᠢᠳᠠᠭ᠃ ᠵᠢᠱ᠌ᠢᠶᠡᠯᠡᠪᠠᠯ ᠮᠤᠷᠢ ᠤᠨᠤᠭᠠᠨ᠎ᠠᠴᠠ ᠤᠨᠠᠭᠠᠳ ᠲᠠᠷᠢᠬᠢ ᠲᠤᠷᠬᠢᠴᠢᠬᠠᠪᠠᠯ ᠲᠤᠮᠨᠤᠴᠢᠬᠠᠨ᠎ᠠ᠂ ᠬᠡᠦᠬᠡᠳ ᠬᠤᠲᠤᠭᠤᠲᠤ ᠤᠷᠪᠠᠭᠠᠳ ᠪᠦᠬᠡᠯᠵᠢᠵᠤ ᠰᠠᠭᠤᠯᠭᠠᠴᠢᠬᠠᠪᠠᠯ ᠬᠤᠲᠤᠭᠤᠲᠤ᠎ᠶ᠋ᠢ ᠲᠤᠮᠨᠤᠴᠢᠬᠠᠨ᠎ᠠ᠃ ᠡᠮᠡᠭ᠌ᠲᠡᠢ ᠬᠦᠮᠦᠨ ᠬᠦᠨᠲᠤ᠎ᠶ᠋ᠢ ᠡᠷᠬᠦᠬᠦ᠌ ᠪᠤᠶᠤ ᠶᠠᠭᠤᠮᠠᠨ᠎ᠠᠴᠠ ᠤᠨᠠᠭᠠᠳ ᠰᠠᠪᠠ ᠬᠠᠵᠠᠢᠭ᠍ᠰᠠᠨ ᠦᠶ᠎ᠡ᠎ᠳᠤ ᠰᠠᠪᠠ᠎ᠶ᠋ᠢ᠎ᠨᠢ ᠲᠤᠮᠨᠤᠨ᠎ᠠ᠂ ᠬᠤᠲᠤᠭᠤᠲᠤ ᠲᠤᠮᠨᠤᠨ᠎ᠠ᠂ ᠡᠯᠢᠬᠡ ᠲᠤᠮᠨᠤᠨ᠎ᠠ ᠠᠭᠤᠰᠭᠢ ᠲᠤᠮᠨᠤᠨ᠎ᠠ᠂ ᠵᠢᠷᠦᠬᠡ ᠲᠤᠮᠨᠤᠨ᠎ᠠ᠂ ᠡᠨᠡ ᠲᠤᠮ ᠵᠠᠰᠠᠯ ᠬᠡᠵᠦ᠍ ᠨᠢᠳᠦᠨ᠎ᠳᠤ ᠦᠵᠡᠭ᠌ᠳᠡᠬᠦ᠌ ᠦᠬᠡᠢ ᠭᠠᠷ᠎ᠲᠤ ᠪᠠᠷᠢᠭ᠍ᠳᠠᠬᠤ ᠦᠬᠡᠢ ᠪᠤᠯᠪᠠᠴᠤ᠌ ᠷᠢᠳᠢ ᠱᠢᠳᠢ᠎ᠨᠢ ᠲᠠᠯᠡᠬᠡᠢ᠎ᠳᠤ ᠲᠠᠨᠢᠭ᠍ᠳᠠᠭ᠍ᠰᠠᠨ ᠠᠭᠤᠤ ᠶᠡᠭᠡ ᠰᠤᠶᠤᠯ᠂ ᠡᠷᠳᠡᠨᠢ᠎ᠶ᠋ᠢᠨ ᠰᠠᠩ ᠮᠦᠨ ᠬᠡᠵᠦ᠍ ᠦᠵᠡᠳᠡᠭ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号