ᠮᠦᠡᠭ᠌ᠬᠦᠨ ᠡᠳ᠋ᠯᠡᠯ ᠪᠠᠺᠲ᠋ᠧᠷᠢ ᠤᠰᠠᠳᠭᠠᠬᠤ ᠦᠢᠯᠡᠳᠦᠯ᠎ᠲᠠᠢ
2021-09-13 10:38:46
ᠵᠣᠬᠢᠶᠠᠭ᠍ᠴᠢ᠄
ᠪᠦᠷᠢᠨᠪᠠᠶᠠᠷ
ᠣᠩᠱᠢᠭ᠍ᠰᠠᠨ ᠣᠳᠠᠭ᠎ᠠ᠄
★★★☆☆

ᠡᠷᠳᠡ ᠲᠡᠭᠡᠷ᠎ᠡ ᠦᠶ᠎ᠡ᠎ᠠᠴᠠ ᠬᠦᠮᠦᠰ ᠮᠦᠡᠭ᠌ᠬᠦᠨ ᠡᠳ᠋ᠯᠡᠯ ᠬᠡᠷᠡᠭ᠌ᠰᠡᠯ᠂ ᠵᠠᠰᠠᠯ ᠵᠢᠮᠰᠡᠭ᠎ᠢ ᠲᠦᠭᠡᠮᠡᠯ ᠬᠡᠷᠡᠭ᠌ᠯᠡᠭ᠌ᠰᠡᠭᠡᠷ ᠢᠷᠡᠭ᠌ᠰᠡᠨ ᠶᠤᠮ᠃ ᠡᠬᠦᠨ᠎ᠳᠤ ᠮᠤᠩᠭᠤᠯᠴᠤᠳ᠎ᠤᠨ ᠦᠷᠭᠡᠨ ᠬᠡᠷᠡᠭ᠌ᠯᠡᠳᠡᠭ ᠮᠦᠡᠭ᠌ᠭᠦᠨ ᠡᠳ᠋ᠯᠡᠯ ᠬᠡᠷᠡᠭ᠌ᠰᠡᠯ᠎ᠢᠶᠠᠷ ᠵᠢᠱ᠌ᠢᠶᠡᠯᠡᠬᠦ᠌᠎ᠳᠤ ᠭᠤᠤᠯᠳᠠᠭᠤ ᠮᠦᠡᠭ᠌ᠬᠦᠨ ᠠᠶᠠᠭ᠎ᠠ᠂ ᠮᠦᠡᠭ᠌ᠭᠦᠨ ᠬᠤᠨᠳᠠᠭ᠎ᠠ᠂ ᠮᠦᠡᠭ᠌ᠭᠦᠨ ᠲᠠᠪᠠᠭ᠂ ᠮᠦᠡᠭ᠌ᠭᠦᠨ ᠬᠠᠯᠪᠠᠭ᠎ᠠ᠂ ᠮᠦᠡᠭ᠌ᠭᠦᠨ ᠰᠠᠪᠬ᠎ᠠ᠂ ᠮᠦᠡᠭ᠌ᠭᠦᠨ ᠬᠢᠳᠤᠭ᠎ᠠ ᠬᠡᠬᠦ᠌ ᠮᠡᠳᠦᠴᠢᠯᠡᠨ ᠤᠯᠠᠨ ᠪᠠᠢᠳᠠᠭ ᠪᠤᠯ ᠵᠠᠰᠠᠯ ᠵᠢᠮᠰᠡᠭ᠎ᠤᠨ ᠬᠤᠪᠢ᠎ᠳᠤ ᠲᠤᠯᠤᠭᠠᠢ᠎ᠶ᠋ᠢᠨ ᠵᠠᠰᠠᠯ᠎ᠠᠴᠠ ᠡᠬᠢᠯᠡᠭᠡᠳ ᠮᠦᠡᠭ᠌ᠭᠦᠨ ᠡᠭᠡᠮᠦᠭ ᠪᠦᠭᠡᠵᠢ᠂ ᠮᠦᠡᠭ᠌ᠭᠦᠨ ᠰᠤᠨᠳᠤᠷ᠂ ᠮᠦᠡᠭ᠌ᠭᠦᠨ ᠪᠠᠭᠤᠤ ᠭᠡᠳ ᠪᠠᠰᠠ ᠤᠯᠠᠨ ᠲᠦᠷᠦᠯ ᠪᠤᠢ᠃ ᠮᠦᠡᠭ᠌ᠭᠦᠨ᠎ᠤ ᠵᠦᠢᠯᠡᠰ᠎ᠨᠢ ᠬᠦᠮᠦᠨ᠎ᠢ ᠤᠯᠠᠮ ᠡᠷᠬᠢᠮᠰᠦᠭ ᠭᠤᠸ᠎ᠠ ᠬᠠᠷᠠᠭ᠍ᠳᠠᠭᠤᠯᠬᠤ ᠮᠦᠷᠳᠡᠭᠡᠨ ᠲᠡᠭᠦᠨ᠎ᠳᠤ ᠪᠠᠺᠲ᠋ᠧᠷᠢ ᠠᠯᠠᠬᠤ᠂ ᠬᠤᠤᠷ ᠲᠠᠨᠢᠬᠤ᠂ ᠶᠠᠰᠦ ᠬᠠᠮᠠᠭᠠᠯᠠᠬᠤ ᠵᠡᠷᠭᠡ ᠪᠡᠶ᠎ᠡ᠎ᠶ᠋ᠢᠨ ᠡᠷᠡᠬᠦᠯ ᠮᠡᠨᠳᠦ᠎ᠳᠤ ᠠᠴᠢ ᠲᠤᠰᠠ᠎ᠲᠠᠢ ᠱᠢᠨᠵᠢᠯᠡᠬᠦ᠌ ᠤᠬᠠᠭᠠᠨᠴᠢ ᠴᠢᠨᠠᠷ ᠤᠷᠤᠱᠢᠳᠠᠭ᠃

ᠴᠡᠭᠡ᠎ᠶ᠋ᠢ ᠮᠦᠡᠭ᠌ᠭᠦᠨ ᠠᠶᠠᠭᠠᠨ᠎ᠳᠤ ᠬᠢᠪᠡᠯ᠂ ᠱᠢᠨ᠎ᠡ ᠰᠤᠷᠭᠤᠭ᠎ᠢ᠎ᠨᠢ ᠪᠠᠳᠤᠯᠠᠳᠠᠭ᠃ ᠡᠨᠡ᠎ᠨᠢ ᠲᠠᠷᠤᠢ ᠮᠦᠡᠭ᠌ᠭᠦᠨ᠎ᠳᠤ ᠪᠠᠺᠲ᠋ᠧᠷᠢ ᠤᠰᠠᠳᠭᠠᠬᠤ ᠦᠢᠯᠡᠳᠦᠯ᠎ᠲᠠᠢ ᠭᠡᠳᠡᠭ᠎ᠢ ᠬᠠᠷᠠᠭᠤᠯᠵᠤ ᠪᠠᠢᠭ᠎ᠠ ᠨᠢᠭᠡ ᠵᠢᠱ᠌ᠢᠶ᠎ᠡ ᠶᠤᠮ᠃ ᠲᠤᠰᠭᠠᠢ ᠮᠡᠷᠭᠡᠵᠢᠯᠳᠡᠳ ᠰᠤᠳᠤᠯᠭᠠᠨ᠎ᠢᠶᠠᠷ ᠲᠠᠮᠵᠢᠨ ᠡᠩ᠎ᠤᠨ ᠡᠪᠡᠳᠴᠢᠨ ᠡᠰᠡᠷᠬᠦᠴᠡᠬᠦ᠌ ᠡᠯᠧᠮᠧᠨ᠋ᠲ᠎ᠨᠢ ᠵᠢᠷᠭᠤᠭᠠᠨ ᠵᠦᠢᠯ᠎ᠤᠨ ᠠᠳᠠᠯᠢ ᠪᠤᠰᠤ ᠡᠪᠡᠳᠴᠢᠨ᠎ᠤ ᠡᠬᠦᠰᠪᠦᠷᠢ ᠴᠤᠭ᠍ᠴᠠ᠎ᠶ᠋ᠢ ᠤᠰᠠᠳᠭᠠᠵᠤ ᠴᠢᠳᠠᠳᠠᠭ ᠪᠤᠯ ᠮᠦᠡᠭ᠌ᠬᠦ ᠠᠭᠤᠯᠤᠭ᠍ᠰᠠᠨ ᠡᠪᠡᠳᠴᠢᠨ᠎ᠢ ᠡᠰᠡᠷᠬᠦᠴᠡᠬᠦ᠌ ᠡᠯᠧᠮᠧᠨ᠋ᠲ᠎ᠨᠢ ᠬᠠᠷᠢᠨ 650 ᠵᠦᠢᠯ᠎ᠠᠴᠠ ᠲᠡᠭᠡᠭ᠌ᠰᠢᠬᠢ ᠡᠪᠡᠳᠴᠢᠨ᠎ᠤ ᠡᠬᠦᠰᠪᠦᠷᠢ ᠴᠤᠭ᠍ᠴᠠ᠎ᠶ᠋ᠢ ᠤᠰᠠᠳᠭᠠᠳᠠᠭ ᠭᠡᠵᠤ ᠬᠡᠷᠡᠴᠢᠯᠡᠭ᠌ᠰᠡᠨ ᠶᠤᠮ᠃ ᠡᠢᠨ ᠬᠦ᠌ ᠮᠦᠡᠭ᠌ᠭᠦᠨ ᠠᠶᠠᠭ᠎ᠠ ᠰᠠᠪᠬ᠎ᠠ᠎ᠶ᠋ᠢ ᠦᠷᠬᠦᠯᠵᠢ ᠡᠳ᠋ᠯᠡᠵᠤ ᠬᠡᠷᠡᠭ᠌ᠯᠡᠬᠦ᠌᠎ᠨᠢ ᠬᠤᠳᠤᠭᠤᠳᠤ ᠬᠡᠳᠡᠰᠦ᠎ᠶ᠋ᠢ ᠠᠷᠢᠭᠤᠳᠭᠠᠨ ᠠᠯᠢᠪᠠ ᠡᠪᠡᠳᠴᠢᠨ ᠡᠬᠦᠰᠭᠡᠭ᠌ᠴᠢ ᠨᠢᠶᠠᠨ ᠪᠢᠴᠢᠯ ᠡᠯᠧᠮᠧᠨ᠋ᠲ᠎ᠢ ᠤᠰᠠᠳᠭᠠᠬᠤ ᠦᠢᠯᠡᠳᠦᠯ᠎ᠲᠠᠢ ᠪᠠᠢᠳᠠᠭ᠃ ᠲᠡᠭᠡᠪᠡᠯ ᠮᠦᠡᠭ᠌ᠬᠦᠨ᠎ᠤ ᠬᠤᠤᠷ᠎ᠢ ᠲᠠᠨᠢᠬᠤ ᠦᠢᠯᠡᠳᠦᠯ᠎ᠤᠨ ᠲᠠᠯ᠎ᠠ᠎ᠪᠠᠷ ᠪᠢᠳᠡ ᠨᠡᠩ ᠴᠦ᠍ ᠠᠨᠳᠠᠬᠤ ᠦᠭᠡᠢ ᠰᠠᠢᠨ ᠮᠡᠳᠡᠳᠡᠭ᠃ ᠡᠷᠳᠡ ᠦᠶ᠎ᠡ᠎ᠠᠴᠠ ᠬᠦᠮᠦᠰ ᠭᠤᠤᠯᠳᠠᠭᠤ ᠮᠦᠡᠭ᠌ᠬᠦᠨ ᠠᠶᠠᠭ᠎ᠠ ᠰᠠᠪᠬ᠎ᠠ᠂ ᠮᠦᠡᠭ᠌ᠬᠦᠨ ᠰᠠᠪᠠ ᠰᠠᠭᠤᠯᠠᠭ᠎ᠠ ᠵᠡᠷᠭᠡ᠎ᠶ᠋ᠢ ᠬᠡᠷᠡᠭ᠌ᠯᠡᠵᠤ᠂ ᠢᠳᠡᠭᠡᠨ ᠤᠮᠳᠠᠭᠠᠨ᠎ᠳᠤ ᠬᠦᠷᠦᠯᠴᠡᠭ᠌ᠰᠡᠨ ᠮᠦᠡᠭ᠌ᠭᠦᠨ᠎ᠤ ᠦᠡᠭ᠌ᠭᠡ ᠬᠤᠪᠢᠷᠠᠪᠠᠯ ᠬᠤᠤᠷ᠎ᠲᠠᠢ ᠭᠡᠵᠤ ᠱᠢᠯᠭᠠᠨ ᠲᠠᠨᠢᠳᠠᠭ ᠪᠠᠢᠨ᠎ᠠ᠃

ᠲᠠᠭᠠᠤ᠎ᠳᠤᠨᠢ ᠶᠠᠷᠢᠬᠤ᠎ᠳᠤ᠂ ᠭᠤᠪᠢ ᠨᠤᠳᠤᠭ᠎ᠲᠤ ᠤᠷᠤᠱᠢᠨ ᠠᠮᠢᠳᠤᠷᠠᠳᠠᠭ ᠬᠦᠮᠦᠰ ᠤᠰᠤᠨ ᠭᠠᠩ᠎ᠤᠨ᠎ᠢᠶᠠᠨ ᠢᠷᠤᠭᠠᠷ᠎ᠲᠤ ᠬᠡᠰᠡᠭ ᠮᠦᠡᠭ᠌ᠬᠦ ᠲᠠᠯᠪᠢᠳᠠᠭ᠃ ᠢᠡᠭ᠌ᠬᠢᠵᠤ ᠮᠦᠡᠭ᠌ᠬᠦ ᠬᠢᠭ᠌ᠰᠡᠨ᠎ᠢᠶᠠᠷ ᠵᠤᠨ᠎ᠤ ᠬᠠᠯᠠᠭᠤᠨ᠎ᠳᠤ ᠤᠰᠤ᠎ᠨᠢ ᠦᠨᠦᠷ ᠤᠷᠤᠬᠤ ᠦᠭᠡᠢ ᠪᠠᠢᠳᠠᠭ ᠭᠡᠨ᠎ᠡ᠃

ᠮᠦᠡᠭ᠌ᠭᠦᠨ᠎ᠤ ᠤᠯᠠᠨ ᠲᠠᠪᠠᠭᠤᠯᠢᠭ ᠴᠢᠨᠠᠷ᠎ᠢ ᠠᠯᠢ ᠡᠷᠳᠡ ᠲᠠᠨᠢᠵᠤ ᠮᠡᠳᠡᠷᠡᠨ᠂ ᠠᠮᠢᠳᠤᠷᠠᠯ ᠠᠬᠤᠢ᠎ᠳᠠᠭᠠᠨ ᠵᠤᠬᠢᠴᠠᠭᠤᠯᠤᠨ ᠬᠡᠷᠡᠭ᠌ᠯᠡᠵᠤ ᠢᠷᠡᠭ᠌ᠰᠡᠨ᠎ᠨᠢ ᠪᠢᠳᠡᠨ᠎ᠤ ᠡᠪᠦᠭᠡ ᠲᠡᠭᠡᠳᠦᠰ᠎ᠤᠨ ᠭᠡᠭᠡᠨ ᠮᠡᠷᠭᠡᠨ ᠤᠢ ᠤᠬᠠᠭᠠᠨ ᠪᠤᠶᠤ᠃ ᠬᠡᠪᠡᠴᠦ᠍ ᠡᠨᠡ ᠬᠦ᠌ ᠤᠯᠠᠮᠵᠢᠯᠠᠯ᠎ᠨᠢ ᠠᠯᠭᠤᠷ ᠠᠭᠠᠵᠢᠮ᠎ᠢᠶᠠᠷ ᠭᠡᠭᠡᠭ᠌ᠳᠡᠨ ᠤᠷᠬᠢᠭ᠍ᠳᠠᠭ᠍ᠰᠠᠭᠠᠷ ᠪᠠᠢᠵᠤ᠂ ᠮᠦᠡᠭ᠌ᠬᠦ᠎ᠶ᠋ᠢ ᠤᠤᠯ ᠱᠢᠬ ᠬᠦᠨᠳᠦᠳᠭᠡᠨ ᠦᠷᠭᠡᠨ᠎ᠢᠶᠠᠷ ᠬᠡᠷᠡᠭ᠌ᠯᠡᠬᠦ᠌ ᠦᠬᠡᠢ ᠪᠤᠯᠵᠠᠢ᠃ ᠡᠢᠮᠦ᠎ᠠᠴᠠ ᠮᠦᠡᠭ᠌ᠭᠦᠨ᠎ᠤ ᠦᠢᠯᠡᠳᠦᠯ ᠬᠡᠷᠡᠭ᠌ᠴᠡᠭᠡ᠎ᠶ᠋ᠢ ᠱᠢᠨᠵᠢᠯᠡᠬᠦ᠌ ᠤᠬᠠᠭᠠᠨ᠎ᠢᠶᠠᠷ ᠰᠤᠳᠤᠯᠤᠨ ᠱᠢᠨᠵᠢᠯᠡᠵᠤ᠂ ᠨᠡᠩ ᠤᠯᠠᠨ ᠬᠦᠮᠦᠰ᠎ᠲᠤ ᠤᠢ᠍ᠢᠯᠠᠭᠠᠭᠤᠯᠤᠨ ᠲᠠᠨᠢᠭᠤᠯᠪᠠᠯ ᠵᠤᠬᠢᠰᠳᠠᠢ ᠶᠤᠮ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号